ᠪᠠᠶᠠᠨ ᠨᠠᠭᠤᠷ ᠤᠨ ᠡᠳᠦᠷ ᠤᠨ ᠰᠣᠨᠢᠨ ᠤ ᠬᠤᠷᠢᠶᠠᠨ ᠤ ᠬᠠᠮ ᠵᠠᠭᠤᠴᠢᠯᠠᠭᠤᠷ ᠤᠨ ᠰᠣᠷᠪᠤᠯᠵᠢᠯᠠᠭᠴᠢ ᠳᠦᠷᠡᠯᠵᠡ | ︽ᠮᠣᠩᠭᠤᠯ ᠮᠣᠷᠢ ᠮᠣᠯᠣᠷ ᠡᠷᠳᠡᠨᠢ︾ ᠭᠡᠭᠴᠢ ᠪᠠᠷ ᠤᠷᠠᠳᠴᠣᠳ ᠮᠠᠨᠢ ᠡᠷᠲᠡ ᠳᠡᠭᠡᠲᠦ ᠦᠶ᠎ᠡ ᠠᠴᠠ ᠡᠬᠢᠯᠠᠨ᠂ ᠲᠠᠪᠤᠨ ᠬᠤᠰᠢᠭᠤ ᠮᠠᠯ ᠢᠶᠠᠨ ᠲᠠᠪᠠᠲᠠᠢ | ᠰᠠᠶᠢᠬᠠᠨ ᠦᠰᠭᠡᠵᠦ᠂ ᠠᠳᠣᠭᠤᠨ ᠰᠦᠷᠦᠭ ᠤᠨ ᠬᠡᠰᠢᠭ ᠢᠶᠠᠷ ᠠᠵᠤ ᠲᠦᠷᠦᠨ ᠠᠮᠢᠳᠤᠷᠠᠭᠰᠠᠭᠠᠷ ᠢᠷᠡᠭᠰᠡᠨ ᠶᠤᠮ᠃ ᠣᠶᠢᠷ᠎ᠠ ᠶᠢᠨ ᠵᠢᠯ ᠠᠴᠠ ᠠᠳᠣᠭᠤᠨ ᠳᠤ | ᠲᠤᠷᠠᠲᠠᠢ ᠬᠦᠮᠦᠰ ᠤᠨ ᠬᠠᠮᠲᠤ ᠶᠢᠨ ᠴᠢᠷᠮᠠᠶᠢᠯᠭ᠎ᠠ ᠪᠠᠷ ᠤᠷᠠᠳ ᠨᠤᠲᠤᠭ ᠤᠨ ᠠᠳᠣᠭᠤᠨ ᠰᠣᠶᠣᠯ ᠬᠦᠭᠵᠢᠯᠲᠡ ᠶᠢᠨ ᠱᠠᠳᠣᠨ ᠳᠤ ᠣᠷᠤᠵᠤ᠂ ᠡᠮᠡᠭᠲᠠᠢ ᠨᠣᠭᠳᠤᠴᠢᠨ᠂ | ᠤᠶᠠᠭᠠᠴᠢ᠂ ᠣᠭᠤᠭᠠᠴᠢ ᠴᠦ ᠨᠡᠯᠢᠶᠡᠳ ᠴᠣᠯᠭᠤᠷᠠᠨ ᠭᠠᠷᠴᠠᠢ᠃ ᠤᠷᠠᠳ ᠡᠮᠡᠭᠲᠠᠶᠢᠴᠣᠳ ᠤᠨ ᠨᠣᠭᠲᠤ ᠲᠠᠯᠪᠢᠬᠤ ᠮᠡᠷᠭᠡᠵᠢᠯ ᠨᠢ ᠤᠷᠠᠳ ᠨᠣᠲᠤᠭ ᠤᠨ ᠣᠨᠴᠠᠯᠢᠭᠲᠤ | ᠰᠣᠶᠣᠯ ᠤᠨ ᠨᠢᠭᠡ ᠪᠤᠯᠤᠭᠰᠠᠨ ᠪᠠᠶᠢᠨ᠎ᠠ᠃ ᠤᠷᠠᠳ ᠨᠤᠲᠤᠭ ᠤᠨ ᠠᠳᠣᠭᠤᠨ ᠰᠣᠶᠣᠯ ᠤᠨ ᠴᠢᠮᠡᠭ ᠪᠤᠯᠤᠭᠰᠠᠨ ᠣᠷ᠎ᠠ ᠠᠪᠢᠶᠠᠰ ᠲᠠᠢ ᠤᠷᠠᠳ ᠪᠦᠰᠡᠭᠦᠶᠢᠴᠣᠳ ᠤᠨ | ᠵᠣᠷᠢᠭ ᠰᠦᠯᠳᠡ᠂ ᠵᠣᠯᠪᠤᠭ᠎ᠠ ᠬᠡᠶᠢᠮᠦᠷᠢ ᠶᠢ ᠬᠠᠷᠠᠭᠤᠯᠤᠭᠰᠠᠨ ᠳᠦᠷᠪᠡᠨ ᠬᠦᠮᠦᠨ ᠢ ᠰᠣᠷᠪᠤᠯᠵᠢᠯᠠᠨ ᠪᠢᠴᠢᠪᠡ᠃ | ᠠᠭᠳᠠ ᠶᠢᠨ ᠨᠢᠷᠤᠭᠤᠨ ᠳᠤ ᠠᠳᠣᠭᠤᠴᠢᠨ ᠤ ᠵᠢᠪᠬᠤᠭ᠎ᠠ ᠶᠢ ᠪᠠᠳᠠᠷᠠᠭᠤᠯᠵᠤ᠂ ᠤᠯᠠᠮᠵᠢᠯᠠᠯᠲᠤ ᠰᠣᠶᠣᠯ ᠤᠨ ᠢᠶᠠᠨ ᠠᠷᠢᠭᠤᠨ ᠭᠠᠯ ᠢ ᠬᠦᠭᠵᠢᠭᠡᠵᠦ᠂ ᠣᠷᠤᠨ | ᠨᠤᠲᠤᠭ ᠤᠨ ᠢᠶᠠᠨ ᠥᠩᠭᠡ ᠴᠢᠮᠡᠭ ᠪᠣᠯᠵᠤ ᠶᠠᠪᠤᠭ᠎ᠠ ᠤᠷᠠᠳ ᠨᠤᠲᠤᠭ ᠤᠨ ᠡᠮᠡᠭᠲᠡᠢ ᠨᠤᠭᠳᠤᠴᠢᠨ ᠤ ᠨᠢᠭᠡ ᠪᠣᠯ ᠤᠷᠠᠨᠬᠤᠸᠠᠷ ᠪᠤᠯᠤᠨ᠎ᠠ᠃ ᠲᠡᠷᠡ 1976 ᠣᠨ | ᠳᠤ ᠣᠷᠠᠳ ᠤᠨ ᠲᠤᠮᠳᠠᠳᠤ ᠬᠤᠰᠢᠭᠤᠨ ᠤ ᠣᠣᠯ ᠤᠨ ᠪᠠᠶᠠᠨᠬᠠᠩᠭᠠᠢ ᠰᠣᠮᠣ ᠶᠢᠨ ᠪᠠᠶᠠᠨᠴᠠᠭᠠᠨ ᠭᠠᠴᠠᠭ᠎ᠠ ᠳᠤ ᠲᠦᠷᠦᠵᠦ᠂ ᠣᠳᠤ ᠴᠣᠩᠵᠢ ᠰᠣᠮᠣ ᠶᠢᠨ ᠪᠣᠷᠬᠠᠨᠲᠤ | ᠭᠠᠴᠠᠭ᠎ᠠ ᠳᠤ ᠠᠵᠤ ᠳᠦᠷᠦᠨ ᠠᠮᠢᠳᠣᠷᠠᠵᠤ ᠪᠠᠶᠢᠨ᠎ᠠ᠃ | ᠬᠠᠷᠠᠬᠠᠨ ᠪᠠᠭ᠎ᠠ ᠠᠴᠠ ᠪᠠᠨ ᠠᠳᠣᠭᠤ ᠮᠠᠯ ᠤᠨ ᠢᠶᠠᠨ ᠳᠡᠷᠭᠡᠳᠡ ᠦᠰᠦᠭᠰᠡᠨ ᠤᠷᠠᠨᠬᠤᠸᠠᠷ ᠠᠷᠪᠠᠨ ᠬᠡᠳᠦᠲᠡᠢ ᠠᠴᠠ ᠪᠠᠨ ᠡᠬᠢᠯᠡᠨ ᠬᠤᠷᠠᠭ᠎ᠠ ᠢᠰᠢᠭᠡ | ᠬᠠᠷᠢᠭᠤᠯᠵᠤ᠂ ᠬᠤᠨᠢ ᠮᠠᠯ ᠳᠤ ᠶᠠᠪᠤᠬᠤ ᠳᠤ ᠪᠠᠨ ᠮᠣᠷᠢ ᠣᠨᠣᠵᠣ ᠪᠠᠶᠢᠭᠰᠠᠨ ᠴᠦ ᠲᠡᠷᠡ ᠦᠶ᠎ᠡ ᠳᠤ ᠮᠣᠩᠭᠤᠯ ᠮᠤᠷᠢ ᠲᠠᠢ ᠲᠠᠰᠣᠷᠠᠰᠢ ᠦᠭᠡᠢ ᠬᠤᠪᠢ ᠪᠠᠷᠢᠯᠳᠤᠯᠭ᠎ᠠ | ᠲᠠᠢ ᠪᠤᠯᠤᠨ᠎ᠠ ᠭᠡᠵᠦ ᠪᠤᠳᠤᠵᠤ ᠦᠩᠭᠡᠷᠡᠭᠰᠡᠨ ᠦᠭᠡᠢ ᠪᠠᠶᠢᠵᠠᠢ᠃ 1995 ᠣᠨ ᠳᠤ ᠬᠠᠨᠢ ᠨᠦᠬᠦᠷ ᠮᠦᠩᠭᠦᠨᠴᠢᠯᠠᠭᠤ ᠲᠠᠢ ᠪᠠᠨ ᠠᠶᠢᠯ ᠪᠤᠯᠤᠭᠰᠠᠨ ᠤ ᠳᠠᠷᠠᠭ᠎ᠠ | ᠨᠦᠬᠦᠷ ᠤᠨ ᠢᠶᠠᠨ ᠨᠦᠯᠦᠭᠡ ᠪᠠᠷ ᠡᠳᠦᠷ ᠲᠤᠳᠤᠮ ᠤᠨ ᠠᠮᠢᠳᠣᠷᠠᠯ ᠳᠤ ᠪᠠᠨ ᠮᠤᠷᠢ ᠶᠢ ᠤᠯᠠᠨᠲᠠ ᠣᠨᠣᠵᠣ ᠡᠳ᠋ᠯᠡᠬᠦ ᠪᠤᠯᠤᠭᠰᠠᠨ ᠮᠦᠷᠲᠡᠭᠡᠨ ᠮᠥᠨ ᠨᠦᠬᠦᠷ ᠠᠴᠠ | ᠪᠠᠨ ᠨᠤᠭᠲᠤ ᠬᠠᠶᠠᠬᠤ ᠮᠡᠷᠭᠡᠵᠢᠯ ᠢ ᠰᠣᠷᠴᠤ ᠡᠵᠡᠮᠰᠢᠭᠰᠡᠨ ᠪᠠᠶᠢᠨ᠎ᠠ᠃ | 2000 ᠤᠨ ᠤ ᠦᠶᠡᠰ ᠢᠶᠠᠷ ᠤᠯᠠᠨ ᠵᠦᠢᠯ ᠤᠨ ᠰᠢᠯᠳᠠᠭᠠᠨ ᠠᠴᠠ ᠪᠤᠯᠵᠤ ᠬᠦᠳᠡᠭᠡ ᠨᠤᠲᠤᠭ ᠲᠤ ᠠᠳᠣᠭᠤ ᠴᠦᠭᠡᠷᠡᠭᠰᠡᠨ ᠠᠴᠠ ᠮᠣᠷᠢ ᠣᠨᠣᠬᠤ ᠵᠠᠪᠰᠢᠶᠠᠨ | ᠢᠶᠠᠷ ᠬᠤᠪᠤᠷᠳᠠᠵᠤ᠂ 2010 ᠣᠨ ᠦᠩᠭᠡᠷᠡᠭᠦ ᠳᠤ ᠠᠳᠣᠭᠤ ᠲᠠᠢ ᠠᠶᠢᠯ ᠠᠷᠪᠢᠨ ᠪᠤᠯᠵᠤ᠂ ᠳᠠᠭ᠎ᠠ ᠲᠠᠮᠠᠭᠠᠯᠠᠬᠤ᠂ ᠠᠳᠣᠭᠤᠨ ᠳᠡᠯᠯᠡᠭᠡ᠂ ᠠᠳᠣᠭᠤ ᠡᠮᠨᠡᠬᠦ ᠵᠡᠷᠭᠡ | ᠠᠳᠣᠭᠤᠴᠢᠨ ᠠᠶᠢᠯ ᠤᠨ ᠴᠣᠭᠯᠠᠭᠠᠨ ᠳᠤ ᠲᠣᠰᠠ ᠳᠡᠮ ᠪᠣᠯᠬᠤ ᠶᠢᠨ ᠬᠠᠮᠲᠤ ᠦᠪᠡᠷ ᠤᠨ ᠨᠤᠭᠲᠤ ᠬᠠᠶᠠᠬᠤ ᠮᠡᠷᠭᠡᠵᠢᠯ ᠢᠶᠠᠨ ᠤᠯᠠᠮ ᠳᠡᠭᠡᠭᠰᠢᠯᠡᠭᠦᠯᠦᠭᠰᠡᠭᠡᠷ | ᠢᠷᠡᠵᠡᠢ᠃ ᠡᠶᠢᠨᠬᠦ ᠣᠳᠣ ᠪᠤᠯᠲᠠᠯ᠎ᠠ ᠠᠷᠭᠤᠮᠠᠭ ᠬᠦᠯᠦᠭ ᠤᠨ ᠲᠤᠭᠤᠰᠤᠨ ᠳᠣᠮᠳᠠᠭᠤᠷ᠂ ᠠᠷᠢᠭᠤᠨ ᠨᠤᠲᠤᠭ ᠤᠨ ᠬᠦᠷᠦᠰᠦᠨ ᠳᠡᠭᠡᠭᠦᠷ ᠵᠢᠯᠤᠭᠤ ᠰᠣᠩᠭᠠᠨ | ᠳᠠᠪᠬᠢᠭᠤᠯᠤᠭᠰᠠᠭᠠᠷ ᠪᠠᠶᠢᠨ᠎ᠠ᠃ | ᠣᠶᠢᠷ᠎ᠠ ᠶᠢᠨ ᠵᠢᠯ ᠠᠴᠠ ︽ ᠮᠣᠷᠢ ᠲᠠᠢ ᠠᠶᠠᠯᠠᠯ︾ ︽ᠮᠣᠷᠢᠨ ᠨᠢᠷᠤᠭᠤᠨ ᠳᠡᠭᠡᠷᠡᠬᠢ ᠲᠣᠭᠯᠠᠭᠠᠮ︾ ᠵᠡᠷᠭᠡ ᠬᠦᠳᠡᠯᠭᠡᠭᠡᠨ ᠤᠯᠠᠨ ᠪᠤᠯᠤᠭᠰᠠᠨ ᠠᠴᠠ | ᠤᠷᠠᠨᠬᠤᠸᠠᠷ ᠬᠦᠳᠡᠯᠭᠡᠭᠡᠨ ᠪᠣᠯᠭᠠᠨ ᠳᠤ ᠢᠳᠡᠪᠬᠢᠲᠡᠢ ᠣᠷᠤᠯᠴᠠᠨ ᠣᠷ᠎ᠠ ᠮᠡᠷᠭᠡᠵᠢᠯ ᠢᠶᠠᠷ ᠢᠶᠠᠨ ᠣᠯᠠᠨ ᠤ ᠳᠠᠭᠠᠰᠢᠶᠠᠯ ᠢ ᠬᠦᠷᠲᠡᠵᠦ᠂ ᠰᠢᠯᠢᠳᠡᠭ ᠬᠢᠷᠢ ᠪᠦᠲᠦᠮᠵᠢ ᠪᠠᠷ | ᠡᠩᠭᠡᠷ ᠢᠶᠠᠨ ᠮᠢᠯᠢᠶᠠᠯᠭᠠᠵᠤ ᠶᠠᠪᠤᠭᠰᠠᠨ ᠪᠢᠯᠡ᠂ ᠡᠭᠦᠨ ᠳᠤ 2021 ᠣᠨ ᠳᠤ ᠣᠩᠭᠤᠨ ᠪᠠᠯᠭᠠᠰᠤᠨ ᠳᠤ ᠶᠠᠪᠤᠭᠳᠠᠭᠰᠠᠨ ᠡᠮᠡᠭᠲᠡᠢ ᠣᠨᠣᠭᠠᠴᠢᠳ ᠤᠨ | ᠣᠷᠤᠯᠳᠣᠭᠠᠨ ᠤ ᠮᠣᠩᠭᠤᠯ ᠬᠤᠪᠴᠠᠰᠣ ᠪᠠᠨ ᠡᠮᠦᠰᠴᠦ ᠮᠣᠷᠢ ᠪᠠᠨ ᠡᠮᠡᠭᠡᠯᠯᠡᠬᠦ ᠲᠡᠮᠡᠴᠡᠭᠡᠨ ᠤ ᠲᠡᠷᠢᠬᠦᠨ ᠂ 2024 ᠣᠨ ᠤ ᠤᠷᠠᠳ ᠨᠤᠲᠤᠭ ᠤᠨ ᠡᠮᠡᠭᠲᠡᠢ | ᠨᠤᠭᠳᠤᠴᠢᠳ ᠤᠨ ᠠᠩᠬᠠᠳᠣᠭᠠᠷ ᠤᠳᠠᠭᠠᠨ ᠤ ᠨᠠᠭᠠᠳᠣᠮ ᠤᠨ ᠣᠷᠭᠠᠯᠠᠵᠤ ᠨᠤᠭᠲᠤᠯᠠᠬᠤ ᠲᠦᠷᠦᠯ ᠤᠨ ᠲᠡᠷᠢᠬᠦᠨ᠂ ᠮᠥᠨ 2024 ᠣᠨ ᠤ 10 ᠰᠠᠷ᠎ᠠ ᠳᠤ | ᠭᠠᠭᠴᠠᠮᠤᠳᠤ ᠪᠠᠯᠭᠠᠰᠣᠨ ᠤ ᠳᠡᠷᠡᠰᠦ ᠭᠠᠴᠠᠭᠠᠨ ᠳᠤ ᠪᠤᠯᠤᠭᠰᠠᠨ ᠮᠣᠷᠢᠨ ᠨᠢᠷᠤᠭᠤᠨ ᠳᠡᠭᠡᠷᠡᠬᠢ ᠲᠣᠭᠯᠠᠭᠠᠮ ᠤᠨ ᠣᠷᠤᠯᠳᠣᠭᠠᠨ ᠳᠤ ᠤᠷᠭᠠᠴᠢᠨ᠂ ᠨᠣᠭᠳᠤᠴᠢᠨ᠂ | ᠡᠮᠨᠢᠭᠴᠢᠨ ᠵᠡᠷᠭᠡ ᠪᠠᠷ ᠪᠦᠷᠢᠯᠳᠦᠭᠰᠡᠨ ᠲᠤᠭᠤᠶᠢᠯᠠᠩ ᠤᠨ ᠣᠷᠤᠯᠳᠣᠭᠠᠨ ᠳᠤ ᠭᠤᠷᠪᠠᠳᠣᠭᠠᠷ ᠨᠡᠷᠡᠰ ᠲᠤ ᠲᠤᠳᠤᠷᠠᠨ ᠬᠢᠯᠠᠯᠵᠠᠮ᠎ᠠ ᠠᠮᠵᠢᠯᠲᠠ ᠶᠢ ᠡᠭᠦᠳᠦᠭᠰᠡᠨ | ᠪᠠᠶᠢᠨ᠎ᠠ᠃ ᠡᠭᠦᠨ ᠠᠴᠠ ᠭᠠᠳᠠᠨ᠎ᠠ 5 ᠵᠢᠯ ᠤᠨ ᠡᠮᠦᠨ᠎ᠡ ᠭᠠᠴᠠᠭᠠᠨ ᠤ ᠬᠢᠨ ᠮᠤᠷᠢᠲᠤ ᠡᠷᠦᠬᠡ ᠶᠢᠨ ᠴᠡᠷᠢᠭ ᠤᠨ ᠪᠤᠯᠪᠠᠰᠣᠷᠠᠯ ᠳᠤ ᠣᠷᠤᠯᠴᠠᠨ ᠰᠠᠭᠠᠳ ᠳᠠᠪᠠᠭ᠋ᠤ᠂ | ᠮᠣᠳᠣ ᠦᠰᠦᠷᠬᠦ᠂ ᠴᠠᠪᠴᠢᠬᠤ ᠵᠡᠷᠭᠡ ᠣᠷ᠎ᠠ ᠮᠡᠷᠭᠡᠵᠢᠯ ᠢ ᠡᠵᠡᠮᠰᠢᠨ᠂ ᠪᠠᠴᠢᠮ ᠪᠠᠶᠢᠳᠠᠯ ᠢ ᠠᠷᠭᠠᠴᠠᠭᠠᠬᠤ᠂ ᠬᠢᠯᠢ ᠬᠢᠵᠠᠭᠠᠷ ᠤᠷᠤᠨ ᠢᠶᠠᠨ ᠪᠠᠳᠣᠯᠠᠨ ᠬᠠᠮᠠᠭᠠᠯᠠᠬᠤ ᠳᠤ | ᠬᠦᠴᠦᠨ ᠴᠢᠳᠠᠯ ᠢᠶᠠᠨ ᠨᠡᠮᠡᠷᠢᠯᠠᠵᠦ ᠪᠠᠶᠢᠨ᠎ᠠ᠃ | ᠤᠨᠤᠭᠰᠠᠨ ᠬᠦᠯᠦᠭ ᠲᠠᠢ ᠪᠠᠨ ᠵᠠᠶᠠᠭ᠎ᠠ ᠬᠤᠯᠪᠤᠵᠤ᠂ ᠬᠠᠷᠢᠭᠤᠯᠤᠭᠰᠠᠨ ᠰᠦᠷᠦᠭ ᠲᠠᠢ ᠪᠠᠨ ᠰᠡᠳᠬᠢᠯ ᠨᠢᠭᠡᠳᠴᠦ ᠶᠠᠪᠤᠳᠠᠭ ᠠᠳᠣᠭᠤᠴᠢᠨ ᠬᠦᠮᠦᠨ ᠳᠤ ᠦᠪᠡᠷ | ᠤᠨ ᠬᠠᠶᠢᠷᠠᠲᠠᠢ ᠮᠣᠷᠢ ᠪᠠᠶᠢᠳᠠᠭ ᠨᠢ ᠯᠠᠪᠲᠠᠢ᠂ ᠤᠯᠠᠨ ᠵᠢᠯ ᠤᠨ ᠡᠮᠦᠨ᠎ᠡ ᠨᠦᠬᠦᠷ ᠮᠦᠩᠭᠦᠨᠴᠢᠯᠠᠭᠤ ᠨᠢ ᠰᠣᠷᠭᠠᠵᠤ ᠦᠭᠭᠦᠭᠰᠡᠨ ᠬᠠᠯᠳᠠᠷ ᠮᠣᠷᠢ ᠨᠢ ᠤᠷᠠᠨᠬᠤᠸᠠᠷ | ᠲᠠᠢ ᠬᠠᠮᠳᠣ ᠨᠠᠶᠢᠷ ᠨᠠᠭᠠᠳᠣᠮ ᠢᠶᠠᠷ ᠡᠮᠨᠢᠭ ᠮᠣᠷᠢᠳ ᠤᠨ ᠠᠷᠤ ᠠᠴᠠ ᠭᠦᠯᠢᠮ ᠳᠡᠪᠡᠷᠡᠭᠦᠯᠵᠦ ᠬᠦᠶᠦᠳᠡᠯ ᠰᠠᠯᠤᠯ ᠦᠭᠡᠢ ᠳᠠᠭᠠᠭᠰᠠᠭᠠᠷ ᠡᠳᠡᠭᠡᠷ ᠰᠠᠶᠢᠬᠠᠨ ᠢᠷᠠᠭᠤ | ᠠᠯᠳᠠᠷ ᠢ ᠣᠯᠵᠤ ᠴᠢᠳᠠᠵᠠᠢ᠃ ᠮᠣᠷᠢ ᠪᠠᠨ ᠮᠣᠯᠣᠷ ᠡᠷᠳᠡᠨᠢ ᠰᠢᠭ ᠬᠠᠶᠢᠷᠠᠯᠠᠳᠠᠭ ᠲᠡᠷᠡᠪᠡᠷ ᠣᠳᠤ 15 ᠨᠠᠰᠣ ᠬᠦᠷᠴᠦ ᠪᠠᠶᠢᠭ᠎ᠠ ᠬᠠᠯᠳᠠᠷ ᠮᠤᠷᠢ ᠪᠠᠨ ᠣᠨᠣᠬᠤ ᠪᠠᠨ | ᠪᠤᠯᠢᠵᠦ ᠠᠮᠠᠷᠠᠭᠤᠯᠵᠠᠢ᠃ | ᠬᠦᠯᠦᠭ ᠤᠨ ᠨᠢᠷᠤᠭᠤᠨ ᠳᠤ ᠬᠡᠶᠢᠮᠦᠷᠢ ᠰᠦᠯᠳᠡ ᠪᠠᠨ ᠰᠡᠷᠭᠦᠭᠡᠵᠦ᠂ ᠭᠦᠷᠦᠰᠦᠲᠦ ᠭᠠᠵᠠᠷ ᠢ ᠠᠵᠢᠨᠠᠢ ᠶᠢᠨ ᠲᠣᠭᠤᠷᠠᠢ ᠪᠠᠷ ᠢᠶᠠᠨ ᠬᠡᠮᠵᠢᠵᠦ ᠶᠠᠪᠤᠭ᠎ᠠ | ᠤᠷᠠᠨᠬᠤᠸᠠᠷ ᠲᠤ ᠠᠵᠠ ᠵᠢᠷᠭᠠᠯ ᠡᠷᠡᠭᠦᠯ ᠡᠩᠬᠡ ᠰᠠᠶᠢᠨ ᠰᠠᠶᠢᠬᠠᠨ ᠪᠦᠬᠦᠨ ᠢ ᠵᠦᠩᠨᠡᠶ᠎ᠡ᠃ | | | | | | | | | | | | | ᠪᠠᠶᠠᠨ ᠨᠠᠭᠤᠷ ᠤᠨ ᠡᠳᠦᠷ ᠤᠨ ᠰᠣᠨᠢᠨ ᠠᠴᠠ ᠪᠠᠭᠤᠯᠭᠠᠪᠠ | | | | | | |