ᠠᠭᠲᠠ ᠶᠢᠨ ᠨᠢᠷᠤᠭᠤᠨ ᠳᠤ ᠬᠡᠶᠢᠮᠦᠷᠢ ᠪᠠᠨ ᠮᠠᠨᠳᠤᠭᠤᠯᠤᠭᠰᠠᠨ ᠠᠳᠤᠭᠤᠳᠤ ᠨᠤᠲᠤᠭ ᠤᠨ ᠭᠠᠷᠮᠠᠭᠠᠢ ᠨᠤᠭᠲᠤᠴᠢᠨ ᠡᠮᠡᠭᠲᠡᠢ ᠰᠠᠴᠡᠨ ᠢ ᠰᠣᠷᠪᠤᠯᠵᠢᠯᠠᠭᠰᠠᠨ ᠨᠢ
ᠨᠡᠶᠢᠲᠡᠯᠡᠭᠰᠡᠨ ᠴᠠᠭ᠄
2025/5/7
                     ᠪᠠᠶᠠᠨ ᠨᠠᠭᠤᠷ ᠤᠨ ᠡᠳᠦᠷ ᠤᠨ ᠰᠣᠨᠢᠨ ᠤ ᠬᠤᠷᠢᠶᠠᠨ ᠤ ᠬᠠᠮ ᠵᠠᠭᠤᠴᠢᠯᠠᠭᠤᠷ ᠤᠨ ᠰᠣᠷᠪᠤᠯᠵᠢᠯᠠᠭᠴᠢ᠄ ᠴᠡᠯᠡᠭᠡᠷ                        ᠭᠡᠷᠡᠯ ᠵᠢᠷᠤᠭ᠄ ᠴᠡᠭᠴᠡᠤᠬᠡᠢ   ᠤᠷᠠᠨᠳᠣᠭᠤᠰ      ︽ᠮᠣᠩᠭᠤᠯ ᠮᠣᠷᠢ ᠮᠣᠯᠣᠷ ᠡᠷᠳᠡᠨᠢ︾ ᠭᠡᠭᠴᠢ ᠪᠠᠷ ᠤᠷᠠᠳᠴᠣᠳ ᠮᠠᠨᠢ ᠡᠷᠲᠡ ᠳᠡᠭᠡᠲᠦ ᠦᠶ᠎ᠡ ᠠᠴᠠ ᠡᠬᠢᠯᠠᠨ᠂ ᠲᠠᠪᠤᠨ ᠬᠤᠰᠢᠭᠤ ᠮᠠᠯ ᠢᠶᠠᠨ ᠲᠠᠪᠠᠲᠠᠢ ᠰᠠᠶᠢᠬᠠᠨ ᠦᠰᠭᠡᠵᠦ᠂ ᠠᠳᠣᠭᠤᠨ ᠰᠦᠷᠦᠭ ᠤᠨ ᠬᠡᠰᠢᠭ ᠢᠶᠠᠷ ᠠᠵᠤ ᠲᠦᠷᠦᠨ ᠠᠮᠢᠳᠤᠷᠠᠭᠰᠠᠭᠠᠷ ᠢᠷᠡᠭᠰᠡᠨ ᠶᠤᠮ᠃ ᠣᠶᠢᠷ᠎ᠠ ᠶᠢᠨ ᠵᠢᠯ ᠠᠴᠠ ᠠᠳᠣᠭᠤᠨ ᠳᠤ ᠲᠤᠷᠠᠲᠠᠢ ᠬᠦᠮᠦᠰ ᠤᠨ ᠬᠠᠮᠲᠤ ᠶᠢᠨ ᠴᠢᠷᠮᠠᠶᠢᠯᠭ᠎ᠠ ᠪᠠᠷ ᠤᠷᠠᠳ ᠨᠤᠲᠤᠭ ᠤᠨ ᠠᠳᠣᠭᠤᠨ ᠰᠣᠶᠣᠯ ᠬᠦᠭᠵᠢᠯᠲᠡ ᠶᠢᠨ ᠱᠠᠳᠣᠨ ᠳᠤ ᠣᠷᠤᠵᠤ᠂ ᠡᠮᠡᠭᠲᠠᠢ ᠨᠣᠭᠳᠤᠴᠢᠨ᠂ ᠤᠶᠠᠭᠠᠴᠢ᠂ ᠣᠭᠤᠭᠠᠴᠢ ᠴᠦ ᠨᠡᠯᠢᠶᠡᠳ  ᠴᠣᠯᠭᠤᠷᠠᠨ ᠭᠠᠷᠴᠠᠢ᠃ ᠤᠷᠠᠳ ᠡᠮᠡᠭᠲᠠᠶᠢᠴᠣᠳ ᠤᠨ ᠨᠣᠭᠲᠤ ᠲᠠᠯᠪᠢᠬᠤ ᠮᠡᠷᠭᠡᠵᠢᠯ ᠨᠢ ᠤᠷᠠᠳ ᠨᠣᠲᠤᠭ ᠤᠨ ᠣᠨᠴᠠᠯᠢᠭᠲᠤ ᠰᠣᠶᠣᠯ ᠤᠨ ᠨᠢᠭᠡ ᠪᠤᠯᠤᠭᠰᠠᠨ ᠪᠠᠶᠢᠨ᠎ᠠ᠃ ᠤᠷᠠᠳ ᠨᠤᠲᠤᠭ ᠤᠨ ᠠᠳᠣᠭᠤᠨ ᠰᠣᠶᠣᠯ ᠤᠨ ᠴᠢᠮᠡᠭ ᠪᠤᠯᠤᠭᠰᠠᠨ ᠣᠷ᠎ᠠ ᠠᠪᠢᠶᠠᠰ ᠲᠠᠢ ᠤᠷᠠᠳ ᠪᠦᠰᠡᠭᠦᠶᠢᠴᠣᠳ ᠤᠨ ᠵᠣᠷᠢᠭ ᠰᠦᠯᠳᠡ᠂ ᠵᠣᠯᠪᠤᠭ᠎ᠠ ᠬᠡᠶᠢᠮᠦᠷᠢ ᠶᠢ ᠬᠠᠷᠠᠭᠤᠯᠤᠭᠰᠠᠨ ᠳᠦᠷᠪᠡᠨ ᠬᠦᠮᠦᠨ ᠢ ᠰᠣᠷᠪᠤᠯᠵᠢᠯᠠᠨ ᠪᠢᠴᠢᠪᠡ᠃   ᠠᠭᠲᠠ ᠶᠢᠨ ᠨᠢᠷᠤᠭᠤᠨ ᠳᠤ ᠠᠳᠣᠭᠤᠴᠢᠨ ᠤ ᠵᠢᠪᠬᠤᠭ᠎ᠠ ᠶᠢ ᠭᠠᠶᠢᠬᠠᠭᠤᠯᠵᠤ᠂ ᠤᠷᠠᠨ ᠭᠠᠷ ᠲᠤᠷᠭᠠᠨ ᠬᠤᠭᠤᠯᠠᠢ ᠪᠠᠷ ᠢᠶᠠᠨ ᠣᠷ᠎ᠠ ᠠᠪᠢᠶᠠᠰ ᠢᠶᠠᠨ ᠪᠠᠳᠠᠷᠠᠭᠤᠯᠵᠤ᠂ ᠬᠦᠳᠡᠯᠮᠦᠷᠢᠴᠢ ᠬᠤᠶᠠᠷ ᠭᠠᠷ ᠢᠶᠠᠷ ᠢᠶᠠᠨ ᠵᠢᠷᠭᠠᠯᠲᠤ ᠠᠮᠢᠳᠤᠷᠠᠯ ᠢᠶᠠᠨ ᠴᠣᠭᠴᠠᠯᠠᠵᠤ ᠶᠠᠪᠤᠭ᠎ᠠ ᠤᠷᠠᠳ ᠨᠤᠲᠤᠭ ᠤᠨ ᠨᠣᠭᠳᠤᠴᠢᠨ ᠪᠦᠰᠡᠭᠦᠢ ᠰᠠᠴᠡᠨ  ᠲᠠᠢ ᠲᠠᠨᠢᠯᠴᠠᠶ᠎ᠠ᠃   ᠰᠡᠴᠡᠨ ᠪᠣᠯ ᠲᠤᠷᠠᠲᠠᠢ ᠠᠵᠢᠯ ᠳᠤ ᠪᠠᠨ ᠤᠷᠮᠠᠰᠢᠵᠤ᠂ ᠬᠢᠭᠰᠡᠨ ᠵᠦᠢᠯ ᠳᠤ ᠪᠠᠨ ᠰᠢᠮᠳᠠᠵᠤ᠂ ᠬᠡᠶᠢᠮᠦᠷᠢᠯᠢᠭ᠋ ᠵᠠᠶᠠᠭ᠎ᠠ ᠪᠠᠨ ᠠᠷᠭᠤᠮᠠᠭ ᠬᠦᠯᠦᠭ ᠲᠠᠢ ᠬᠤᠯᠪᠤᠨ ᠤᠷᠠᠳ ᠨᠣᠲᠤᠭ ᠤᠨ ᠤᠯᠠᠨ ᠳᠤ ᠪᠠᠨ ᠲᠠᠨᠢᠭᠳᠠᠵᠤ᠂ ᠱᠠᠭᠰᠢᠭᠳᠠᠵᠤ᠂ ᠬᠦᠷᠢᠶᠡᠯᠡᠭᠳᠡᠵᠦ ᠶᠠᠪᠤᠭ᠎ᠠ ᠡᠮᠡᠭᠲᠡᠢ ᠨᠤᠭᠳᠤᠴᠢᠨ ᠪᠣᠯᠣᠨ᠎ᠠ᠃ ᠲᠡᠷᠡ ᠪᠣᠯ ᠣᠷᠠᠳ ᠤᠨ ᠲᠤᠮᠳᠠᠳᠤ ᠬᠤᠰᠢᠭᠤᠨ ᠤ ᠪᠠᠶ᠋ᠬᠠᠤᠯᠠᠭᠠᠨ ᠰᠤᠮᠤᠨ ᠤ ᠰᠠᠩ ᠤᠨ ᠳᠠᠯᠠᠢ  ᠭᠠᠴᠠᠭᠠᠨ ᠤ ᠮᠠᠯᠴᠢᠨ ᠶᠤᠮ᠃ ᠬᠠᠷᠠᠬᠠᠨ ᠪᠠᠭ᠎ᠠ ᠠᠴᠠ ᠪᠠᠨ ᠮᠤᠷᠢᠨ ᠳᠤ ᠪᠠᠭ᠋ᠠᠲᠠᠢ ᠪᠠᠶᠢᠳᠠᠭ  ᠢᠶᠠᠷ ᠢᠶᠠᠨ ᠲᠠᠪᠤ ᠵᠢᠷᠭᠤᠭᠠᠨ ᠨᠠᠰᠣᠨ ᠠᠴᠠ ᠪᠠᠨ ᠡᠬᠢᠯᠡᠨ᠂ ᠮᠣᠷᠢᠨ ᠨᠢᠷᠤᠭᠤᠨ ᠳᠤ ᠮᠣᠷᠲᠠᠵᠤ᠂ ᠮᠤᠷᠢ ᠣᠨᠣᠵᠤ ᠰᠣᠷᠤᠭᠰᠠᠨ ᠶᠤᠮ᠃   ᠰᠡᠴᠡᠨ ᠳᠡᠭᠡᠷ᠎ᠡ ᠪᠠᠨ ᠲᠠᠪᠤᠨ ᠠᠬ᠎ᠠ ᠲᠠᠢ ᠠᠶᠢᠯ ᠤᠨ ᠭᠠᠭᠴᠠ ᠬᠡᠤᠬᠡᠨ ᠪᠣᠯᠬᠤᠷ ᠪᠠᠭ᠎ᠠ ᠪᠠᠶᠢᠬᠤ ᠳᠤ ᠨᠢ ᠠᠪᠤ ᠡᠵᠢ ᠨᠢ ᠲᠡᠭᠦᠨ ᠢ ᠭᠡᠮᠳᠦᠵᠦ ᠣᠶᠢᠴᠢᠬᠤ ᠠᠴᠠ  ᠨᠢ ᠠᠶᠤᠭᠠᠳ ᠶᠡᠷᠦ ᠠᠴᠠ ᠮᠤᠷᠢ ᠣᠨᠣᠭᠤᠯᠳᠠᠭ ᠦᠭᠡᠢ ᠪᠠᠶᠢᠪᠠ᠃ ᠭᠡᠪᠡᠴᠦ ᠲᠡᠷᠡ ᠦᠪᠡᠷ ᠢᠶᠠᠨ ᠮᠣᠷᠢᠨ ᠳᠤ ᠲᠤᠷᠠᠲᠠᠢ ᠪᠣᠯᠬᠤᠷ ᠨᠢᠭᠤᠴᠠ ᠪᠠᠷ ᠴᠠᠭᠠᠨ ᠪᠤᠷᠤ ᠮᠤᠷᠢ ᠪᠠᠨ ᠤᠨᠤᠵᠤ ᠪᠠᠶᠢᠭᠰᠠᠭᠠᠷ ᠰᠣᠷᠮᠠᠭᠠᠢ ᠮᠣᠷᠢᠲᠠᠨ ᠵᠠᠶᠠᠭ᠎ᠠ ᠪᠠᠨ ᠡᠬᠢᠯᠡᠭᠦᠯᠵᠡᠢ᠃ ᠴᠠᠭᠠᠨ ᠪᠤᠷᠤ ᠮᠤᠷᠢ ᠨᠢ ᠲᠡᠭᠦᠨ ᠢ ᠬᠡᠤᠬᠡᠳ ᠭᠡᠳᠡᠭ ᠢ ᠮᠡᠳᠡᠵᠦ ᠪᠠᠶᠢᠬᠤ ᠰᠢᠭ᠋᠂ ᠰᠠᠨᠠᠭ᠎ᠠ ᠪᠠᠷ ᠨᠢ ᠠᠯᠬᠤᠵᠤ᠂ ᠱᠣᠭᠰᠢᠵᠤ᠂ ᠮᠣᠷᠢᠨ ᠠᠴᠠ ᠪᠠᠭᠤᠬᠤ ᠳᠤ ᠨᠢ ᠴᠦ ᠳᠡᠮ ᠪᠤᠯᠵᠤ ᠵᠣᠷᠢᠭᠵᠢᠭᠤᠯᠳᠠᠭ ᠪᠠᠶᠢᠭᠰᠠᠨ ᠭᠡᠨ᠎ᠡ᠃   ᠰᠡᠴᠡᠨ 1992 ᠣᠨ ᠳᠤ ᠨᠤᠲᠤᠭ ᠤᠨ ᠵᠠᠯᠠᠭᠤ ᠵᠢᠷᠠᠨᠲᠠᠢ ᠲᠠᠢ ᠬᠠᠨᠢ ᠶᠢᠨ ᠵᠠᠶᠠᠭ᠎ᠠ ᠬᠤᠯᠪᠤᠨ ᠠᠶᠢᠯ ᠭᠡᠷ ᠪᠤᠯᠤᠭᠰᠠᠨ ᠶᠤᠮ᠃ ᠡᠳᠡᠨ ᠤ ᠬᠢᠨ ᠠᠳᠤᠭᠤ ᠬᠠᠷᠢᠭᠤᠯᠳᠠᠭ ᠪᠣᠯᠬᠤᠷ ᠠᠳᠣᠭᠤᠨ ᠳᠤ ᠶᠠᠪᠤᠬᠤ ᠳᠤ ᠪᠠᠨ ᠪᠦᠷ ᠯᠡ ᠮᠤᠷᠢ ᠣᠨᠣᠳᠠᠭ᠃ ᠢᠩᠬᠢᠭᠡᠳ ᠰᠡᠴᠡᠨ ᠭᠡᠷ ᠤᠨ ᠬᠦᠮᠦᠨ ᠳᠤ ᠪᠠᠨ ᠲᠤᠰᠠ ᠪᠤᠯᠤᠨ᠎ᠠ ᠭᠡᠵᠦ ᠮᠤᠷᠢ ᠣᠨᠣᠨ ᠠᠳᠤᠭᠤ ᠮᠠᠯ ᠳᠤ ᠪᠠᠨ  ᠶᠠᠪᠤᠳᠠᠭ ᠪᠤᠯᠪᠠ᠃ ᠡᠬᠢᠯᠡᠭᠡᠳ ᠠᠳᠤᠭᠤᠨ ᠤ ᠡᠪ  ᠢ ᠰᠠᠶᠢᠨ ᠣᠯᠬᠤ ᠦᠭᠡᠢ᠂ ᠠᠳᠣᠭᠤ ᠡᠷᠭᠢᠭᠦᠯᠦᠨ᠎ᠡ ᠭᠡᠵᠦ ᠠᠷᠤ ᠠᠴᠠ  ᠨᠢ ᠲᠠᠭᠤᠯᠭᠠᠭᠠᠳ ᠠᠳᠣᠭᠤ ᠪᠠᠨ ᠬᠤᠯᠠᠳᠠᠭᠤᠯᠳᠠᠭ ᠤᠴᠢᠷ ᠴᠦ ᠵᠦᠩᠳᠡᠭᠡᠨ ᠭᠠᠷᠳᠠᠭ ᠪᠠᠶᠢᠵᠠᠢ᠃ ᠨᠦᠬᠦᠷ ᠵᠢᠷᠠᠨᠲᠠᠢ ᠨᠢ ᠠᠳᠣᠭᠤ ᠮᠣᠷᠢ ᠶᠢ ᠡᠪᠲᠡᠢ ᠣᠷᠤᠯᠳᠤᠳᠠᠭ ᠠᠳᠣᠭᠤᠴᠢᠨ ᠲᠤᠯᠠ᠂ ᠲᠡᠭᠦᠨ ᠤ ᠨᠦᠯᠦᠭᠡ ᠪᠠᠷ 1993 ᠤᠨ ᠳᠤ ᠰᠡᠴᠡᠨ ᠨᠤᠭᠲᠤ ᠲᠠᠯᠪᠢᠬᠤ ᠮᠡᠷᠭᠡᠵᠢᠯ ᠢ ᠪᠦᠷᠢᠨ ᠡᠵᠡᠮᠰᠢᠵᠤ᠂ ᠠᠶᠢᠯ ᠤᠨ ᠠᠳᠣᠭᠤᠨ ᠨᠠᠶᠢᠷ  ᠢᠶᠠᠷ ᠪᠠᠶᠢᠩᠭᠤ ᠶᠠᠪᠤᠵᠤ ᠠᠵᠢᠯ ᠶᠠᠪᠤᠳᠠᠯ ᠳᠤ ᠨᠢ ᠳᠡᠮ ᠪᠣᠯᠬᠤ ᠶᠢᠨ ᠬᠠᠵᠠᠭᠤ ᠪᠠᠷ ᠦᠪᠡᠷ ᠤᠨ ᠮᠡᠷᠭᠡᠵᠢᠯ ᠢᠶᠠᠨ ᠴᠦ ᠳᠡᠭᠡᠭᠰᠢᠯᠡᠬᠦᠯᠵᠦ ᠶᠠᠪᠤᠳᠠᠭ᠃    ᠰᠡᠭᠦᠯᠡᠷ ᠳᠡᠨ ᠤ ᠬᠢᠨ ᠠᠳᠣᠭᠤ ᠪᠠᠨ ᠴᠦᠭᠡᠴᠢᠯᠡᠭᠡᠳ 2008 ᠣᠨ ᠳᠤ ᠳᠠᠬᠢᠨ ᠠᠳᠣᠭᠤ ᠮᠠᠯᠵᠢᠵᠤ ᠠᠳᠣᠭᠤᠨ ᠰᠣᠶᠣᠯ ᠢᠶᠠᠨ ᠰᠡᠷᠭᠦᠭᠡᠭᠰᠡᠨ ᠶᠤᠮ᠃ ᠠᠳᠣᠭᠤ ᠲᠠᠢ ᠪᠤᠯᠤᠭᠠᠳ ᠣᠨᠣᠭᠠᠷᠢ ᠶᠢᠨ ᠮᠣᠷᠢ ᠦᠭᠡᠢ ᠪᠤᠯᠬᠤᠷ ᠳᠡᠳᠡ ᠬᠤᠶᠠᠭᠤᠯᠠ ᠪᠠᠨ ᠬᠠᠮᠳᠣᠪᠠᠷ 7 ᠳᠠᠭ᠎ᠠ ᠰᠣᠷᠭᠠᠵᠤ᠂ ᠰᠡᠴᠡᠨ ᠦᠪᠡᠷ ᠢᠶᠠᠨ 4 ᠳᠠᠭ᠎ᠠ ᠶᠢ ᠣᠨᠣᠵᠣ ᠰᠣᠷᠭᠠᠨ ᠮᠣᠷᠢ ᠲᠠᠢ ᠪᠤᠯᠵᠠᠢ᠃    ︽ᠠᠳᠣᠭᠤᠨ ᠤ ᠲᠤᠭᠤᠰᠣᠨ ᠳᠤ ᠬᠡᠶᠢᠮᠦᠷᠢ ᠳᠡᠭᠳᠡᠨ᠎ᠡ︾ ᠭᠡᠭᠴᠢ ᠪᠠᠷ᠂ ᠣᠷᠴᠢᠮ ᠤᠨ ᠵᠢᠯ ᠳᠤ ᠠᠳᠣᠭᠤ ᠳᠡᠯᠯᠡᠬᠦ᠂ ᠳᠠᠭ᠎ᠠ ᠲᠠᠮᠠᠭᠠᠯᠠᠬᠤ᠂ ᠵᠡᠭᠦᠦ ᠲᠠᠷᠢᠯᠭ᠎ᠠ ᠬᠢᠬᠦ ᠵᠡᠷᠭᠡ ᠠᠳᠣᠭᠤᠴᠢᠨ ᠠᠶᠢᠯ ᠤᠨ ᠠᠳᠣᠭᠤᠨ ᠰᠣᠶᠣᠯ ᠤᠨ ᠴᠣᠭᠯᠠᠭᠠᠨ ᠠᠷᠪᠢᠳᠠᠭᠰᠠᠨ ᠢᠶᠠᠷ᠂ ᠰᠡᠴᠡᠨ ᠨᠦᠬᠦᠷ ᠲᠠᠬᠢ ᠪᠠᠨ ᠬᠤᠶᠠᠭᠤᠯᠠ ᠦᠷᠭᠦᠯᠵᠢ ᠦᠤᠷ ᠢᠶᠠᠷ ᠪᠤᠰᠣᠨ ᠡᠳᠦᠷ ᠤᠨ ᠠᠵᠢᠯ ᠢᠶᠠᠨ ᠵᠠᠪᠳᠤᠭᠤᠯᠤᠭᠠᠳ ᠥᠩᠭᠡ ᠶᠢᠨ ᠰᠠᠶᠢᠬᠠᠨ ᠳᠡᠪᠡᠯ ᠲᠡᠷᠯᠢᠭ ᠢᠶᠠᠷ ᠢᠶᠠᠨ ᠭᠤᠶᠤᠯᠠᠨ᠂ ᠦᠵᠡᠮᠵᠢ ᠶᠢᠨ ᠰᠠᠶᠢᠨ ᠲᠣᠷᠭᠠᠨ ᠠᠯᠴᠢᠭᠤᠷ  ᠢᠶᠠᠨ ᠵᠡᠭᠦᠨ᠂ ᠬᠤᠷᠳᠤᠨ ᠬᠦᠯᠦᠭ ᠤᠨ ᠵᠢᠯᠤᠭᠤ ᠰᠣᠩᠭᠠᠨ᠂ ᠬᠠᠷᠴᠠᠭᠠᠢ ᠰᠢᠭ᠋ ᠬᠠᠯᠢᠵᠤ᠂ ᠪᠦᠷᠭᠦᠳ ᠰᠢᠭ ᠰᠢᠭᠦᠷᠡᠨ᠂ ᠠᠳᠣᠭᠤᠨ ᠤ ᠲᠤᠭᠤᠰᠣᠨ ᠳᠤ ᠬᠡᠶᠢᠮᠦᠷᠢ ᠪᠠᠨ ᠮᠠᠨᠳᠣᠭᠤᠯᠣᠨ ᠠᠶᠢᠯ ᠤᠨ ᠠᠵᠢᠯ ᠳᠤ ᠬᠦᠴᠦ ᠡᠷᠭᠦᠵᠦ ᠶᠠᠪᠤᠳᠠᠭ ᠪᠣᠯᠠᠵᠠᠢ᠃   ︽ᠲᠤᠷ᠎ᠠ ᠳᠤ ᠰᠢᠷ᠎ᠠ ᠦᠭᠡᠢ︾ ᠭᠡᠳᠡᠭ ᠢᠶᠠᠷ ᠣᠳᠤ ᠰᠡᠴᠡᠨ ᠨᠤᠲᠤᠭ ᠤᠨ ᠣᠯᠠᠨ ᠳᠤ ᠪᠠᠨ ᠮᠡᠳᠡᠷᠡᠭᠳᠡᠭᠰᠡᠨ ᠰᠠᠶᠢᠨ ᠨᠣᠭᠳᠣᠴᠢᠨ ᠪᠣᠯᠣᠭᠰᠠᠨ ᠢᠶᠠᠷ ᠪᠠᠷᠠᠬᠤ ᠦᠭᠡᠢ᠂ ᠡᠮᠨᠢᠭ ᠣᠨᠣᠬᠤ᠂ ᠪᠤᠭᠤᠶᠢᠯᠢ ᠬᠠᠶᠠᠵᠤ ᠶᠢᠨ ᠴᠢᠳᠠᠬᠤ  ᠪᠤᠯᠵᠠᠢ᠃   ᠰᠡᠴᠡᠨ ᠠᠳᠣᠭᠤᠨ ᠰᠣᠶᠣᠯ ᠳᠤ ᠪᠠᠨ ᠬᠠᠶᠢᠷᠠᠲᠠᠢ ᠪᠠᠷ ᠪᠠᠷᠠᠬᠤ ᠦᠭᠡᠢ᠂ ᠤᠷᠠᠨ ᠭᠠᠷ᠂ ᠲᠤᠷᠭᠠᠨ ᠬᠤᠭᠤᠯᠠᠢ ᠲᠠᠢ ᠪᠠᠶᠢᠵᠤ᠂ ᠨᠤᠲᠤᠭ ᠤᠨ ᠴᠢᠯᠠᠭᠤ ᠳᠡᠭᠡᠷ᠎ᠡ ᠪᠠᠨ ᠥᠩᠭᠡ ᠶᠢᠨ ᠪᠢᠷ ᠢᠶᠠᠷ ᠲᠠᠪᠤᠨ ᠬᠤᠰᠢᠭᠤ ᠮᠠᠯ᠂ ᠪᠠᠶᠢᠭᠠᠯᠢ ᠶᠢᠨ ᠥᠩᠭᠡ ᠦᠵᠡᠮᠵᠢ ᠶᠢ ᠵᠢᠷᠤᠭᠯᠠᠵᠤ ᠰᠠᠭᠤᠳᠠᠭ᠃ ᠰᠣᠨᠣᠰᠣᠭᠠᠳ ᠰᠠᠳᠬᠢᠯ ᠳᠤ ᠨᠢ ᠲᠠᠭᠠᠯᠠᠭᠳᠠᠭᠰᠠᠨ ᠰᠠᠶᠢᠬᠠᠨ ᠳᠠᠭᠤᠤ ᠪᠠᠶᠢᠪᠠᠯ ᠲᠤᠤᠷ᠎ᠠ ᠪᠠᠨ ᠳᠠᠭᠤᠯᠠᠵᠤ ᠰᠣᠷᠤᠭᠠᠳ ᠲᠤᠷᠭᠠᠨ ᠬᠤᠭᠤᠯᠠᠢ ᠪᠠᠷ ᠢᠶᠠᠨ ᠤᠶᠠᠩᠭᠠᠯᠠᠵᠤ ᠶᠠᠪᠤᠳᠠᠭ᠃   ᠣᠳᠣ ᠲᠠᠪᠢ ᠶᠢᠨ ᠳᠠᠪᠠᠭ᠎ᠠ ᠶᠢ ᠳᠠᠪᠠᠵᠤ ᠶᠠᠪᠤᠭ᠎ᠠ ᠰᠡᠴᠡᠨ ᠠᠭᠲᠠ ᠶᠢᠨ ᠨᠢᠷᠤᠭᠤᠨ ᠳᠤ ᠬᠠᠷᠴᠠᠭᠠᠢ ᠪᠦᠷᠭᠦᠳ ᠰᠢᠭ ᠲᠡᠭᠦᠯᠢᠨ᠂ ᠠᠭᠤᠳᠠᠮ ᠰᠠᠷᠠᠭᠤᠯ ᠠᠷᠤ ᠭᠦᠨ ᠤ ᠲᠠᠯ᠎ᠠ ᠳᠡᠭᠡᠷ᠎ᠡ ᠭᠤᠷᠪᠠᠨ ᠦᠶ᠎ᠡ ᠪᠠᠷ ᠢᠶᠠᠨ ᠠᠳᠣᠭᠤ ᠮᠠᠯ ᠤᠨ ᠢᠶᠠᠨ ᠬᠡᠰᠢᠭ ᠲᠤ ᠵᠢᠷᠭᠠᠯᠲᠤ ᠠᠮᠢᠳᠣᠷᠠᠯ ᠢᠶᠠᠨ ᠴᠣᠭᠴᠠᠯᠠᠨ᠂ ᠠᠳᠣᠭᠤᠨ ᠰᠣᠶᠣᠯ ᠢᠶᠠᠨ ᠦᠷ᠎ᠡ ᠬᠤᠶᠢᠴᠢᠰ ᠲᠤ ᠪᠠᠨ ᠦᠪᠯᠡᠭᠦᠯᠦᠨ ᠤᠯᠠᠮᠵᠢᠯᠠᠵᠤ ᠶᠠᠪᠤᠨ᠎ᠠ᠃
1.jpg
3.jpg
                                                                                                ᠪᠠᠶᠠᠨ ᠨᠠᠭᠤᠷ ᠤᠨ ᠡᠳᠦᠷ ᠤᠨ ᠰᠣᠨᠢᠨ ᠠᠴᠠ ᠪᠠᠭᠤᠯᠭᠠᠪᠠ     
ᠢᠷᠡᠯᠲᠡ᠄ ᠄ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ