4 ᠰᠠᠷ᠎ᠠ ᠶᠢᠨ 27 ᠤ ᠡᠳᠦᠷ᠂ ᠴᠠᠰᠤ ᠬᠠᠷᠠᠬᠠᠨ ᠬᠠᠶᠢᠯᠵᠤ ᠲᠠᠭᠤᠰᠤᠭᠠᠳᠤᠢ ᠪᠠᠶᠢᠵᠤ᠂ ᠥᠷᠯᠤᠭᠡᠨ ᠤ ᠨᠠᠷᠨ ᠨᠢᠮᠭᠡᠨ ᠮᠠᠨᠠᠨ ᠢ ᠨᠡᠪᠲᠡᠯᠦᠨ᠂ ᠴᠠᠰᠤᠨ ᠰᠢᠷᠭᠡᠭ | ᠲᠡᠭᠡᠷ᠎ᠠ ᠲᠤᠰᠬᠤ ᠳᠤ ᠤᠨᠴᠠ ᠶᠢᠨ ᠢᠯᠡᠲᠡᠢ ᠬᠢᠯᠳᠤᠭᠡᠨᠠᠨᠠ᠃ ᠥᠪᠥᠷ ᠮᠣᠩᠭᠤᠯ ᠤᠨ ᠤᠢ ᠰᠢᠭᠤᠢ ᠶᠢᠨ ᠠᠵᠤ ᠦᠢᠯᠡᠳᠪᠦᠷᠢ ᠶᠢᠨ ᠪᠦᠯᠦᠭᠯᠡᠯ ᠤᠨ ᠮᠣᠷᠢᠳᠠᠭᠠ ᠤᠢ | ᠰᠢᠭᠤᠢ ᠶᠢᠨ ᠠᠵᠤ ᠦᠢᠯᠡᠳᠪᠦᠷᠢ ᠶᠢᠨ ᠺᠣᠮᠫᠠᠨᠢ ᠶᠢᠨ ᠲᠠᠶᠢᠫᠢᠩ ᠡᠵᠡᠩᠨᠡᠯᠲᠡ ᠬᠠᠮᠢᠶᠠᠷᠤᠯᠲᠠ ᠬᠠᠮᠠᠭᠠᠯᠠᠯᠲᠠ ᠶᠢᠨ ᠲᠥᠪ ᠤᠨ ᠳᠡᠳ᠋ ᠡᠷᠬᠢᠯᠡᠭᠴᠢ ᠵᠠᠩ ᠲᠠᠢ ᠱᠦᠨ | ᠤᠤᠯ ᠤᠨ ᠬᠢ ᠲᠠᠢ ᠪᠠᠨ ᠠᠳᠠᠯᠢ ᠪᠠᠷ ᠮᠥᠰᠥ ᠴᠠᠰᠤ ᠶᠢ ᠭᠢᠰᠬᠢᠯᠡᠨ᠂ ᠤᠢ ᠶᠢᠨ ᠭᠦᠨ ᠢ ᠴᠢᠭᠯᠡᠵᠦ᠂ ᠤᠢ ᠰᠢᠭᠤᠢ ᠶᠢ ᠬᠠᠮᠠᠭᠠᠯᠠᠬᠤ ᠠᠵᠢᠯ ᠢᠶᠠᠨ ᠡᠬᠢᠯᠡᠭᠦᠯᠤᠯ᠎ᠠ᠃ | ᠬᠥᠪᠥᠩ ᠭᠤᠲᠤᠯ ᠳᠤᠨᠢ ᠴᠠᠰᠤ ᠮᠦᠰᠦ ᠪᠠᠷᠢᠯᠳᠤᠨ ᠬᠦᠯᠳᠡᠵᠦ᠂ ᠴᠠᠰᠤ ᠱᠠᠷᠴᠢᠬᠢᠨᠠᠭᠤᠯᠤᠨ ᠠᠯᠬᠤᠯᠠᠬᠤ ᠲᠠᠭᠤᠨ ᠨᠢ ᠤᠢ ᠰᠢᠭᠤᠢ ᠶᠢᠨ ᠨᠠᠮ ᠭᠦᠮ ᠢ ᠡᠪᠳᠡᠨ᠎ᠠ᠃ | ᠥᠪᠥᠷ ᠮᠣᠩᠭᠤᠯ ᠤᠨ ᠶᠡᠭᠡ ᠬᠢᠩᠭᠠᠨ ᠳᠠᠪᠠᠭ᠎ᠠ ᠶᠢᠨ ᠬᠥᠪᠴᠢ ᠤᠢ ᠶᠢᠨ ᠳᠤᠮᠳᠠ᠂ ᠵᠠᠩ ᠲᠠᠢ ᠱᠦᠨ 27 ᠵᠢᠯ ᠤᠨ ᠲᠤᠷᠰᠢ᠂ ᠬᠥᠮᠦᠰ ᠤᠨ ᠰᠡᠳᠭᠢᠯ ᠢ | ᠬᠥᠳᠡᠯᠭᠡᠮ᠎ᠡ ᠨᠣᠮᠢᠨ ᠨᠣᠭᠤᠭᠠᠨ ᠮᠠᠭᠲᠠᠭᠠᠯ ᠳᠠᠭᠤᠤ ᠶᠢ ᠪᠢᠴᠢᠭᠯᠡᠵᠡᠢ᠃ | ᠤᠢ ᠰᠢᠭᠤᠢ ᠶᠢ ᠡᠵᠡᠩᠨᠡᠨ ᠬᠠᠮᠠᠭᠠᠯᠠᠬᠤ ᠠᠵᠢᠯ ᠤᠨ ᠳᠤᠮᠳᠠ᠂ ᠵᠠᠩ ᠲᠠᠢ ᠱᠦᠨ ᠳᠡᠭᠡᠳᠦ ᠬᠡᠮᠵᠢᠶᠡᠨ ᠤ ᠲᠤᠰᠬᠠᠢ ᠮᠡᠷᠭᠡᠵᠢᠯ ᠤᠨ ᠬᠡᠪ ᠪᠣᠯᠪᠠᠰᠤᠷᠠᠯ ᠪᠣᠯᠤᠨ | ᠦᠢᠯᠡᠰ ᠢᠶᠠᠨ ᠳᠡᠭᠡᠳᠦᠯᠡᠬᠦ ᠵᠣᠷᠢᠭ ᠰᠠᠨᠠᠭ᠎ᠠ ᠶᠢ ᠢᠯᠡᠷᠡᠭᠦᠯᠪᠡ᠃ ᠲᠡᠷᠡ GPS ᠪᠠᠶᠢᠷᠢ ᠲᠣᠭᠲᠠᠭᠠᠬᠤ ᠰᠢᠰᠲ᠋ᠧᠮ᠂ ᠬᠡᠮᠵᠢᠯᠲᠡ ᠶᠢᠨ ᠱᠤᠭᠤᠮ ᠵᠡᠷᠭᠡ | ᠲᠥᠬᠦᠭᠡᠷᠦᠮᠵᠢ ᠶᠢ ᠪᠣᠯᠪᠠᠰᠤᠷᠠᠩᠭᠤᠢ ᠬᠡᠷᠡᠭᠯᠡᠵᠦ᠂ ︽ᠲᠣᠣᠷᠵᠢᠭᠤᠯᠤᠭᠰᠠᠨ ᠲᠣᠭᠤᠷᠢᠨ ᠪᠠᠶᠢᠴᠠᠭᠠᠯᠲᠠ + ᠲᠣᠭᠠᠴᠢᠯᠠᠭᠰᠠᠨ ᠬᠠᠷᠢᠴᠠᠭᠤᠯᠤᠯ︾ ᠤᠨ ᠠᠵᠢᠯ ᠤᠨ | ᠵᠠᠭᠪᠤᠷ ᠢ ᠰᠢᠨ᠎ᠡ ᠶᠢ ᠡᠭᠦᠳᠦᠨ ᠬᠡᠷᠡᠭᠯᠡᠵᠦ᠂ ᠰᠢᠭᠤᠶᠢᠲᠤ ᠣᠷᠣᠨ ᠳᠤ ᠨᠠᠷᠢᠨ ᠨᠢᠮᠪᠠᠢ ᠬᠠᠶᠢᠨ ᠪᠠᠶᠢᠴᠠᠭᠠᠯᠲᠠ ᠬᠢᠵᠡᠢ᠃ ᠲᠡᠭᠦᠨ ᠤ ᠴᠢᠩᠭ᠎ᠠ ᠬᠠᠮᠢᠶᠠᠷᠤᠯᠲᠠ ᠳᠣᠣᠷ᠎ᠠ᠂ | ᠭᠤᠣᠯᠯᠠᠨ ᠬᠠᠮᠢᠶᠠᠷᠴᠤ ᠪᠠᠶᠢᠭ᠎ᠠ ᠤᠢ ᠰᠢᠭᠤᠢ ᠶᠢ ᠪᠤᠶᠢᠵᠢᠭᠤᠯᠵᠤ ᠤᠭᠲᠤᠯᠬᠤ ᠣᠷᠣᠨ ᠨᠢ ᠨᠢᠭᠡᠳᠦᠭᠡᠷ ᠲᠦᠷᠦᠯ ᠤᠨ ᠮᠣᠳᠣ ᠣᠭᠲᠣᠯᠬᠤ ᠣᠷᠣᠨ ᠤ ᠲᠦᠪᠰᠢᠨ ᠢ | ᠪᠠᠲᠤᠯᠠᠭᠰᠠᠭᠠᠷ ᠢᠷᠡᠵᠠᠢ᠃ ᠲᠡᠭᠦᠨ ᠤ ᠭᠠᠷᠲᠠᠵᠤ ᠪᠠᠶᠢᠴᠠᠭᠠᠵᠤ ᠰᠢᠯᠭᠠᠨ ᠠᠪᠤᠭᠰᠠᠨ ᠤᠢ ᠰᠢᠭᠤᠢ ᠶᠢᠨ ᠪᠤᠶᠢᠵᠢᠭᠤᠯᠤᠯᠲᠠ ᠶᠢᠨ ᠲᠠᠯᠠᠪᠠᠢ ᠨᠢ ᠨᠡᠶᠢᠲᠡ 125 | ᠲᠦᠮᠡᠨ ᠮᠦ ᠳᠤ ᠬᠦᠷᠴᠦ᠂ ᠡᠭᠡ ᠤᠢ ᠶᠢ 8 ᠲᠦᠮᠡᠨ ᠮᠦ ᠡᠵᠡᠩᠨᠡᠵᠦ᠂ 9 ᠲᠦᠮᠡᠨ ᠮᠦ ᠮᠣᠳᠣ ᠲᠠᠷᠢᠵᠤ ᠤᠶᠢᠵᠢᠭᠤᠯᠪᠠ᠃ ᠲᠡᠷᠡ ᠬᠠᠮᠲᠤ | ᠠᠵᠢᠯᠯᠠᠭᠰᠠᠳ ᠲᠠᠢ ᠪᠠᠨ ᠬᠠᠮᠵᠢᠯᠴᠠᠨ 192 ᠬᠡᠰᠡᠭ ᠣᠶ ᠰᠢᠭᠤᠶ ᠶᠢ ᠪᠤᠶᠢᠵᠢᠭᠤᠯᠤᠭᠰᠠᠨ ᠦᠷ᠎ᠡ ᠪᠦᠲᠦᠮᠵᠢ ᠶᠢ ᠬᠢᠨᠠᠨ ᠬᠡᠮᠵᠢᠬᠦ ᠲᠣᠭᠲᠠᠮᠠᠯ ᠪᠠᠷᠢᠮᠵᠢᠶᠠᠲᠤ | ᠭᠠᠵᠠᠷ ᠤᠨ ᠳᠠᠪᠲᠠᠨ ᠬᠡᠮᠵᠢᠬᠦ ᠪᠠ ᠪᠥᠲᠥᠭᠡᠨ ᠪᠠᠶᠢᠭᠤᠯᠤᠯᠲᠠ ᠶᠢ ᠪᠡᠶᠡᠯᠡᠭᠦᠯᠵᠦ᠂ 192 ᠰᠠᠭᠤᠷᠢ ᠮᠤᠳᠤ ᠶᠢ ᠬᠢᠨᠠᠨ ᠬᠡᠮᠵᠢᠯᠳᠠ ᠬᠢᠵᠦ᠂ ᠪᠣᠯᠣᠳ ᠵᠢᠶᠠᠰᠠᠲᠤ | ᠵᠢᠱᠢᠶ᠎ᠡ ᠦᠵᠡᠭᠦᠯᠬᠦ ᠣᠶ ᠶᠢᠨ ᠲᠡᠮᠳᠡᠭ ᠢ 6 ᠪᠠᠶᠢᠭᠤᠯᠵᠤ᠂ ᠮᠣᠳᠣᠨ ᠫᠠᠶᠢᠰᠠᠲᠤ ᠲᠡᠮᠳᠡᠭ ᠢ 1 ᠪᠠᠶᠢᠭᠤᠯᠵᠤ᠂ ᠣᠶ ᠰᠢᠭᠤᠶ ᠶᠢᠨ ᠤᠷᠭᠤᠯᠲᠠ ᠶᠢᠨ ᠪᠠᠶᠢᠳᠠᠯ ᠢ ᠬᠢᠨᠠᠨ | ᠬᠡᠮᠵᠢᠬᠦ ᠳᠤ ᠨᠠᠶᠢᠳᠠᠪᠤᠷᠢᠲᠠᠶ ᠦᠨᠳᠦᠰᠦᠯᠡᠯ ᠬᠠᠩᠭᠠᠭᠰᠠᠨ ᠢᠶᠠᠷ ᠪᠠᠷᠠᠬᠤ ᠥᠬᠡᠶ ᠪᠥᠲᠥᠭᠡᠨ ᠪᠠᠶᠢᠭᠤᠯᠬᠤ ᠥᠪᠡᠷ ᠤᠨ ᠥᠷᠲᠡᠭ ᠢ 20 ᠲᠦᠮᠡ ᠰᠢᠬᠠᠮ ᠲᠥᠭᠦᠷᠢᠭ | ᠠᠷᠪᠢᠯᠠᠪᠠ᠃ | ᠬᠠᠬᠢᠷ ᠡᠪᠦᠯ ᠬᠠᠯᠠᠭᠤᠨ ᠵᠤᠨ ᠭᠡᠰᠡᠨ ᠦᠭᠡᠢ᠂ ᠵᠠᠩ ᠲᠠᠢ ᠱᠦᠨ ᠢᠮᠠᠭᠲᠠ ᠠᠵᠢᠯ ᠤᠨ ᠪᠠᠶᠢᠷᠢ ᠪᠠᠨ ᠪᠠᠲᠤ ᠰᠠᠬᠢᠳᠠᠭ᠃ ᠵᠣᠨ ᠤ ᠤᠯᠠᠷᠢᠯ ᠳᠤ᠂ ᠰᠢᠭᠤᠶᠢᠲᠤ | ᠣᠷᠣᠨ ᠳᠤ ᠢᠯᠠᠭ᠎ᠠ ᠪᠠᠲᠠᠭᠠᠨ᠎ᠠ᠂ ᠱᠠᠯᠵᠨ ᠬᠤᠷᠣᠬᠠᠶ ᠰᠥᠷᠡᠭᠡᠢ ᠪᠣᠯᠪᠠᠴᠤ ᠲᠡᠷᠡ ᠥᠴᠦᠬᠡᠨ ᠴᠦ ᠲᠠᠲᠠᠭᠠᠯᠵᠠᠯ ᠥᠬᠡᠶ ᠠᠵᠢᠯᠯᠠᠵᠤ᠂ ᠱᠠᠯᠵᠨ ᠳᠤ | ᠵᠠᠭᠤᠭᠳᠠᠭᠰᠠᠨ ᠤ ᠳᠠᠷᠠᠭ᠎ᠠ ᠲᠠᠶᠢᠪᠤᠭᠤᠬᠠᠨ ᠢᠶᠠᠷ ᠰᠢᠢᠳᠪᠦᠷᠢᠯᠡᠳᠡᠭ ᠲᠤᠷᠰᠢᠯᠭ᠎ᠠ ᠨᠢ ᠪᠦᠯᠬᠦᠮ ᠨᠡᠶᠢᠲᠡ ᠶᠢᠨ ︽ᠵᠠᠪᠠᠯ ᠰᠤᠷᠬᠤ ᠬᠢᠴᠢᠶᠡᠯ︾ ᠪᠣᠯᠤᠭᠰᠠᠨ ᠪᠠᠶᠢᠨ᠎ᠠ︔ | ᠡᠪᠦᠯ ᠤᠨ ᠤᠯᠠᠷᠢᠯ ᠳᠤ᠂ ᠲᠡᠭ ᠠᠴᠠ ᠳᠣᠷᠣᠭᠰᠢ 30 ᠭᠷᠠᠳᠦ᠋ᠰ ᠤᠨ ᠬᠥᠢᠳᠡᠨ ᠢ ᠲᠡᠰᠪᠤᠷᠢᠯᠡᠨ ᠬᠡᠮᠵᠢᠯᠲᠡ ᠶᠢᠨ ᠲᠥᠯᠥᠪᠯᠡᠭᠡ ᠶᠢᠨ ᠤᠷᠤᠭᠰᠢᠲᠠᠶ ᠶᠠᠪᠤᠭᠳᠠᠬᠤ ᠶᠢ | ᠪᠠᠲᠤᠯᠠᠬᠤ ᠶᠢᠨ ᠲᠥᠯᠥᠭᠡ᠂ ᠲᠡᠷᠡ ᠦᠷᠭᠦᠯᠵᠢ 10 ᠭᠠᠷᠤᠶ ᠺᠢᠯᠣᠮᠧᠳ᠋ᠷ ᠠᠯᠬᠤᠵᠤ᠂ ᠤᠮᠳᠠᠭᠠᠰᠪᠠᠯ ᠴᠠᠰᠤ ᠡᠮᠬᠦᠨ ᠤᠮᠳᠠ ᠪᠠᠨ ᠳᠠᠷᠤᠵᠤ᠂ ᠶᠠᠳᠠᠷᠠᠪᠠᠯ | ᠪᠤᠯᠠᠭᠠᠷᠢ ᠪᠠᠷ ᠰᠠᠨᠳᠠᠯᠢ ᠪᠣᠯᠭᠠᠵᠤ ᠵᠢᠭᠠᠬᠠᠨ ᠠᠮᠤᠰᠬᠢᠳᠠᠭ᠃ ᠤᠯᠠᠨ ᠵᠢᠯ ᠴᠠᠭ ᠤᠨ ᠬᠤᠭᠤᠯᠠ ᠪᠠᠨ ᠴᠠᠭ ᠲᠠᠭᠠᠨ ᠰᠠᠶᠢᠬᠠᠨ ᠢᠳᠡᠭᠰᠡᠨ ᠦᠭᠡᠢ ᠠᠴᠠ ᠪᠤᠯᠵᠤ ᠲᠡᠷᠡ | ᠬᠤᠳᠣᠭᠤᠳᠣ ᠭᠡᠳᠡᠰᠦᠨ ᠤ ᠡᠪᠡᠳᠴᠢᠨ ᠳᠤ ᠨᠡᠷᠪᠡᠭᠳᠡᠵᠡᠢ᠂ ᠡᠬᠡᠨᠡᠷ ᠨᠢ ᠲᠡᠭᠦᠨ ᠢ ᠥᠷᠥ ᠡᠪᠡᠳᠴᠦ᠂ ᠦᠷᠭᠦᠯᠵᠢ ᠬᠠᠷᠮᠠᠨ ᠳᠤᠨᠢ ᠯᠣᠬᠠᠱᠧᠩ ᠤᠨ ᠦᠷ᠎ᠡ ᠪᠠ ᠰᠢᠬᠢᠷ | ᠰᠠᠪᠠᠯᠠᠵᠤ ᠥᠭᠳᠡᠭ᠂ ᠡᠳᠡᠭᠡᠷ ᠨᠢ ᠲᠡᠭᠦᠨ ᠤ ᠠᠵᠢᠯ ᠤᠨ ᠵᠠᠪᠰᠠᠷ ᠲᠤ ᠰᠡᠳᠭᠢᠯ ᠢᠶᠠᠨ ᠲᠤᠯᠠᠭᠠᠴᠠᠭᠤᠯᠬᠤ ᠬᠠᠮᠤᠭ ᠤᠨ ︽ᠠᠮᠲᠠᠲᠤ ᠬᠤᠭᠤᠯᠠ︾ ᠪᠣᠯᠤᠨ᠎ᠠ᠃ | ᠲᠤᠰᠬᠠᠢ ᠮᠡᠷᠭᠡᠵᠢᠯ ᠤᠨ ᠠᠵᠢᠯᠳᠠᠨ ᠪᠣᠯᠤᠭᠰᠠᠨ ᠤ ᠬᠤᠪᠢ ᠳᠤ᠂ ᠵᠠᠩ ᠲᠠᠢ ᠱᠦᠨ ᠰᠤᠷᠤᠯᠴᠠᠯᠭ᠎ᠠ ᠶᠢᠨ ᠴᠢᠬᠤᠯᠠ ᠴᠢᠨᠠᠷ ᠢ ᠭᠦᠨᠵᠡᠭᠡᠢ ᠣᠶᠢᠯᠠᠭᠠᠳᠠᠭ᠃ | ᠠᠵᠢᠯ ᠤᠨ ᠴᠢᠯᠥᠭᠡ ᠵᠠᠪ ᠢᠶᠠᠷ ᠢᠶᠠᠨ᠂ ᠲᠡᠷᠡ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ᠂ ᠮᠡᠷᠭᠡᠵᠢᠯ ᠤᠨ ᠲᠦᠷᠢᠮ ᠲᠣᠭᠲᠠᠭᠠᠯ ᠪᠠ ᠪᠠᠷᠢᠮᠵᠢᠶ᠎ᠠ ᠨᠠᠷᠢᠨ ᠲᠦᠷᠢᠮ ᠢ | ᠨᠠᠷᠢᠨ ᠬᠢᠨᠠᠮᠠᠭᠠᠶ ᠰᠤᠳᠤᠯᠵᠤ᠂ ᠲᠣᠰ ᠪᠡᠶ᠎ᠡ ᠶᠢᠨ ᠲᠤᠬᠠᠶᠢᠯᠠᠭᠰᠠᠨ ᠠᠵᠢᠯ ᠤᠨ ᠬᠡᠪ ᠪᠣᠯᠪᠠᠰᠤᠷᠠᠯ ᠢᠶᠠᠨ ᠲᠠᠰᠤᠷᠠᠯᠲᠠ ᠥᠬᠡᠶ ᠳᠡᠭᠡᠭᠰᠢᠯᠡᠭᠦᠯᠪᠡ᠃ ᠲᠡᠷᠡ ᠪᠠᠰᠠ ︽ | ᠤᠯᠠᠮᠵᠢᠯᠠᠬᠤ ᠬᠠᠪᠰᠤᠷᠬᠤ ᠳᠠᠭᠠᠭᠤᠯᠬᠤ︾ ᠦᠢᠯᠡᠳᠦᠯ ᠢᠶᠠᠨ ᠢᠳᠡᠪᠬᠢᠲᠡᠢ ᠪᠠᠳᠠᠷᠠᠭᠤᠯᠵᠤ᠂ ᠲᠤᠰᠬᠠᠢ ᠰᠡᠳᠦᠪᠲᠦ ᠪᠣᠯᠪᠠᠰᠤᠷᠠᠯ ᠢ ᠵᠣᠬᠢᠶᠠᠨ ᠪᠠᠶᠢᠭᠤᠯᠵᠤ᠂ ︽ | ᠤᠨᠤᠯ ᠤᠨ ᠲᠠᠶᠢᠯᠤᠮᠵᠢ + ᠲᠤᠬᠠᠢ ᠶᠢᠨ ᠲᠠᠯᠠᠪᠠᠢ ᠶᠢᠨ ᠵᠢᠱᠢᠶ᠎ᠡ ᠦᠵᠡᠭᠦᠯᠬᠦ︾ ᠵᠢᠭᠠᠨ ᠰᠤᠷᠭᠠᠯᠲᠠ ᠶᠢᠨ ᠵᠠᠭᠪᠤᠷ ᠢᠶᠠᠷ᠂ ᠪᠠᠶᠢᠴᠠᠭᠠᠯᠲᠠ ᠶᠢᠨ ᠵᠢᠷᠤᠭ | ᠲᠥᠯᠥᠪᠯᠡᠭᠡ ᠶᠢᠨ ᠲᠥᠰᠦᠯ᠂ ᠲᠤᠬᠠᠢ ᠶᠢᠨ ᠲᠠᠯᠠᠪᠠᠢ ᠳᠤ ᠮᠦᠴᠢᠷ ᠵᠠᠰᠠᠵᠤ ᠰᠡᠶᠢᠷᠡᠭᠵᠢᠬᠦᠯᠦᠨ ᠤᠭᠳᠤᠯᠬᠤ ᠮᠡᠷᠭᠡᠵᠢᠯ ᠤᠨ ᠭᠤᠣᠯᠳᠠᠯᠭ᠎ᠠ ᠶᠢ ᠭᠦᠨᠵᠡᠭᠡᠢ | ᠲᠠᠶᠢᠯᠪᠤᠷᠢᠯᠠᠵᠤ᠂ ᠪᠦᠯᠬᠦᠮ ᠨᠢᠭᠡᠴᠢ ᠶᠢᠨ ᠲᠤᠰᠬᠠᠢ ᠮᠡᠷᠭᠡᠵᠢᠯ ᠤᠨ ᠴᠢᠳᠠᠪᠤᠷᠢ ᠶᠢ ᠪᠦᠲᠦᠮᠵᠢᠲᠡᠢ ᠳᠡᠭᠡᠭᠰᠢᠯᠡᠭᠦᠯᠪᠡ᠃ ᠴᠡᠴᠡᠷᠯᠢᠭᠵᠢᠭᠦᠯᠦᠨ ᠨᠣᠭᠤᠭᠠᠷᠠᠭᠤᠯᠬᠤ᠂ | ᠦᠷ᠎ᠡ ᠴᠢᠬᠢ ᠶᠢᠨ ᠦᠢᠯᠡᠳᠪᠦᠷᠢᠯᠡᠯ᠂ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠵᠡᠷᠭᠡ ᠲᠥᠷᠥᠯ ᠵᠦᠢᠯ ᠤᠨ ᠠᠵᠢᠯ ᠤᠨ ᠳᠤᠮᠳᠠ᠂ ᠲᠡᠷᠡ | ᠪᠦᠯᠬᠦᠮ ᠢᠶᠠᠨ ᠳᠠᠭᠠᠭᠤᠯᠤᠨ ᠨᠡᠶᠢᠲᠡ 1000 ᠰᠢᠬᠠᠮ ᠰᠠᠭᠤᠷᠢ ᠮᠣᠳᠣ ᠳᠠᠷᠢᠨ ᠨᠣᠭᠤᠭᠠᠷᠠᠭᠤᠯᠵᠤ᠂ 2 ᠲᠦᠮᠡᠨ ᠮᠥ ᠶᠢᠨ ᠬᠥᠮᠦᠨ ᠤ ᠬᠦᠴᠦ ᠪᠠᠷ ᠪᠠᠶᠢᠭᠠᠯᠢ ᠶᠢᠨ | ᠰᠢᠨᠡᠴᠢᠯᠡᠯᠲᠡ ᠶᠢ ᠠᠬᠢᠭᠤᠯᠬᠤ ᠡᠭᠦᠷᠭᠡ ᠶᠢ ᠪᠡᠶᠡᠯᠡᠭᠦᠯᠵᠦ᠂ ᠡᠪᠡᠳᠴᠢᠨ ᠬᠤᠷᠣᠬᠠᠶ ᠶᠢᠨ ᠬᠥᠨᠥᠭᠡᠯ ᠢ 3 ᠲᠦᠮᠡᠨ ᠮᠥ ᠰᠡᠷᠭᠡᠶᠢᠯᠡᠨ ᠵᠠᠰᠠᠵᠤ᠂ ᠰᠢᠭᠤᠶᠢᠲᠤ ᠣᠷᠣᠨ ᠤ | ᠠᠮᠢ ᠠᠬᠤᠶ ᠶᠢᠨ ᠵᠢᠭᠤᠯᠴᠢᠯᠠᠯ ᠤᠨ ᠬᠥᠭᠵᠢᠯᠲᠡ ᠶᠢᠨ ᠡᠬᠢ ᠪᠠᠶᠠᠯᠢᠭ ᠤᠨ ᠰᠠᠭᠤᠷᠢ ᠶᠢ ᠪᠠᠬᠢᠵᠢᠭᠦᠯᠵᠦ᠂ ᠣᠶ ᠰᠢᠭᠤᠶ ᠶᠢᠨ ᠦᠷᠭᠦᠯᠵᠢᠯᠡᠬᠦ ᠬᠥᠭᠵᠢᠯᠲᠡ ᠶᠢ | ᠠᠬᠢᠭᠤᠯᠵᠤ᠂ ᠯᠤᠲᠤ ᠶᠡᠭᠡ ᠨᠡᠶᠢᠭᠡᠮ ᠤᠨ ᠦᠷ᠎ᠡ ᠠᠰᠢᠭ ᠢ ᠡᠭᠦᠳᠪᠡ᠃ | ᠵᠠᠩ ᠲᠠᠢ ᠱᠦᠨ ᠪᠣᠯ ᠲᠡᠷᠢᠵᠦ ᠨᠤᠭᠤᠭᠠᠷᠠᠭᠤᠯᠬᠤ ᠦᠢᠯᠡᠳᠦᠯᠭᠡᠵᠢᠭᠦᠯᠦᠭᠴᠢ ᠪᠣᠯᠬᠤ ᠪᠠᠷ ᠪᠠᠷᠠᠬᠤ ᠦᠭᠡᠢ ᠨᠡᠩ ᠴᠤ ᠡᠬᠡ ᠪᠠᠶᠢᠭᠠᠯᠢ ᠶᠢᠨ ᠲᠠᠶᠢᠴᠢᠨ | ᠬᠠᠮᠠᠭᠠᠯᠠᠭᠴᠢ ᠮᠥᠨ᠃ ᠡᠪ ᠬᠠᠮᠲᠤ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ᠂ ᠲᠡᠷᠡ ︽ᠠᠷᠠᠳ ᠲᠦᠮᠡᠨ ᠢ ᠳᠡᠭᠡᠳᠦᠯᠡᠬᠦ᠂ ᠠᠮᠢ ᠨᠠᠰᠤ ᠶᠢ ᠳᠡᠭᠡᠳᠦᠯᠡᠬᠦ︾ | ᠣᠶᠢᠯᠠᠭᠠᠭᠳᠠᠬᠤᠨ ᠢ ᠢᠮᠠᠭᠲᠠ ᠦᠢᠯᠡᠳᠦᠯᠭᠡᠵᠢᠭᠦᠯᠵᠦ᠂ ᠤᠷᠢᠳ ᠬᠤᠵᠢᠳ 40 ᠭᠠᠷᠤᠢ ᠤᠳᠠᠭ᠎ᠠ ᠺᠣᠮᠫᠠᠨᠢ ᠶᠢᠨ ᠤᠢ ᠰᠢᠭᠤᠢ ᠶᠢᠨ ᠲᠦᠢᠮᠡᠷ ᠢ ᠤᠨᠲᠠᠷᠠᠭᠠᠬᠤ | ᠡᠭᠦᠷᠭᠡ ᠳᠤ ᠣᠷᠣᠯᠴᠠᠵᠤ᠂ ᠣᠷᠣᠨ ᠪᠦᠰᠡ ᠰᠤᠨᠳᠠᠯᠠᠭᠰᠠᠨ 14 ᠤᠳᠠᠭ᠎ᠠ ᠶᠢᠨ ᠤᠢ ᠰᠢᠭᠤᠢ ᠶᠢᠨ ᠠᠵᠤ ᠦᠢᠯᠡᠳᠪᠦᠷᠢ ᠶᠢᠨ ᠺᠣᠮᠫᠠᠨᠢ ᠶᠢᠨ ᠬᠦᠨᠳᠦ ᠶᠡᠭᠡ | ᠲᠦᠢᠮᠡᠷ ᠤᠨ ᠪᠠᠶᠢᠳᠠᠯ ᠢ ᠰᠶᠢᠳᠪᠦᠷᠢᠯᠡᠬᠦ ᠳᠤ ᠲᠤᠰᠠᠯᠠᠵᠠᠢ᠃ 2024 ᠣᠨ ᠤ ᠶᠡᠭᠡ ᠬᠢᠩᠭᠠᠨ ᠳᠠᠪᠠᠭ᠎ᠠ ᠶᠢᠨ ᠠᠶᠤᠩᠭ᠎ᠠ ᠨᠢᠷᠭᠡᠯᠳᠡ ᠶᠢᠨ ᠭᠠᠯ ᠤᠨ | ᠳᠠᠶᠢᠯᠠᠯᠳᠤᠭᠠᠨ ᠳᠤ᠂ ᠲᠡᠷᠡ ᠪᠣᠭᠤᠮᠲᠠ ᠰᠢᠪᠲᠤᠯᠬᠤ ᠳᠤᠭᠤᠶᠢᠯᠠᠩ ᠢ ᠳᠠᠭᠠᠭᠤᠯᠤᠨ ᠵᠠᠯᠭᠠᠭ᠎ᠠ ᠪᠠᠷ 16 ᠡᠳᠦᠷ ᠰᠥᠨᠢ ᠡᠷᠡᠯᠬᠡᠭᠯᠡᠨ ᠪᠠᠶᠢᠯᠳᠤᠵᠤ᠂ 2 ᠬᠡᠰᠡᠭ | ᠠᠶᠤᠩᠭ᠎ᠠ ᠨᠢᠷᠭᠡᠯᠳᠡ ᠶᠢᠨ ᠭᠠᠯ ᠢ ᠠᠮᠵᠢᠯᠲᠠ ᠲᠠᠢ ᠤᠨᠲᠠᠷᠠᠭᠠᠪᠠ᠃ ᠭᠠᠯ ᠤᠨ ᠲᠠᠯᠠᠪᠠᠢ ᠳᠤ᠂ ᠲᠡᠷᠡ ᠲᠤᠨᠤᠭ ᠲᠦᠬᠦᠭᠡᠷᠦᠮᠵᠢ ᠪᠣᠯᠣᠨ ᠡᠳ᠋ ᠪᠣᠳᠠᠰ ᠢ ᠰᠢᠨᠵᠢᠯᠡᠬᠦ | ᠤᠬᠠᠭᠠᠨᠴᠢ ᠪᠠᠷ ᠲᠣᠬᠢᠷᠠᠭᠤᠯᠵᠤ᠂ ᠪᠠᠲᠤᠯᠠᠭ᠎ᠠ ᠶᠢᠨ ᠲᠣᠭᠲᠡᠴᠡ ᠶᠢ ᠪᠦᠷᠢᠨᠰᠢᠭᠦᠯᠵᠦ᠂ ︽ᠭᠤᠷᠪᠠ ᠶᠢ ᠲᠡᠷᠢᠭᠦᠨ ᠳᠤ ᠲᠠᠯᠪᠢᠬᠤ︾ ᠵᠠᠷᠴᠢᠮ ᠢ ᠲᠦᠷᠦᠭᠦᠯᠡᠨ | ᠦᠢᠯᠡᠳᠦᠯᠭᠡᠵᠢᠭᠦᠯᠵᠦ᠂ ᠪᠣᠳᠠᠲᠤ ᠠᠵᠢᠯᠯᠠᠭ᠎ᠠ ᠪᠠᠷ ᠢᠶᠠᠨ ᠡᠪ ᠬᠠᠮᠲᠤ ᠨᠠᠮ ᠤᠨ ᠭᠡᠰᠢᠭᠦᠨ ᠤ ᠬᠠᠷᠢᠭᠤᠴᠠᠯᠭ᠎ᠠ ᠡᠭᠦᠷᠭᠡᠯᠡᠯ ᠢ ᠲᠠᠶᠢᠯᠪᠤᠷᠢᠯᠠᠪᠠ᠃ | ᠴᠤᠭ ᠵᠤᠯᠢ ᠪᠠᠳᠠᠷᠠᠭᠰᠠᠨ ᠭᠠᠯ ᠵᠠᠯᠠᠭᠤ ᠨᠠᠰᠤᠨ ᠠᠴᠠ ᠪᠠᠨ ᠰᠠᠨᠴᠢᠭ ᠪᠤᠭᠤᠷᠤᠯ ︽ᠠᠬᠠᠮᠠᠳ ᠤᠢ ᠰᠢᠭᠤᠢ ᠶᠢᠨ ᠠᠵᠢᠯᠲᠠᠨ︾ ᠪᠣᠯᠵᠤ᠂ ᠵᠠᠩ ᠲᠠᠢ ᠱᠦᠨ | 27 ᠵᠢᠯ ᠢ ᠨᠢᠭᠡ ᠡᠳᠦᠷ ᠮᠡᠲᠦ ᠪᠠᠲᠤ ᠰᠠᠬᠢᠵᠤ ᠡᠯᠪᠡᠭ ᠪᠠᠶᠠᠯᠢᠭ ᠦᠷ᠎ᠡ ᠪᠦᠲᠦᠭᠡᠯ ᠣᠯᠵᠠᠢ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠢ | ᠰᠢᠭᠤᠢ ᠶᠢ ᠠᠷᠠᠴᠢᠯᠠᠨ ᠪᠤᠶᠢᠵᠢᠭᠤᠯᠬᠤ ᠠᠵᠢᠯᠲᠠᠨ ᠠᠵᠢᠯᠴᠢᠨ ᠤ ᠤᠷ᠎ᠠ ᠮᠡᠷᠭᠡᠵᠢᠯ ᠤᠨ ᠤᠷᠤᠯᠳᠤᠭᠠᠨ ᠳᠤ᠂ ᠲᠡᠷᠡ ᠭᠠᠷᠮᠠᠭᠠᠢ ᠤᠷ᠎ᠠ ᠮᠡᠷᠭᠡᠵᠢᠯ ᠢᠶᠠᠷ ᠢᠶᠠᠨ | ᠤᠯᠠᠨ ᠠᠴᠠ ᠴᠣᠯᠭᠤᠷᠠᠨ ᠮᠠᠩᠯᠠᠶᠢᠯᠠᠪᠠ᠃ ︽ᠪᠥᠬᠦ ᠣᠷᠣᠨ ᠤ ᠮᠡᠷᠭᠡᠵᠢᠯ ᠤᠨ ᠴᠢᠳᠠᠪᠤᠷᠢᠲᠠᠨ︾᠂ ︽ᠥᠪᠡᠷᠲᠡᠭᠡᠨ ᠵᠠᠰᠠᠬᠤ ᠣᠷᠣᠨ ᠤ ︿5 · 1﹀ ᠤ | ᠬᠥᠳᠡᠯᠮᠦᠷᠢ ᠶᠢᠨ ᠱᠠᠩᠨᠠᠯ ᠤᠨ ᠲᠡᠮᠳᠡᠭ︾ ᠵᠡᠷᠭᠡ ᠢᠷᠠᠭᠤ ᠠᠯᠳᠠᠷ ᠨᠢ ᠲᠡᠭᠦᠨ ᠢ ᠵᠤᠷᠢᠭᠵᠢᠭᠤᠯᠵᠤ ᠦᠷᠭᠦᠯᠵᠢᠯᠡᠨ ᠤᠷᠤᠭᠰᠢᠯᠠᠭᠤᠯᠤᠨ᠎ᠠ᠃ | ᠡᠨᠡ ᠵᠢᠯ ᠤᠨ ︽5 · 1︾ ᠤ ᠳᠡᠯᠡᠬᠡᠢ ᠶᠢᠨ ᠬᠥᠳᠡᠯᠮᠦᠷᠢᠴᠢᠳ ᠤᠨ ᠪᠠᠶᠠᠷ ᠠᠴᠠ ᠡᠮᠦᠨᠡᠬᠡᠨ᠂ ᠵᠠᠩ ᠲᠠᠢ ᠱᠦᠨ ᠥᠪᠡᠷᠲᠡᠭᠡᠨ ᠵᠠᠰᠠᠬᠤ ᠣᠷᠣᠨ ᠤ | ᠬᠥᠳᠡᠯᠮᠦᠷᠢ ᠶᠢᠨ ᠵᠢᠱᠢᠶᠡᠴᠢ ᠶᠢᠨ ᠢᠷᠠᠭᠤ ᠠᠯᠳᠠᠷ ᠢ ᠬᠦᠷᠲᠡᠪᠡ᠃ ᠲᠡᠷᠡ ᠮᠣᠩᠭᠤᠯ ᠮᠤᠷᠢᠨ ᠤ ᠵᠣᠷᠢᠭ ᠰᠠᠨᠠᠭ᠎ᠠ ᠪᠣᠯᠤᠨ ︽ᠤᠮᠠᠷᠠᠲᠤ ᠶᠢᠨ ᠭᠤᠷᠪᠠᠨ ᠣᠷᠣᠨ ᠤ | ᠵᠣᠷᠢᠭ ᠰᠠᠨᠠᠭ᠎ᠠ︾ ᠶᠢ ᠦᠷᠭᠦᠯᠵᠢᠯᠡᠨ ᠪᠠᠳᠠᠷᠠᠭᠤᠯᠵᠤ᠂ ᠬᠥᠳᠡᠯᠮᠦᠷᠢ ᠶᠢᠨ ᠵᠢᠱᠢᠶᠡᠴᠢ ᠶᠢᠨ ᠵᠣᠷᠢᠭ ᠰᠠᠨᠠᠭ᠎ᠠ᠂ ᠬᠥᠳᠡᠯᠮᠦᠷᠢ ᠶᠢᠨ ᠵᠣᠷᠢᠭ ᠰᠠᠨᠠᠭ᠎ᠠ᠂ ᠤᠷᠠᠨ | ᠳᠠᠷᠬᠠᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠰᠢᠷᠭᠠᠭᠤ ᠴᠢᠷᠮᠠᠶᠢᠯᠭ᠎ᠠ ᠪᠠᠷ ᠤᠢ ᠰᠢᠭᠤᠢ ᠶᠢᠨ ᠭᠠᠵᠠᠷ ᠪᠤᠯᠭᠠᠨ ᠢ ᠬᠡᠮᠵᠢᠵᠦ᠂ ᠡᠭᠦᠷᠭᠡᠯᠡᠯ ᠢᠶᠠᠷ ᠬᠦᠴᠢᠷ | ᠠᠰᠠᠭᠤᠳᠠᠯ ᠪᠦᠬᠦᠨ ᠳᠤ ᠰᠢᠭᠤᠳ ᠬᠠᠨᠳᠤᠵᠤ᠂ ᠤᠯᠠᠮᠵᠢᠯᠠᠯ ᠢᠶᠠᠷ ᠤᠢ ᠰᠢᠭᠤᠢ ᠶᠢ ᠬᠠᠮᠠᠭᠠᠯᠠᠬᠤ ᠠᠵᠢᠯ ᠢ ᠡᠭᠦᠷᠢᠳᠡ ᠦᠷᠭᠦᠯᠵᠢᠯᠡᠭᠦᠯᠵᠦ᠂ ᠰᠢᠨ᠎ᠡ ᠶᠢ | ᠡᠭᠦᠳᠬᠦ ᠪᠠᠷ ᠪᠣᠬᠢᠷᠲᠤᠯ ᠦᠭᠡᠢ ᠬᠥᠭᠵᠢᠯᠲᠡ ᠶᠢᠨ ᠰᠢᠪᠲᠤᠯᠤᠯᠲᠠ ᠪᠣᠯᠭᠠᠨ᠎ᠠ᠃ ︽ᠡᠨᠡ ᠬᠦ ᠬᠦᠨᠳᠦ ᠴᠢᠬᠤᠯᠠ ᠢᠷᠠᠭᠤ ᠠᠯᠳᠠᠷ ᠨᠢ ᠭᠠᠭᠴᠠ ᠮᠢᠨᠦᠬᠢ ᠪᠢᠰᠢ᠂ | ᠮᠦᠨ ᠴᠦ ᠡᠨᠡ ᠬᠦ ᠤᠢ ᠰᠢᠭᠤᠢ ᠶᠢᠨ ᠬᠢ᠂ ᠬᠦᠳᠡᠩ ᠮᠠᠨᠠᠨ ᠤ ᠳᠤᠮᠳᠠ ᠠᠭᠤᠯᠠᠠ ᠤᠢ ᠶᠢ ᠬᠡᠮᠵᠢᠵᠦ᠂ ᠰᠦᠨᠢ ᠶᠢᠨ ᠬᠦᠰᠢᠭᠡ ᠶᠢᠨ ᠳᠤᠤᠷ᠎ᠠ ᠨᠣᠭᠤᠭᠠᠨ | ᠦᠩᠬᠡ ᠶᠢ ᠰᠠᠬᠢᠨ ᠬᠠᠮᠠᠭᠠᠯᠠᠵᠤ ᠪᠠᠶᠢᠭ᠎ᠠ ᠤᠢ ᠰᠢᠭᠤᠢ ᠶᠢᠨ ᠠᠵᠢᠯ ᠳᠦᠷᠦᠯ ᠤᠨ ᠬᠥᠮᠦᠰ ᠤᠨ ᠪᠦᠭᠦᠳᠡ ᠶᠢᠨ ᠢᠷᠠᠭᠤ ᠠᠯᠳᠠᠷ ᠮᠦᠨ︾ ᠭᠡᠵᠦ ᠢᠯᠡᠳᠭᠡᠪᠡ᠃ | ᠨᠠᠷᠠᠠ ᠰᠠᠷᠠᠠ ᠡᠭᠡᠯᠵᠢᠯᠡᠵᠦ᠂ ᠳᠦᠷᠪᠡᠨ ᠤᠯᠠᠷᠢᠯ ᠰᠤᠯᠢᠭᠳᠠᠨ ᠤᠷᠴᠢᠵᠤ ᠪᠠᠶᠢᠭᠰᠠᠨ ᠴᠤ ᠵᠠᠩ ᠲᠠᠢ ᠱᠦᠨ ᠤ ᠠᠯᠬᠤᠭ᠎ᠠ ᠶᠡᠷᠦ ᠠᠴᠠ ᠵᠣᠭᠰᠤᠭ᠎ᠠ ᠦᠭᠡᠢ᠃ | ᠦᠳᠡᠰᠢ ᠶᠢᠨ ᠪᠦᠷᠦᠢ ᠠᠭᠤᠯᠠᠨ ᠤᠢ ᠳᠤ ᠪᠠᠭᠤᠵᠤ᠂ ᠡᠭᠦᠷ ᠲᠡᠭᠡᠨ ᠪᠤᠴᠠᠭᠰᠠᠨ ᠰᠢᠪᠠᠭᠤᠳ ᠤᠨ ᠵᠢᠷᠭᠢᠬᠦ ᠲᠠᠭᠤᠨ ᠤᠢ ᠶᠢᠨ ᠳᠤᠮᠳᠠ ᠦᠷᠭᠦᠯᠵᠢᠯᠡᠬᠦᠶ᠎ᠡ᠂ ᠲᠡᠷᠡᠪᠡᠷ | GPS ᠪᠠᠶᠢᠷᠢ ᠲᠣᠭᠲᠠᠭᠠᠯᠳᠠ ᠶᠢᠨ ᠬᠡᠮᠵᠢᠭᠦᠷᠯᠢᠭ ᠢᠶᠠᠨ ᠪᠠᠶᠢᠨ ᠳᠠᠬᠢᠨ ᠡᠷᠭᠦᠵᠦ ᠲᠤᠭ᠎ᠠ ᠪᠠᠷᠢᠮᠲᠠ ᠶᠢ ᠨᠠᠷᠢᠨ ᠬᠠᠷᠭᠤᠭᠤᠯᠵᠤ᠂ ᠪᠦᠷᠦᠢ ᠳᠠᠰᠤᠷᠠᠵᠤ ᠤᠳᠤᠳ | ᠲᠦᠭᠡᠬᠦ ᠳᠤ ᠰᠠᠶ᠋ᠢ ᠰᠠᠷᠠᠨ ᠤ ᠬᠡᠬᠡ ᠲᠠᠢ ᠬᠠᠨᠢᠯᠠᠨ ᠪᠤᠴᠠᠪᠠ᠃ ᠰᠡᠬᠦ᠋ᠢᠨ ᠰᠦᠨᠳᠡᠷᠯᠡᠭᠰᠡᠨ ᠠᠭᠤᠯᠠ ᠨᠢᠷᠤᠭᠤᠳ ᠲᠡᠭᠦᠨ ᠤ ᠪᠠᠲᠤ ᠰᠠᠬᠢᠵᠤ ᠬᠤᠪᠢ ᠨᠡᠮᠡᠷᠢ | ᠦᠵᠡᠭᠦᠯᠦᠭᠰᠡᠨ ᠢ ᠭᠡᠷᠡᠴᠢᠯᠡᠵᠦ᠂ ᠡᠪᠡᠳᠴᠢᠨ ᠤ ᠬᠥᠨᠥᠭᠡᠯ ᠤᠨ ᠦᠯᠢᠭᠡᠷ ᠶᠠᠩᠵᠤ ᠶᠢ ᠪᠤᠭᠴᠤᠯᠠᠭᠰᠠᠨ ᠪᠢᠷᠵᠢᠩᠭᠡ ᠪᠣᠭᠴᠣ ᠠᠯᠬᠤᠮ ᠢ ᠨᠢ ᠲᠠᠭᠠᠵᠤ ᠠᠶᠠᠷᠬᠠᠨ | ᠰᠠᠵᠢᠯᠠᠵᠤ᠂ ︽ᠦᠨᠳᠦᠷ ᠠᠭᠤᠯᠠᠰ ᠬᠦᠬᠡᠷᠡᠵᠦ ᠦᠪᠡᠷ ᠢᠶᠠᠨ ᠪᠢ ᠦᠳᠡᠯᠦᠭᠰᠡᠨ︾ ᠭᠡᠬᠦ ᠰᠡᠳᠭᠢᠯ ᠬᠥᠳᠡᠯᠭᠡᠮ᠎ᠡ ᠦᠯᠢᠭᠡᠷ ᠢ ᠬᠦᠦᠷᠨᠢᠵᠤ ᠪᠠᠶᠢᠯ᠎ᠠ᠃ | | |