ᠪᠠᠶᠠᠨ ᠨᠠᠭᠤᠷ ᠤᠨ ᠡᠳᠦᠷ ᠤᠨ ᠰᠣᠨᠢᠨ ᠤ ᠬᠤᠷᠢᠶᠠᠨ ᠤ ᠬᠠᠮ ᠵᠠᠭᠤᠴᠢᠯᠠᠭᠤᠷ ᠤᠨ ᠰᠣᠷᠪᠤᠯᠵᠢᠯᠠᠭᠴᠢ᠄ ᠯᠢᠩ ᠰᠢᠶᠦ᠋ᠩ | ᠭᠡᠷᠡᠯ ᠵᠢᠷᠤᠭ᠄ ᠴᠡᠭᠴᠡᠤᠬᠡᠢ ᠤᠷᠠᠨᠳᠣᠭᠤᠰ | ︽ᠮᠣᠩᠭᠤᠯ ᠮᠣᠷᠢ ᠮᠣᠯᠣᠷ ᠡᠷᠳᠡᠨᠢ︾ ᠭᠡᠭᠴᠢ ᠪᠠᠷ ᠤᠷᠠᠳᠴᠣᠳ ᠮᠠᠨᠢ ᠡᠷᠲᠡ ᠳᠡᠭᠡᠲᠦ ᠦᠶ᠎ᠡ ᠠᠴᠠ ᠡᠬᠢᠯᠠᠨ᠂ ᠲᠠᠪᠤᠨ ᠬᠤᠰᠢᠭᠤ ᠮᠠᠯ ᠢᠶᠠᠨ ᠲᠠᠪᠠᠲᠠᠢ | ᠰᠠᠶᠢᠬᠠᠨ ᠦᠰᠭᠡᠵᠦ᠂ ᠠᠳᠣᠭᠤᠨ ᠰᠦᠷᠦᠭ ᠤᠨ ᠬᠡᠰᠢᠭ ᠢᠶᠠᠷ ᠠᠵᠤ ᠲᠦᠷᠦᠨ ᠠᠮᠢᠳᠤᠷᠠᠭᠰᠠᠭᠠᠷ ᠢᠷᠡᠭᠰᠡᠨ ᠶᠤᠮ᠃ ᠣᠶᠢᠷ᠎ᠠ ᠶᠢᠨ ᠵᠢᠯ ᠠᠴᠠ ᠠᠳᠣᠭᠤᠨ ᠳᠤ | ᠲᠤᠷᠠᠲᠠᠢ ᠬᠦᠮᠦᠰ ᠤᠨ ᠬᠠᠮᠲᠤ ᠶᠢᠨ ᠴᠢᠷᠮᠠᠶᠢᠯᠭ᠎ᠠ ᠪᠠᠷ ᠤᠷᠠᠳ ᠨᠤᠲᠤᠭ ᠤᠨ ᠠᠳᠣᠭᠤᠨ ᠰᠣᠶᠣᠯ ᠬᠦᠭᠵᠢᠯᠲᠡ ᠶᠢᠨ ᠱᠠᠳᠣᠨ ᠳᠤ ᠣᠷᠤᠵᠤ᠂ ᠡᠮᠡᠭᠲᠠᠢ ᠨᠣᠭᠳᠤᠴᠢᠨ᠂ | ᠤᠶᠠᠭᠠᠴᠢ᠂ ᠣᠭᠤᠭᠠᠴᠢ ᠴᠦ ᠨᠡᠯᠢᠶᠡᠳ ᠴᠣᠯᠭᠤᠷᠠᠨ ᠭᠠᠷᠴᠠᠢ᠃ ᠤᠷᠠᠳ ᠡᠮᠡᠭᠲᠠᠶᠢᠴᠣᠳ ᠤᠨ ᠨᠣᠭᠲᠤ ᠲᠠᠯᠪᠢᠬᠤ ᠮᠡᠷᠭᠡᠵᠢᠯ ᠨᠢ ᠤᠷᠠᠳ ᠨᠣᠲᠤᠭ ᠤᠨ ᠣᠨᠴᠠᠯᠢᠭᠲᠤ | ᠰᠣᠶᠣᠯ ᠤᠨ ᠨᠢᠭᠡ ᠪᠤᠯᠤᠭᠰᠠᠨ ᠪᠠᠶᠢᠨ᠎ᠠ᠃ ᠤᠷᠠᠳ ᠨᠤᠲᠤᠭ ᠤᠨ ᠠᠳᠣᠭᠤᠨ ᠰᠣᠶᠣᠯ ᠤᠨ ᠴᠢᠮᠡᠭ ᠪᠤᠯᠤᠭᠰᠠᠨ ᠣᠷ᠎ᠠ ᠠᠪᠢᠶᠠᠰ ᠲᠠᠢ ᠤᠷᠠᠳ ᠪᠦᠰᠡᠭᠦᠶᠢᠴᠣᠳ ᠤᠨ | ᠵᠣᠷᠢᠭ ᠰᠦᠯᠳᠡ᠂ ᠵᠣᠯᠪᠤᠭ᠎ᠠ ᠬᠡᠶᠢᠮᠦᠷᠢ ᠶᠢ ᠬᠠᠷᠠᠭᠤᠯᠤᠭᠰᠠᠨ ᠳᠦᠷᠪᠡᠨ ᠬᠦᠮᠦᠨ ᠢ ᠰᠣᠷᠪᠤᠯᠵᠢᠯᠠᠨ ᠪᠢᠴᠢᠪᠡ᠃ | ᠤᠷᠤᠯᠳᠤᠭᠠᠨ ᠤ ᠮᠣᠷᠢ ᠤᠨᠤᠬᠤ᠂ ᠨᠣᠭᠲᠤ ᠳᠠᠯᠪᠢᠬᠤ᠂ ᠮᠤᠷᠢᠨ ᠳᠡᠭᠡᠷ᠎ᠡ ᠠᠴᠠ ᠨᠠᠮᠨᠠᠬᠤ ᠵᠡᠷᠭᠡ ᠮᠣᠷᠢ ᠲᠠᠢ ᠬᠤᠯᠪᠤᠭᠳᠠᠭᠰᠠᠨ ᠵᠠᠩ ᠦᠢᠯᠡ ᠳᠤ ᠲᠤᠷ᠎ᠠ ᠪᠠᠬ᠎ᠠ | ᠲᠠᠢ᠂ 1995 ᠣᠨ ᠳᠤ ᠲᠦᠷᠦᠭᠰᠡᠨ ᠵᠠᠯᠠᠭᠤ ᠨᠤᠭᠳᠤᠴᠢᠨ ᠳᠤᠷᠤᠨ᠎ᠠ ᠬᠦᠮᠦᠰ ᠤᠨ ᠠᠩᠬᠠᠷᠤᠯ ᠢ ᠣᠨᠴᠠ ᠳᠠᠳᠠᠨ᠎ᠠ᠂ ᠲᠡᠷᠡ ᠪᠣᠯ ᠤᠷᠠᠳ ᠤᠨ ᠲᠤᠮᠳᠠᠳᠤ | ᠬᠤᠰᠢᠭᠤᠨ ᠤ ᠭᠠᠭᠴᠠᠮᠤᠳᠤ ᠪᠠᠯᠭᠠᠰᠣᠨ ᠤ ᠮᠠᠯᠴᠢᠨ ᠲᠦᠮᠡᠨᠰᠠᠷᠠ ᠪᠤᠯᠤᠨ ᠪᠤᠤ ᠷᠦᠩ ᠬᠤᠶᠠᠭᠤᠯᠠ ᠶᠢᠨ ᠦᠬᠢᠨ ᠪᠦᠭᠡᠳ ᠳᠡᠳᠡᠨ ᠤ ᠣᠮᠣᠭᠰᠢᠯ ᠨᠢ ᠪᠤᠯᠤᠨ᠎ᠠ᠃ | ᠲᠡᠷᠡ 2013 ᠣᠨ ᠳᠤ ᠬᠦᠬᠡᠬᠤᠳᠠ ᠦᠨᠳᠦᠰᠦᠲᠡᠨ ᠤ ᠳᠡᠭᠡᠳᠦ ᠰᠣᠷᠭᠠᠭᠤᠯᠢ ᠶᠢᠨ ᠬᠢᠳᠡᠳ ᠬᠡᠯᠡᠨ ᠤ ᠰᠠᠯᠪᠤᠷᠢ ᠳᠤ ᠰᠢᠯᠭᠠᠨ ᠣᠷᠤᠵᠤ ᠰᠤᠷᠤᠯᠭ᠎ᠠ ᠲᠡᠭᠦᠰᠴᠠᠢ᠃ | ᠠᠪᠤ ᠨᠢ ᠨᠣᠲᠤᠭ ᠣᠰᠤᠨ ᠳᠤ ᠪᠠᠨ ᠨᠡᠷᠡᠲᠡᠢ ᠤᠶᠠᠭᠠᠴᠢ ᠪᠤᠯᠬᠤᠷ ᠳᠣᠷᠤᠨ᠎ᠠ ᠪᠠᠭ᠎ᠠ ᠠᠴᠠ ᠪᠠᠨ ᠠᠪᠤ ᠶᠢᠨ ᠢᠶᠠᠨ ᠨᠦᠯᠦᠭᠡ ᠶᠢ ᠬᠦᠷᠲᠡᠨ᠂ 7 ᠨᠠᠰᠣᠨ ᠠᠴᠠ | ᠪᠠᠨ ᠡᠬᠢᠯᠡᠨ ᠮᠤᠷᠢ ᠤᠨᠤᠵᠤ ᠰᠣᠷᠴᠠᠢ᠃ ᠲᠠᠪᠤ ᠵᠢᠷᠭᠤᠭ᠎ᠠ ᠨᠠᠰᠣᠯᠠᠵᠤ ᠤᠬᠠᠭ᠎ᠠ ᠤᠷᠤᠭᠰᠠᠨ ᠠᠴᠠ ᠪᠠᠨ ᠠᠪᠤᠭᠠᠳ ᠠᠪᠤ ᠶᠢᠨ ᠢᠶᠠᠨ ᠮᠤᠷᠢ ᠤᠷᠭᠠᠯᠠᠵᠤ ᠪᠠᠶᠢᠭ᠎ᠠ᠂ | ᠮᠤᠷᠢ ᠤᠨᠤᠵᠤ ᠪᠠᠶᠢᠭ᠎ᠠ ᠶᠢ ᠦᠵᠡᠬᠦ ᠪᠦᠷᠢ ᠶᠡᠬᠡᠳᠡ ᠪᠠᠭ᠋ᠠᠷᠬᠠᠳᠠᠭ ᠪᠠᠶᠢᠭᠰᠠᠨ᠂ ᠮᠤᠷᠢ ᠤᠨᠤᠵᠤ ᠨᠣᠭᠲᠤ ᠳᠠᠯᠪᠢᠬᠤ ᠳᠤ ᠰᠢᠷᠬᠠᠳᠠᠵᠤ ᠭᠡᠮᠳᠦᠬᠦ ᠪᠣᠯ ᠵᠦᠩᠳᠡᠭᠡᠨ᠂ | ᠭᠡᠪᠡᠴᠦ ᠠᠪᠤ ᠮᠢᠨᠢ ᠡᠬᠢᠯᠡᠭᠡᠳ ᠰᠣᠷᠴᠢᠬᠠᠭᠰᠠᠨ ᠶᠤᠮ ᠴᠢᠨᠢ ᠪᠢᠳᠡᠭᠡᠢ ᠳᠤᠷᠭᠤᠨ ᠣᠷᠬᠢᠭᠠᠷᠠᠢ ᠭᠡᠵᠦ ᠵᠠᠬᠢᠵᠤ ᠪᠠᠶᠢᠭᠰᠠᠨ ᠭᠡᠵᠦ ᠳᠤᠷᠤᠨ᠎ᠠ ᠡᠷᠭᠢᠴᠡᠬᠦᠯᠦᠨᠡ᠃ | ᠬᠠᠷᠠᠬᠠᠨ ᠪᠠᠭ᠎ᠠ ᠠᠴᠠ ᠪᠠᠨ ᠬᠤᠷᠳᠤᠨ ᠮᠣᠷᠢᠨ ᠤ ᠨᠢᠷᠤᠭᠤᠨ ᠳᠤ ᠵᠠᠶᠢᠳᠠᠯᠠᠵᠤ ᠣᠰᠣ ᠨᠤᠲᠤᠭ ᠤᠨ ᠢᠶᠠᠨ ᠣᠪᠤᠭ᠎ᠠ ᠪᠤᠯᠠᠭ ᠤᠨ ᠨᠠᠶᠢᠷ ᠨᠠᠭᠠᠳᠤᠮ ᠢᠶᠠᠷ | ᠤᠯᠠᠨᠲᠠ ᠱᠠᠩ ᠬᠡᠰᠢᠭ ᠬᠦᠷᠲᠡᠵᠦ ᠶᠠᠪᠤᠭᠰᠠᠨ ᠲᠡᠷᠡ ᠮᠣᠷᠢ ᠣᠨᠣᠬᠤ᠂ ᠨᠤᠭᠲᠤ ᠳᠠᠯᠪᠢᠬᠤ ᠳᠤ ᠠᠷᠭ᠎ᠠ ᠦᠭᠡᠢ ᠬᠤᠷᠤᠬᠠᠶᠢᠲᠠᠢ ᠪᠤᠯᠵᠤ ᠳᠦᠩᠭᠡᠵᠦ ᠯᠡ ᠠᠷᠪᠠᠨ | ᠬᠤᠶᠠᠷ ᠬᠦᠷᠦᠮᠡᠭᠴᠡ ᠪᠣᠷᠤ ᠮᠤᠷᠢ ᠪᠠᠷ ᠠᠩᠬ᠎ᠠ ᠤᠳᠠᠭ᠎ᠠ ᠨᠤᠭᠳᠤ ᠳᠠᠯᠪᠢᠬᠤ ᠶᠢ ᠰᠣᠷᠣᠭᠠᠳ ᠣᠳᠣ ᠪᠤᠯᠬᠤ ᠳᠤ ᠠᠷᠪᠠᠨ ᠨᠠᠢᠮᠠᠨ ᠵᠢᠯ ᠨᠤᠭᠲᠤ ᠳᠠᠯᠪᠢᠭᠰᠠᠨ | ᠲᠤᠷᠰᠢᠯᠭ᠎ᠠ ᠲᠠᠢ ᠬᠠᠰᠢᠷ ᠨᠤᠭᠳᠤᠴᠢᠨ ᠪᠣᠯᠵᠠᠢ᠃ ᠲᠡᠷᠡᠪᠡᠷ 2020 ᠣᠨ ᠤ 5 ᠰᠠᠷ᠎ᠠ ᠶᠢᠨ 8 ᠤ ᠡᠳᠦᠷ ᠤᠷᠠᠳ ᠤᠨ ᠲᠤᠮᠳᠠᠳᠤ ᠬᠤᠰᠢᠭᠤᠨ ᠤ ᠣᠩᠭᠤᠨ | ᠪᠠᠯᠭᠠᠰᠣᠨ ᠤ ᠬᠠᠷᠠᠴᠢᠯᠠᠭᠤ ᠭᠠᠴᠠᠭᠠᠨ ᠳᠤ ᠶᠠᠪᠤᠭᠳᠠᠭᠰᠠᠨ ᠭᠤᠷᠪᠠᠳᠣᠭᠠᠷ ᠬᠤᠭᠤᠴᠠᠭᠠᠨ ᠤ ︽ᠤᠷᠠᠳ ᠪᠦᠰᠡᠭᠦᠢ ᠤᠶᠠᠭᠠᠴᠢᠨ︾ ᠮᠤᠩᠭᠤᠯ ᠮᠣᠷᠢᠨ ᠤ | ᠤᠷᠤᠯᠳᠤᠭᠠᠨ ᠤ 5000 ᠮᠧᠲᠷ ᠤᠨ ᠴᠠᠭᠠᠷᠢᠭ ᠤᠷᠤᠯᠳᠤᠭᠠᠨ ᠳᠤ ᠳᠡᠳ᠋ᠯᠡᠵᠦ᠂ 2021 ᠣᠨ ᠤ 7 ᠰᠠᠷ᠎ᠠ ᠶᠢᠨ 2 ᠤᠨ ᠡᠳᠦᠷ ᠶᠠᠪᠤᠭᠳᠠᠭᠰᠠᠨ ᠤᠷᠠᠳ ᠤᠨ | ᠲᠤᠮᠳᠠᠳᠤ ᠬᠤᠰᠢᠭᠤᠨ ᠤ ᠭᠠᠭᠴᠠᠮᠤᠳᠤ ᠪᠠᠯᠭᠠᠰᠣᠨ ᠤ ᠳᠡᠷᠡᠰᠦ ᠭᠠᠴᠠᠭᠠᠨ ᠤ ᠤᠪᠤᠭᠠᠨ ᠳᠠᠬᠢᠯᠭ᠎ᠠ ᠶᠢᠨ ᠨᠠᠶᠢᠷ ᠤᠨ ᠮᠣᠩᠭᠤᠯ ᠮᠣᠷᠢᠨ ᠤ ᠤᠷᠤᠯᠳᠤᠭᠠᠨ ᠳᠤ | ᠳᠦᠷᠪᠡᠳᠦᠭᠡᠷ ᠪᠠ ᠵᠢᠷᠭᠤᠳᠤᠭᠠᠷ ᠲᠤ ᠣᠷᠤᠵᠤ᠂ ᠤᠯᠠᠨ ᠠᠴᠠ ᠴᠠᠭᠠᠷᠠᠭᠰᠠᠨ ᠮᠡᠷᠭᠡᠵᠢᠯ ᠢᠶᠠᠷ ᠢᠶᠠᠨ ᠤᠰᠤ ᠨᠤᠲᠤᠭ ᠤᠨ ᠢᠶᠠᠨ ᠠᠯᠳᠠᠷ ᠢ ᠡᠷᠭᠦᠵᠦ ᠶᠠᠪᠤᠨ᠎ᠠ᠃ | ︽ᠪᠢ ᠬᠡᠤᠬᠡᠨ ᠢᠶᠠᠨ ᠳᠠᠭᠠᠭᠤᠯᠤᠭᠠᠳ ᠣᠯᠠᠨ ᠤᠷᠤᠯᠳᠤᠭᠠᠨ ᠮᠦᠷᠦᠶᠢᠴᠡᠭᠡᠨ ᠳᠤ ᠤᠴᠢᠳᠠᠭ ᠪᠠᠶᠢᠵᠠᠢ᠂ ᠮᠢᠨᠦ ᠬᠡᠤᠬᠡᠨ ᠮᠣᠷᠢᠳ ᠤᠨ ᠲᠤᠭᠤᠰᠤ ᠲᠠᠲᠠᠭᠤᠯᠤᠨ | ᠰᠣᠮᠣᠳᠠᠨ ᠬᠦᠶᠦᠬᠦ ᠪᠠ ᠬᠠᠰᠢᠷ ᠨᠤᠭᠲᠤᠴᠢᠨ ᠤ ᠨᠤᠭᠲᠤ ᠳᠠᠯᠪᠢᠬᠤ ᠶᠢ ᠦᠵᠡᠬᠦ ᠪᠦᠷᠢ ︿ᠨᠤᠭᠲᠤ ᠳᠠᠯᠪᠢᠬᠤ ᠶᠠᠭᠠᠬᠢᠭᠰᠠᠨ ᠰᠠᠶᠢᠬᠠᠨ ᠪᠤᠢ᠂ ᠪᠢ ᠪᠠᠰᠠ ᠮᠤᠷᠢ | ᠣᠨᠣᠵᠤ ᠨᠤᠭᠲᠤ ᠳᠠᠯᠪᠢᠬᠤ ᠰᠣᠷᠤᠨᠠ ﹀︾ ᠭᠡᠵᠦ ᠳᠠᠩᠳᠠ ᠶᠠᠷᠢᠳᠠᠭ ᠪᠠᠶᠢᠭᠰᠠᠨ ᠭᠡᠵᠦ ᠳᠣᠷᠤᠨ᠎ᠠ ᠶᠢᠨ ᠠᠪᠤ ᠨᠢ ᠶᠠᠷᠢᠵᠤ ᠪᠠᠶᠢᠯ᠎ᠠ᠃ | ︽ᠬᠦᠮᠦᠨ ᠤ ᠬᠦᠦ ᠵᠣᠷᠢᠭᠰᠠᠨ ᠳᠤ ᠪᠠᠨ᠂ ᠬᠦᠯᠦᠭ ᠮᠤᠷᠢ ᠬᠠᠷᠠᠶᠢᠭᠰᠠᠨ ᠳᠤ ᠪᠠᠨ ︾ ᠭᠡᠭᠴᠢ ᠪᠠᠷ᠂ ᠢᠳᠡᠭ ᠢᠳᠡᠭ ᠦᠰᠴᠦ ᠲᠤᠮᠤᠭᠠᠵᠢᠭᠰᠠᠨ ᠳᠣᠷᠤᠨ᠎ᠠ | ᠤᠳᠠᠯ ᠦᠭᠡᠢ ᠨᠤᠭᠳᠤ ᠴᠣᠯᠪᠤᠭᠤᠷ ᠢᠶᠠᠨ ᠬᠡᠷᠬᠢᠨ ᠪᠠᠷᠢᠬᠤ᠂ ᠮᠣᠷᠢᠨ ᠳᠤ ᠮᠤᠷᠳᠠᠬᠤ᠂ ᠮᠣᠷᠢ ᠠᠷᠠᠴᠢᠯᠠᠬᠤ᠂ ᠮᠣᠷᠢᠨ ᠳᠡᠭᠡᠷ᠎ᠡ ᠠᠴᠠ ᠨᠠᠮᠨᠠᠬᠤ ᠠᠷᠭ᠎ᠠ ᠤᠬᠠᠭᠠᠨ ᠵᠡᠷᠭᠡ | ᠶᠢ ᠡᠵᠡᠮᠰᠢᠵᠦ ᠡᠬᠢᠯᠡᠵᠡᠢ᠃ ᠨᠤᠭᠲᠤ ᠳᠠᠯᠪᠢᠬᠤ ᠭᠡᠭᠴᠢ ᠶᠡᠭᠡ ᠣᠷ᠎ᠠ ᠮᠡᠷᠭᠡᠵᠢᠯ ᠬᠡᠷᠡᠭᠰᠡᠨ᠎ᠡ᠂ ᠬᠢᠴᠢᠶᠡᠬᠦ ᠦᠭᠡᠢ ᠪᠣᠯ ᠮᠤᠷᠢᠨ ᠳᠤ ᠢᠰᠬᠦᠯᠦᠭᠳᠡᠵᠦ᠂ ᠮᠣᠷᠢᠨ ᠳᠤ | ᠬᠠᠶᠠᠭᠳᠠᠵᠤ ᠮᠡᠳᠡᠨ᠎ᠡ ᠭᠡᠵᠦ ᠳᠣᠷᠤᠨ᠎ᠠ ᠬᠠᠰᠢᠷ ᠮᠠᠯᠴᠢᠨ ᠭᠡᠮᠡᠷ ᠨᠤᠭᠲᠤ ᠳᠠᠯᠪᠢᠬᠤ ᠳᠤ ᠠᠩᠬᠠᠷᠬᠤ ᠵᠦᠢᠯᠡᠰ ᠢ ᠰᠠᠨᠠᠭᠤᠯᠤᠨ᠎ᠠ᠃ | 2021 ᠤᠨ ᠤ 5 ᠰᠠᠷ᠎ᠠ ᠳᠤ᠂ ︽ᠬᠤᠨ ᠭᠠᠯᠠᠭᠤ ᠪᠦᠰᠡᠭᠦᠢ ᠣᠨᠣᠭᠠᠴᠢᠳ︾ ᠤᠨ ᠪᠦᠯᠬᠦᠮ ᠪᠠᠶᠢᠭᠤᠯᠤᠭᠳᠠᠮᠠᠭᠴᠠ ᠲᠡᠷᠡ ᠳᠠᠷᠤᠢ ᠢᠳᠡᠪᠬᠢᠯᠡᠨ ᠣᠷᠤᠯᠴᠠᠵᠤ᠂ | ᠠᠳᠣᠭᠤᠨ ᠰᠣᠶᠣᠯ ᠢ ᠨᠡᠩ ᠤᠯᠠᠨ ᠬᠦᠮᠦᠨ ᠳᠤ ᠣᠶᠢᠯᠠᠭᠠᠭᠤᠯᠬᠤ ᠳᠤ ᠬᠦᠴᠦᠨ ᠨᠡᠮᠡᠷᠢᠯᠡᠵᠦ᠂ ︽ ᠮᠣᠩᠭᠤᠯ ᠮᠤᠷᠢᠨ︾ ᠤ ᠵᠤᠷᠢᠭ ᠰᠠᠨᠠᠭ᠎ᠠ ᠶᠢ ᠪᠠᠳᠠᠷᠠᠭᠤᠯᠵᠤ᠂ | ᠰᠢᠨ᠎ᠡ ᠴᠠᠭ ᠦᠶ᠎ᠡ ᠶᠢᠨ ᠲᠠᠯ᠎ᠠ ᠨᠤᠲᠤᠭ ᠤᠨ ᠡᠮᠡᠭᠲᠠᠶᠢᠴᠣᠳ ᠤᠨ ᠴᠤᠭ ᠵᠢᠪᠬᠤᠭ᠎ᠠ ᠶᠢ ᠭᠠᠶᠢᠬᠠᠭᠤᠯᠤᠭᠰᠠᠭᠠᠷ ᠢᠷᠡᠵᠡᠢ᠃ | ᠬᠤᠷᠳᠣ ᠰᠢᠯᠭᠠᠭᠰᠠᠨ ᠣᠷᠤᠯᠳᠣᠭᠠᠨ᠂ ᠬᠤᠳᠠᠯᠠ ᠶᠢ ᠪᠠᠶᠠᠰᠬᠠᠭᠰᠠᠨ ᠨᠠᠶᠢᠷ ᠨᠠᠭᠠᠳᠤᠮ ᠤᠳ ᠢᠶᠠᠷ ᠬᠤᠸᠠ ᠮᠤᠷᠢ᠂ ᠴᠣᠬᠤᠷ ᠮᠣᠷᠢ᠂ ᠰᠢᠷᠭ᠎ᠠ ᠮᠤᠷᠢ᠂ ᠪᠤᠷᠤ | ᠮᠤᠷᠢᠭᠡᠳ ᠤᠯᠠᠨ ᠰᠠᠶᠢᠨ ᠮᠤᠷᠢᠳ ᠢ ᠣᠨᠴᠠ ᠶᠢ ᠨᠢ ᠳᠠᠭᠠᠷᠠᠭᠤᠯᠵᠤ᠂ ᠣᠳᠤ ᠶᠢ ᠨᠢ ᠭᠢᠯᠠᠯᠵᠠᠭᠤᠯᠵᠤ᠂ ᠣᠮᠤᠭ ᠢ ᠨᠢ ᠪᠠᠳᠠᠷᠠᠭᠤᠯᠵᠤ ᠶᠠᠪᠤᠭᠰᠠᠨ ᠳᠤᠷᠤᠨ᠎ᠠ᠄ | ︽ᠬᠦᠮᠦᠨ ᠨᠢᠭᠡ ᠨᠠᠰᠤᠨ ᠳᠤ ᠪᠠᠨ ᠲᠤᠷ᠎ᠠ ᠲᠠᠢ ᠵᠦᠢᠯ ᠢᠶᠠᠨ ᠬᠢᠬᠦ ᠨᠢ ᠬᠠᠮᠤᠭ ᠤᠨ ᠴᠢᠬᠤᠯᠠ᠂ ᠲᠡᠭᠦᠨ ᠢᠶᠠᠨ ᠬᠢᠵᠦ ᠴᠢᠳᠠᠪᠠᠯ ᠪᠠᠶᠠᠷᠲᠠᠢ ᠪᠠᠶᠢᠳᠠᠭ᠂ ᠵᠢᠷᠭᠠᠯᠲᠠᠢ | ᠰᠠᠨᠠᠭᠳᠠᠳᠠᠭ᠃ ᠮᠢᠨᠦ ᠮᠤᠷᠢ ᠤᠨᠤᠵᠤ ᠨᠤᠭᠲᠤ ᠳᠠᠯᠪᠢᠬᠤ ᠨᠢ ᠮᠢᠨᠦ ᠳᠣᠷ᠎ᠠ ᠪᠠᠬ᠎ᠠ᠂ ᠪᠠᠰᠠ ᠵᠠᠷᠢᠮ ᠳᠤ ᠪᠠᠨ ᠱᠠᠩ ᠬᠡᠰᠢᠭ ᠤᠨ ᠠᠰᠢᠭ ᠬᠦᠷᠲᠡᠴᠢᠬᠡᠨᠡ᠃ ᠬᠠᠮᠤᠭ ᠤᠨ | ᠴᠢᠬᠤᠯᠠ ᠨᠢ ᠮᠠᠯᠵᠢᠬᠤ ᠠᠮᠢᠳᠤᠷᠠᠯ ᠢᠶᠠᠨ ᠤᠯᠠᠨ ᠳᠤ ᠲᠠᠨᠢᠭᠤᠯᠬᠤ᠂ ᠬᠡᠤᠬᠡᠳ ᠲᠡᠭᠦᠦ ᠨᠠᠷ ᠲᠤ ᠪᠠᠨ ᠤᠯᠠᠮᠵᠢᠯᠠᠬᠤ᠂ ᠨᠤᠲᠤᠭ ᠣᠰᠤᠨ ᠤ ᠪᠠᠨ ᠨᠡᠷ᠎ᠡ ᠠᠯᠳᠠᠷ ᠢ | ᠮᠠᠨᠳᠤᠭᠤᠯᠬᠤ ᠯᠡ ᠰᠠᠶᠢᠬᠠᠨ ᠪᠠᠶᠢᠳᠠᠭ ᠶᠤᠮ᠃ ᠬᠤᠵᠢᠮ ᠠᠳᠣᠭᠤᠨ ᠳᠤ ᠳᠣᠷ᠎ᠠ ᠪᠠᠬ᠎ᠠ ᠲᠠᠢ ᠬᠡᠤᠬᠡᠳ ᠳᠡᠭᠦᠦ ᠨᠠᠷ ᠢᠶᠠᠨ ᠳᠠᠭᠠᠭᠤᠯᠵᠤ ᠠᠳᠣᠭᠤᠨ ᠰᠣᠶᠣᠯ ᠢᠶᠠᠨ | ᠤᠯᠠᠮᠵᠢᠯᠠᠨ ᠦᠪᠯᠡᠶᠡ ᠭᠡᠵᠦ ᠪᠤᠳᠤᠵᠤ ᠪᠠᠶᠢᠨ᠎ᠠ︾ ᠬᠡᠮᠡᠨ ᠰᠢᠳᠤᠷᠭᠤ ᠰᠢᠯᠤᠭᠤᠬᠠᠨ ᠶᠠᠷᠢᠵᠤ ᠪᠠᠶᠢᠪᠠ᠃ | ᠳᠤᠷᠤᠨ᠎ᠠ ᠮᠠᠨᠢ ᠪᠤᠶᠠᠨᠳᠤ ᠨᠤᠲᠤᠭ ᠤᠨ ᠢᠶᠠᠨ ᠡᠯᠢᠭᠡᠨ ᠳᠤ ᠬᠦᠯᠦᠭ ᠮᠤᠷᠢ ᠲᠠᠢ ᠪᠠᠨ ᠬᠠᠳᠠᠷᠢᠭᠤᠯᠤᠩᠬᠠᠨ ᠶᠠᠪᠤᠨ᠎ᠠ᠂ ᠪᠣᠳᠣᠯ ᠰᠡᠳᠬᠢᠯ ᠤᠨ ᠳᠠᠭᠤᠤ ᠪᠠᠨ | ᠬᠠᠩᠭᠢᠨᠠᠭᠤᠯᠤᠩᠬᠠᠨ ᠶᠠᠪᠤᠨ᠎ᠠ᠃ | | | | | | | | | | | | | ᠪᠠᠶᠠᠨ ᠨᠠᠭᠤᠷ ᠤᠨ ᠡᠳᠦᠷ ᠤᠨ ᠰᠣᠨᠢᠨ ᠠᠴᠠ ᠪᠠᠭᠤᠯᠭᠠᠪᠠ | | | | | | | | | |