ᠭᠡᠭᠦᠦ ᠶᠢᠨ ᠰᠠᠭᠠᠯᠢ ᠠᠪᠬᠤ ᠠᠷᠭ᠎ᠠ
ᠨᠡᠶᠢᠲᠡᠯᠡᠭᠰᠡᠨ ᠴᠠᠭ᠄
2025/4/28
  ᠤᠷᠠᠳᠴᠣᠳ ᠭᠡᠭᠦᠦ ᠰᠠᠭᠠᠵᠤ ᠰᠠᠭᠠᠯᠢ ᠠᠪᠬᠤ ᠶᠢ ᠳᠡᠮᠡᠢ ᠴᠢᠬᠤᠯᠠᠴᠢᠯᠠᠳᠠᠭ ᠦᠭᠡᠢ᠂ ᠬᠠᠷᠢᠨ ᠵᠣᠨ ᠤ ᠴᠠᠭ ᠲᠤ ᠠᠳᠣᠭᠤ ᠪᠠᠨ ᠬᠤᠷᠢᠶᠠᠵᠤ᠂ ᠤᠨᠠᠭ᠎ᠠ ᠪᠠᠨ ᠤᠶᠠᠵᠤ ᠭᠡᠭᠦᠦ ᠪᠠᠨ ᠰᠠᠭᠠᠵᠤ ᠴᠡᠭᠡ ᠤᠤᠭᠤᠳᠠᠭ ᠵᠠᠩᠰᠢᠯ ᠲᠠᠢ ᠶᠤᠮ᠃  ᠴᠡᠭᠡ ᠪᠣᠯ ᠵᠦᠪᠬᠡᠨ ᠭᠡᠬᠦᠦ ᠶᠢᠨ ᠰᠦ ᠪᠠᠷ ᠬᠢᠳᠡᠭ ᠰᠠᠷᠬᠤᠳ ᠤᠨ ᠴᠢᠨᠠᠷ ᠲᠠᠢ ᠴᠠᠭᠠᠨ ᠬᠠᠰ ᠤᠨ ᠡᠭᠡᠳᠡᠩ ᠮᠥᠨ᠃ ᠪᠦᠬᠦᠶᠢᠯ᠎ᠡ ᠮᠤᠩᠭᠤᠯ ᠦᠨᠳᠦᠰᠦᠲᠡᠨ ᠤ ᠲᠡᠤᠬᠡᠨ ᠳᠡᠭᠡᠷ᠎ᠡ ᠭᠡᠭᠦᠦ ᠶᠢᠨ ᠴᠡᠭᠡ ᠶᠢ ᠴᠠᠭᠠᠨ ᠢᠳᠡᠭᠡᠨ ᠤ ᠤᠬᠢ ᠮᠠᠩᠯᠠᠢ ᠭᠡᠵᠦ ᠬᠠᠭᠠᠳ ᠨᠤᠶᠠᠳ ᠬᠦᠨᠳᠦᠳᠦ ᠶᠡᠭᠡ ᠲᠦᠷᠦ ᠶᠢᠨ  ᠳᠠᠶᠢᠯᠠᠯᠭ᠎ᠠ᠂ ᠠᠯᠣᠰ ᠬᠤᠯᠠ  ᠶᠢᠨ ᠠᠶᠠᠨ ᠲᠠᠶᠢᠨ᠂ ᠣᠷᠤᠭ ᠬᠤᠷᠢᠮ ᠤᠨ ᠪᠠᠶᠠᠷ ᠨᠠᠶᠢᠷ᠂ ᠨᠣᠮ ᠤᠨ ᠮᠢᠨᠳᠠᠭ ᠣᠯᠭᠤᠬᠤ ᠶᠤᠰᠤᠯᠠᠯ ᠵᠡᠷᠭᠡ ᠣᠯᠠᠨ  ᠳᠠᠶᠢᠯᠠᠯᠭ᠎ᠠ ᠳᠤ ᠴᠡᠭᠡ ᠪᠠᠨ ᠰᠦᠩᠨᠡᠵᠦ᠂ ᠭᠡᠮ ᠴᠠᠶᠢᠯᠵᠠᠭᠤᠯᠤᠨ᠂ ᠳᠠᠶᠠᠭᠠᠷ ᠤᠯᠠᠨ ᠢᠶᠠᠷ ᠢᠶᠠᠨ ᠳᠠᠭᠤᠤ ᠳᠠᠭᠤᠯᠠᠵᠤ ᠡᠷᠬᠢᠮᠯᠡᠨ ᠤᠤᠭᠤᠯᠴᠠᠳᠠᠭ ᠭᠡᠵᠦ ᠳᠡᠮᠳᠡᠭᠯᠡᠵᠦ ᠪᠣᠢ᠃ ᠭᠡᠭᠦᠦ ᠶᠢᠨ ᠰᠦ ᠨᠢ ᠰᠢᠷ᠎ᠠ ᠶᠢᠨ ᠡᠪᠡᠳᠴᠢᠨ᠂ ᠬᠤᠳᠤᠭᠤᠳᠤᠨ ᠰᠢᠩᠭᠡᠭᠡᠯᠲᠡ ᠶᠢ ᠰᠠᠶᠢᠵᠢᠷᠠᠭᠤᠯᠤᠨ ᠪᠡᠶ᠎ᠡ ᠶᠢ ᠴᠢᠭᠢᠷᠠᠭᠵᠢᠭᠤᠯᠤᠨ ᠲᠠᠮᠢᠷ ᠨᠡᠮᠡᠭᠳᠡᠭᠦᠯᠬᠦ᠂ ᠰᠦᠷᠢᠶ᠎ᠡ ᠡᠪᠡᠳᠴᠢᠨ ᠢ ᠵᠠᠰᠠᠵᠤ᠂ ᠠᠭᠤᠰᠬᠢ  ᠶᠢ ᠰᠠᠶᠢᠵᠢᠷᠠᠭᠤᠯᠬᠤ ᠵᠡᠷᠭᠡ ᠡᠮ ᠤᠨ ᠴᠢᠨᠠᠷ ᠪᠠᠶᠢᠳᠠᠭ᠃                                                 ᠮᠤᠩᠭᠤᠯ ᠲᠡᠤᠬᠡ ᠰᠣᠶᠣᠯ ᠤᠨ ᠰᠣᠩᠭᠤᠳᠠᠭ ᠵᠣᠬᠢᠶᠠᠯ ᠤᠨ ᠬᠦᠮᠦᠷᠭᠡ᠂ ᠵᠠᠩ                                            ᠦᠢᠯᠡ  ᠶᠢᠨ  ᠴᠣᠪᠣᠷᠠᠯ ︽ᠤᠷᠠᠳ  ᠵᠠᠩ  ᠦᠢᠯᠡ︾ ᠠᠴᠠ ᠪᠠᠭᠤᠯᠭᠠᠪᠠ
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ