ᠠᠵᠢᠨᠠᠢ ᠬᠦᠯᠦᠭ ᠲᠠᠢ ᠵᠠᠶᠠᠭ᠎ᠠ ᠪᠠᠨ ᠬᠤᠯᠪᠤᠭᠰᠠᠨ  — ᠠᠳᠣᠭᠤᠴᠢᠨ ᠪᠦᠰᠡᠭᠦᠢ ᠣᠳᠣᠨᠴᠡᠴᠡᠭ ᠢ ᠰᠣᠷᠪᠤᠯᠵᠢᠯᠠᠭᠰᠠᠨ ᠨᠢ
ᠨᠡᠶᠢᠲᠡᠯᠡᠭᠰᠡᠨ ᠴᠠᠭ᠄
2025/5/7
                 ᠪᠠᠶᠠᠨ ᠨᠠᠭᠤᠷ ᠤᠨ ᠡᠳᠦᠷ ᠤᠨ ᠰᠣᠨᠢᠨ ᠤ ᠬᠤᠷᠢᠶᠠᠨ ᠤ ᠬᠠᠮ ᠵᠠᠭᠤᠴᠢᠯᠠᠭᠤᠷ ᠤᠨ ᠰᠣᠷᠪᠤᠯᠵᠢᠯᠠᠭᠴᠢ ᠄ ᠬᠠ᠊᠂ ᠰᠠᠴᠣᠷᠠ                  ᠭᠡᠷᠡᠯ ᠵᠢᠷᠤᠭ᠄  ᠴᠡᠭᠴᠡᠤᠬᠡᠢ    ᠴᠢᠮᠠᠳ     ︽ᠮᠣᠩᠭᠤᠯ ᠮᠣᠷᠢ ᠮᠣᠯᠣᠷ ᠡᠷᠳᠡᠨᠢ︾ ᠭᠡᠭᠴᠢ ᠪᠠᠷ ᠤᠷᠠᠳᠴᠣᠳ ᠮᠠᠨᠢ ᠡᠷᠲᠡ ᠳᠡᠭᠡᠲᠦ ᠦᠶ᠎ᠡ ᠠᠴᠠ ᠡᠬᠢᠯᠠᠨ᠂ ᠲᠠᠪᠤᠨ ᠬᠤᠰᠢᠭᠤ ᠮᠠᠯ ᠢᠶᠠᠨ ᠲᠠᠪᠠᠲᠠᠢ ᠰᠠᠶᠢᠬᠠᠨ ᠦᠰᠭᠡᠵᠦ᠂ ᠠᠳᠣᠭᠤᠨ ᠰᠦᠷᠦᠭ ᠤᠨ ᠬᠡᠰᠢᠭ ᠢᠶᠠᠷ ᠠᠵᠤ ᠲᠦᠷᠦᠨ ᠠᠮᠢᠳᠤᠷᠠᠭᠰᠠᠭᠠᠷ ᠢᠷᠡᠭᠰᠡᠨ ᠶᠤᠮ᠃ ᠣᠶᠢᠷ᠎ᠠ ᠶᠢᠨ ᠵᠢᠯ ᠠᠴᠠ ᠠᠳᠣᠭᠤᠨ ᠳᠤ ᠲᠤᠷᠠᠲᠠᠢ ᠬᠦᠮᠦᠰ ᠤᠨ ᠬᠠᠮᠲᠤ ᠶᠢᠨ ᠴᠢᠷᠮᠠᠶᠢᠯᠭ᠎ᠠ ᠪᠠᠷ ᠤᠷᠠᠳ ᠨᠤᠲᠤᠭ ᠤᠨ ᠠᠳᠣᠭᠤᠨ ᠰᠣᠶᠣᠯ ᠬᠦᠭᠵᠢᠯᠲᠡ ᠶᠢᠨ ᠱᠠᠳᠣᠨ ᠳᠤ ᠣᠷᠤᠵᠤ᠂ ᠡᠮᠡᠭᠲᠠᠢ ᠨᠣᠭᠳᠤᠴᠢᠨ᠂ ᠤᠶᠠᠭᠠᠴᠢ᠂ ᠣᠭᠤᠭᠠᠴᠢ ᠴᠦ ᠨᠡᠯᠢᠶᠡᠳ ᠴᠣᠯᠭᠤᠷᠠᠨ ᠭᠠᠷᠴᠠᠢ᠃ ᠤᠷᠠᠳ ᠡᠮᠡᠭᠲᠠᠶᠢᠴᠣᠳ ᠤᠨ ᠨᠣᠭᠲᠤ ᠲᠠᠯᠪᠢᠬᠤ ᠮᠡᠷᠭᠡᠵᠢᠯ  ᠨᠢ ᠤᠷᠠᠳ ᠨᠣᠲᠤᠭ ᠤᠨ ᠣᠨᠴᠠᠯᠢᠭᠲᠤ ᠰᠣᠶᠣᠯ ᠤᠨ ᠨᠢᠭᠡ ᠪᠤᠯᠤᠭᠰᠠᠨ ᠪᠠᠶᠢᠨ᠎ᠠ᠃ ᠤᠷᠠᠳ ᠨᠤᠲᠤᠭ ᠤᠨ ᠠᠳᠣᠭᠤᠨ ᠰᠣᠶᠣᠯ ᠤᠨ ᠴᠢᠮᠡᠭ ᠪᠤᠯᠤᠭᠰᠠᠨ ᠣᠷ᠎ᠠ ᠠᠪᠢᠶᠠᠰ ᠲᠠᠢ ᠤᠷᠠᠳ ᠪᠦᠰᠡᠭᠦᠶᠢᠴᠣᠳ ᠤᠨ ᠵᠣᠷᠢᠭ ᠰᠦᠯᠳᠡ᠂ ᠵᠣᠯᠪᠤᠭ᠎ᠠ ᠬᠡᠶᠢᠮᠦᠷᠢ ᠶᠢ ᠬᠠᠷᠠᠭᠤᠯᠤᠭᠰᠠᠨ ᠳᠦᠷᠪᠡᠨ ᠬᠦᠮᠦᠨ ᠢ ᠰᠣᠷᠪᠤᠯᠵᠢᠯᠠᠨ ᠪᠢᠴᠢᠪᠡ᠃    ᠠᠭᠳᠠ ᠶᠢᠨ ᠨᠢᠷᠤᠭᠤᠨ ᠳᠤ ᠬᠡᠶᠢᠮᠦᠷᠢ ᠰᠡᠷᠭᠦᠵᠦ᠂ ᠪᠤᠶᠠᠨ ᠵᠠᠶᠠᠭ᠎ᠠ ᠪᠠᠨ ᠮᠤᠷᠢ ᠲᠠᠢ ᠬᠤᠯᠪᠤᠵᠤ᠂ ᠨᠤᠲᠤᠭ ᠣᠰᠤᠨ ᠳᠤ ᠪᠠᠨ ᠨᠡᠷ᠎ᠡ ᠠᠯᠳᠠᠷ ᠢᠶᠠᠨ ᠡᠷᠭᠦᠵᠦ ᠶᠠᠪᠤᠭ᠎ᠠ ᠤᠶᠠᠭᠠᠴᠢᠨ᠂ ᠣᠨᠣᠭᠠᠴᠢᠨ᠂ ᠨᠤᠭᠲᠤᠴᠢᠨ ᠣᠳᠣᠨᠴᠡᠴᠡᠭ ᠪᠣᠯ ᠤᠷᠠᠳ ᠤᠨ ᠲᠤᠮᠳᠠᠳᠤ ᠬᠤᠰᠢᠭᠤᠨ ᠤ  ᠴᠣᠩᠵᠢ ᠰᠣᠮᠣᠨ ᠤ ᠪᠠᠶᠢᠳᠤᠩ ᠭᠠᠴᠠᠭᠠᠨ ᠳᠤ ᠳᠦᠷᠦᠵᠦ ᠦᠰᠦᠨ᠂ ᠣᠳᠤ ᠤᠷᠠᠳ ᠤᠨ ᠬᠤᠶᠢᠲᠤ ᠬᠤᠰᠢᠭᠤᠨ ᠤ ᠪᠠᠶᠠᠨᠴᠢᠨᠳᠠᠮᠤᠨᠢ ᠰᠣᠮᠣᠨ ᠤ ᠪᠠᠶᠠᠨᠬᠤᠰᠢᠭᠤ ᠭᠠᠴᠠᠭᠠᠨ ᠳᠤ ᠠᠵᠤ ᠲᠦᠷᠦᠵᠦ ᠪᠠᠶᠢᠭ᠎ᠠ ᠨᠢᠭᠡᠨ ᠮᠠᠯᠴᠢᠨ ᠪᠦᠰᠡᠬᠦᠢ ᠪᠤᠯᠤᠨ᠎ᠠ᠃    ᠣᠳᠤᠨᠴᠡᠴᠡᠭ ᠤᠨᠠᠭᠠᠨ ᠪᠠᠭ᠎ᠠ ᠨᠠᠰᠤᠨ ᠠᠴᠠ ᠪᠠᠨ ᠮᠠᠯ ᠣᠨᠤᠭ᠎ᠠ ᠲᠠᠢ ᠨᠠᠭᠠᠳᠴᠦ ᠦᠰᠦᠨ᠂ ᠠᠳᠣᠭᠤᠴᠢᠨ ᠠᠪᠤ ᠨᠤᠭᠲᠤᠴᠢᠨ ᠡᠵᠢ ᠶᠢᠨ ᠢᠶᠠᠨ ᠨᠦᠯᠦᠭᠡ ᠪᠠᠷ᠂ ᠠᠬ᠎ᠠ ᠡᠭᠡᠴᠢ ᠪᠠᠨ ᠳᠠᠭᠠᠵᠤ᠂ ᠭᠤᠷᠪᠠᠨ ᠨᠠᠰᠤᠲᠠᠢ ᠠᠴᠠ ᠪᠠᠨ ᠮᠤᠷᠢ ᠣᠨᠣᠵᠣ ᠰᠣᠷᠤᠨ᠂ ᠲᠠᠪᠤᠨ ᠨᠠᠰᠤᠲᠠᠢ ᠠᠴᠠ ᠪᠠᠨ ᠣᠷᠤᠯᠳᠣᠭᠠᠨ ᠤ ᠮᠤᠷᠢ ᠣᠨᠣᠵᠣ ᠳᠠᠪᠬᠢᠭᠤᠯᠤᠨ᠂ ᠠᠷᠪᠠᠨ ᠨᠠᠢᠮᠠᠲᠠᠢ ᠠᠴᠠ ᠪᠠᠨ ᠨᠤᠭᠲᠤ ᠳᠠᠯᠪᠢᠨ᠂ ᠬᠤᠷᠢᠨ ᠬᠡᠳᠦᠲᠡᠢ ᠠᠴᠠ ᠪᠠᠨ ᠡᠮᠨᠢᠭ ᠰᠣᠷᠭᠠᠵᠤ᠂ ᠬᠦᠯᠦᠭ ᠤᠨ ᠨᠢᠷᠤᠭᠤᠨ ᠳᠤ ᠵᠢᠯᠤᠭᠤ ᠳᠠᠯᠪᠢᠨ ᠳᠠᠪᠬᠢᠭᠤᠯᠤᠭᠠᠳ ᠣᠳᠣ ᠪᠤᠯᠵᠠᠢ᠃    ᠣᠳᠣᠨᠴᠡᠴᠡᠭ ᠬᠠᠮᠤᠭ ᠠᠩᠬ᠎ᠠ ᠪᠠᠶᠢᠳᠤᠩ ᠭᠠᠴᠠᠭᠠᠨ ᠤ ᠣᠷᠭᠠᠴᠢᠨ ᠠᠪᠤᠭᠠᠢ ᠶᠢᠨ ᠢᠶᠠᠨ ᠮᠣᠷᠢ ᠶᠢ ᠤᠨᠤᠵᠤ ᠤᠷᠤᠯᠳᠤᠭᠠᠨ ᠳᠤ ᠣᠷᠤᠯᠴᠠᠭᠠᠳ ᠠᠶᠢᠷᠠᠭ ᠤᠨ ᠲᠠᠪᠤ ᠳᠤ ᠣᠷᠤᠭᠰᠠᠨ ᠭᠡᠳᠡᠭ᠃ ᠲᠡᠷᠡ ᠠᠭᠳᠠ ᠶᠢᠨ ᠨᠢᠷᠤᠭᠤᠨ ᠳᠤ ᠠᠯᠠᠪᠬᠢᠨ ᠮᠣᠷᠳᠠᠪᠠᠯ ᠴᠤᠭ ᠪᠠᠳᠠᠷᠠᠵᠤ᠂ ᠰᠠᠨᠠᠭ᠎ᠠ ᠰᠠᠷᠠᠭᠤᠯᠰᠢᠨ᠂ ᠶᠡᠭᠡ ᠪᠠᠭ᠎ᠠ ᠨᠠᠶᠢᠷ ᠨᠠᠭᠠᠳᠤᠮ  ᠢᠶᠠᠷ ᠲᠤᠭ᠎ᠠ ᠦᠭᠡᠢ ᠣᠯᠠᠨ ᠱᠠᠩ ᠳᠤᠰᠴᠣ᠂ ᠢᠷᠠᠭᠤ ᠠᠯᠳᠠᠷ ᠤᠨ ᠮᠧᠳᠠᠯ ᠢᠶᠠᠷ ᠡᠩᠭᠡᠷ ᠢᠶᠠᠨ ᠮᠢᠯᠢᠶᠠᠯᠭᠠᠭᠰᠠᠭᠠᠷ ᠢᠷᠡᠵᠡᠢ᠃ ︽ᠣᠷᠤᠭ᠎ᠠ ᠮᠤᠷᠢ ᠶᠢ ᠤᠷᠭ᠎ᠠ ᠪᠠᠷ᠂ ᠣᠷᠤᠯᠳᠣᠭᠠᠨ ᠤ ᠮᠤᠷᠢ ᠶᠢ ᠤᠶᠠᠭ᠎ᠠ ᠪᠠᠷ︾  ᠭᠡᠳᠡᠭᠴᠢᠯᠡᠨ ᠣᠳᠣᠨᠴᠡᠴᠡᠭ ᠤᠷᠤᠯᠳᠤᠭᠠᠨ ᠤ ᠮᠤᠷᠢ ᠶᠢ ᠤᠨᠤᠵᠤ᠂ ᠶᠡᠭᠡ ᠪᠠᠭ᠎ᠠ ᠠᠳᠣᠭᠤᠨ ᠨᠠᠶᠢᠷ᠂ ᠣᠪᠤᠭᠠᠨ ᠨᠠᠶᠢᠷ  ᠢᠶᠠᠷ ᠠᠶᠢᠷᠠᠭ ᠤᠨ ᠲᠠᠪᠤ ᠳᠤ ᠤᠯᠠᠨᠳᠠ ᠣᠷᠤᠵᠤ᠂ ᠤᠨᠠᠭ᠎ᠠ ᠳᠠᠭ᠎ᠠ ᠪᠠᠨ ᠭᠠᠷᠰᠢᠭᠤᠯᠬᠤ ᠠᠴᠠ ᠡᠬᠢᠯᠡᠭᠡᠳ ᠮᠣᠷᠢᠳ ᠤᠨ ᠤᠶᠠᠭ᠎ᠠ ᠰᠣᠶᠢᠯᠠᠭ᠎ᠠ ᠶᠢ ᠨᠢ ᠳᠠᠭᠠᠷᠠᠭᠤᠯᠬᠤ  ᠳᠤ ᠴᠦ ᠦᠪᠡᠷ ᠤᠨ ᠭᠡᠰᠡᠨ ᠠᠷᠭ᠎ᠠ ᠲᠤᠷᠰᠢᠯᠭ᠎ᠠ ᠲᠠᠢ ᠪᠠᠶᠢᠳᠠᠭ᠃ ᠲᠡᠭᠦᠨ ᠤ ᠰᠣᠷᠭᠠᠭᠰᠠᠨ ᠮᠤᠷᠢ ᠨᠢ ᠴᠦ ᠤᠷᠤᠯᠳᠤᠭᠠᠨ ᠳᠤ ᠤᠷᠤᠯᠴᠠᠭᠠᠳ ᠤᠯᠠᠨᠲᠠ ᠦᠵᠦᠭᠦᠷᠯᠡᠵᠦ ᠪᠠᠶᠢᠵᠠᠢ᠃    2017 ᠣᠨ ᠳᠤ᠂ ᠣᠳᠣᠨᠴᠡᠴᠡᠭ ᠠᠳᠣᠭᠤᠨ ᠨᠠᠶᠢᠷ ᠲᠤ ᠮᠤᠷᠢ ᠨᠤᠭᠲᠤᠯᠠᠵᠤ ᠪᠠᠶᠢᠬᠤ ᠳᠤ ᠪᠠᠨ ᠰᠠᠨᠠᠮᠰᠠᠷ ᠦᠭᠡᠢ ᠮᠤᠷᠢᠨ ᠠᠴᠠ ᠤᠨᠠᠵᠤ ᠭᠠᠷ ᠤᠨ ᠶᠠᠰᠣ  ᠪᠠᠨ ᠭᠡᠮᠳᠦᠭᠡᠪᠡ᠃ ᠭᠡᠪᠡᠴᠦ ︽ᠳᠣᠷ᠎ᠠ ᠳᠤ ᠰᠢᠷ᠎ᠠ ᠦᠭᠡᠢ︾ ᠭᠡᠳᠡᠭ ᠢᠶᠠᠷ ᠲᠡᠷᠡ ᠰᠢᠷᠬ᠎ᠠ ᠪᠠᠨ ᠰᠣᠪᠢᠯᠠᠵᠤ ᠡᠳᠡᠭᠡᠭᠡᠭᠰᠡᠨ ᠬᠤᠶᠢᠨ᠎ᠠ ᠮᠦᠨᠬᠦ ᠬᠡᠪ ᠤᠨ ᠢᠶᠠᠨ ᠰᠢᠭ ᠮᠤᠷᠢ ᠪᠠᠨ ᠤᠨᠤᠵᠤ᠂ ᠡᠮᠨᠢᠭ ᠰᠣᠷᠭᠠᠨ᠂ ᠨᠤᠭᠲᠤ ᠳᠠᠯᠪᠢᠨ᠂ ᠮᠣᠷᠢᠨ ᠨᠢᠷᠤᠭᠤᠨ ᠳᠤ ᠳᠠᠪᠬᠢᠭᠤᠯᠵᠤ ᠶᠠᠪᠤᠨ᠎ᠠ᠃   ᠣᠳᠣᠨᠴᠡᠴᠡᠭ ᠪᠠᠰᠠ ᠨᠢᠭᠡᠨ ᠶᠠᠭᠤᠮ᠎ᠠ ᠪᠦᠬᠦᠨ ᠢ ᠵᠤᠷᠢᠭᠲᠠᠢ ᠪᠠᠷ ᠰᠣᠷᠴᠣ ᠣᠷᠤᠯᠳᠣᠳᠠᠭ ᠰᠣᠷᠮᠠᠭᠠᠢ ᠵᠠᠩ ᠲᠠᠢ ᠭᠠᠪᠰᠢᠭᠠᠢ ᠪᠦᠰᠡᠭᠦᠢ ᠮᠥᠨ᠃ ᠲᠡᠷᠡ ᠰᠣᠯᠠ ᠰᠡᠯᠡᠭᠦᠦ ᠴᠠᠭ ᠢᠶᠠᠨ ᠵᠤᠬᠢᠰᠲᠠᠢ ᠠᠰᠢᠭᠯᠠᠵᠤ᠂ ᠮᠣᠷᠢᠨ ᠤ ᠬᠡᠷᠡᠭᠰᠡᠯ ᠬᠢᠵᠦ ᠬᠤᠳᠠᠯᠳᠤᠭᠠᠳ ᠠᠮᠢᠳᠣᠷᠠᠯ ᠳᠤ ᠪᠠᠨ ᠲᠤᠰᠠ ᠳᠡᠮ ᠦᠵᠡᠭᠦᠯᠳᠡᠭ᠃ ᠲᠡᠷᠡ ᠨᠢᠳᠣᠨᠣᠨ  ᠠᠴᠠ ᠡᠬᠢᠯᠠᠨ ᠲᠡᠮᠡᠭᠡ ᠣᠨᠣᠵᠤ ᠰᠣᠷᠤᠨ᠂ ᠪᠠᠰᠠ ᠬᠡᠲᠦ ᠤᠳᠠᠭᠠᠨ ᠤ ᠲᠡᠮᠡᠭᠡᠨ ᠤᠷᠤᠯᠳᠤᠭᠠᠨ ᠳᠤ ᠤᠷᠤᠯᠴᠠᠭᠠᠳ ᠨᠡᠯᠢᠶᠡᠳ ᠰᠠᠶᠢᠨ ᠬᠢᠷᠢ ᠪᠦᠲᠦᠮᠵᠢ ᠣᠯᠵᠤ᠂ ᠣᠶᠢᠷ᠎ᠠ ᠶᠢᠨ ᠬᠡᠳᠦᠨ ᠵᠢᠯ ᠪᠠᠰᠠ ᠲᠠᠬᠠᠷ ᠪᠦᠮᠪᠦᠭᠡ ᠨᠠᠭᠠᠳᠴᠣ ᠰᠣᠷᠴᠣ ᠪᠤᠢ᠃    ᠮᠣᠷᠢᠨ ᠤ ᠲᠤᠬᠠᠢ ᠶᠠᠷᠢᠬᠤ ᠳᠤ ᠣᠳᠤᠨᠴᠡᠴᠡᠭ ᠶᠠᠷᠦ ᠨᠢ ᠶᠠᠷᠢᠭᠠᠳ ᠪᠠᠷᠠᠬᠤ ᠦᠭᠡᠢ ᠦᠭᠡ ᠲᠠᠢ᠂ ᠬᠤᠪᠢᠶᠠᠯᠴᠠᠭᠠᠳ ᠳᠠᠭᠤᠰᠬᠤ ᠦᠭᠡᠢ ᠲᠤᠷᠰᠢᠯᠭ᠎ᠠ ᠲᠠᠢ ᠪᠠᠶᠢᠯ᠎ᠠ᠃ ᠡᠶᠢᠨᠬᠦ ᠠᠳᠣᠭᠤᠨ ᠰᠣᠶᠣᠯ ᠳᠤ ᠪᠠᠨ ᠠᠷᠭ᠎ᠠ ᠦᠭᠡᠢ ᠬᠠᠶᠢᠷᠠᠲᠠᠢ ᠣᠳᠣᠨᠴᠡᠴᠡᠭ ᠤᠨ ᠬᠤᠶᠠᠷ ᠬᠡᠤᠬᠡᠳ ᠨᠢ ᠴᠤ ᠲᠡᠭᠦᠨ ᠤ ᠨᠦᠯᠦᠭᠡᠨ ᠳᠣᠣᠷ᠎ᠠ ᠮᠣᠷᠢ ᠣᠨᠣᠬᠤ ᠲᠣᠷᠠᠲᠠᠢ ᠪᠤᠯᠵᠤ᠂ ᠬᠦᠦ ᠨᠢ ᠪᠠᠭ᠎ᠠ ᠳᠤ ᠪᠠᠨ ᠤᠯᠠᠨᠲᠠ ᠤᠷᠤᠯᠳᠤᠭᠠᠨ ᠤ ᠮᠤᠷᠢ ᠤᠨᠤᠵᠤ ᠳᠠᠪᠬᠢᠭᠤᠯᠤᠨ ᠤᠯᠠᠨ ᠱᠠᠩ ᠳᠣᠰᠴᠤ᠂ ᠦᠬᠢᠨ ᠨᠢ ᠴᠦ ᠬᠤᠶᠠᠷ ᠭᠤᠷᠪᠠᠨ ᠨᠠᠰᠣᠲᠠᠢ ᠠᠴᠠ ᠪᠠᠨ ᠡᠬᠢᠯᠡᠨ ᠮᠤᠷᠢ ᠤᠨᠤᠵᠤ᠂ ᠮᠣᠷᠢᠨ ᠳᠤ ᠪᠠᠭ᠋ᠠᠲᠠᠢ ᠬᠡᠤᠬᠡᠳ ᠪᠤᠯᠵᠠᠢ᠃    ᠣᠳᠣᠨᠴᠡᠴᠡᠭ ᠶᠡᠷᠦ ᠨᠢ ᠠᠷᠭ᠎ᠠ ᠲᠤᠷᠰᠢᠯᠭ᠎ᠠ ᠪᠠᠨ ᠬᠠᠷᠠᠮᠨᠠᠬᠤ ᠦᠭᠡᠢ᠂ ᠡᠷᠬᠢᠨ ᠲᠤᠭᠤᠷᠢᠨ ᠤ ᠪᠠᠨ ᠤᠶᠠᠭᠠᠴᠢᠨ᠂ ᠣᠨᠣᠭᠠᠴᠢᠨ᠂ ᠨᠤᠭᠲᠤᠴᠢᠳ ᠲᠠᠢ ᠬᠠᠷᠢᠯᠴᠠᠨ ᠰᠣᠯᠢᠯᠴᠠᠨ᠂ ᠵᠠᠯᠠᠭᠤ ᠨᠢᠭᠡ ᠦᠶ᠎ᠡ ᠶᠢᠨ ᠬᠢᠨ ᠳᠤ ᠬᠤᠷᠠᠮᠳᠣᠭᠤᠯᠣᠭᠰᠠᠨ ᠳᠤᠷᠰᠢᠯᠭ᠎ᠠ ᠪᠠᠨ ᠬᠠᠷᠠᠮ ᠦᠭᠡᠢ ᠬᠤᠪᠢᠶᠠᠯᠴᠠᠳᠠᠭ᠃    ᠮᠠᠯᠴᠢᠨ ᠵᠠᠶᠠᠭ᠎ᠠ ᠪᠠᠨ ᠳᠡᠭᠡᠳᠦᠯᠡᠵᠦ᠂ ᠮᠣᠷᠢᠨ ᠨᠢᠷᠤᠭᠤᠨ ᠳᠡᠭᠡᠷ᠎ᠡ ᠠᠮᠵᠢᠯᠲᠠ ᠬᠤᠷᠤᠶᠢᠯᠠᠵᠤ ᠶᠠᠪᠤᠭ᠎ᠠ ᠬᠡᠶᠢᠮᠦᠷᠢ ᠲᠠᠢ ᠪᠦᠰᠡᠭᠦᠢ ᠣᠳᠤᠨᠴᠡᠴᠡᠭ ᠤᠨ ᠠᠭᠳᠠ  ᠶᠢᠨ ᠨᠢᠷᠤᠭᠤᠨ ᠳᠤ ᠭᠠᠨᠵᠤᠭ᠎ᠠ ᠲᠦᠭᠦᠷᠡᠩ ᠶᠠᠪᠤᠵᠤ᠂ ᠦᠨᠳᠦᠷ ᠠᠮᠵᠢᠯᠲᠠ ᠣᠯᠬᠤ ᠶᠢ ᠬᠦᠰᠡᠶ᠎ᠡ᠃
1.jpg
3.jpg
4.jpg
6.jpg
9.jpg
                                                                                                   ᠪᠠᠶᠠᠨ ᠨᠠᠭᠤᠷ ᠤᠨ ᠡᠳᠦᠷ ᠤᠨ ᠰᠣᠨᠢᠨ ᠠᠴᠠ ᠪᠠᠭᠤᠯᠭᠠᠪᠠ
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ