ᠢᠩᠭᠡᠨ ᠤ ᠰᠠᠭᠠᠯᠢ ᠠᠪᠬᠤ ᠠᠷᠭ᠎ᠠ
ᠨᠡᠶᠢᠲᠡᠯᠡᠭᠰᠡᠨ ᠴᠠᠭ᠄
2025/4/28
    ᠢᠩᠭᠡᠨ ᠤ ᠰᠠᠭᠠᠯᠢ ᠠᠪᠬᠤ ᠴᠠᠭ ᠪᠣᠯ ᠨᠡᠯᠢᠶᠡᠳ ᠣᠷᠳᠤ ᠪᠠᠶᠢᠳᠠᠭ᠃ ᠪᠠᠷᠤᠭ ᠬᠠᠪᠤᠷ ᠢᠩᠭᠡ ᠪᠤᠳᠤᠭᠤᠯᠠᠭᠰᠠᠨ ᠠᠴᠠ ᠡᠬᠢᠯᠡᠨ ᠡᠪᠦᠯ ᠲᠣᠷᠰᠢ ᠰᠠᠭᠠᠳᠠᠭ  ᠪᠤᠯᠳᠠᠭ᠃ ᠰᠠᠭᠠᠬᠤ ᠳᠤ ᠪᠠᠨ ᠪᠤᠳᠤᠭᠤ ᠶᠢ ᠨᠢ ᠬᠤᠪᠢᠨ ᠳᠤ ᠨᠢ ᠢᠯᠭᠠᠵᠤ ᠬᠠᠷᠢᠭᠤᠯᠳᠠᠭ᠃ ᠢᠩᠭᠡᠨ ᠤ ᠰᠦ ᠪᠣᠯ ᠲᠠᠪᠤᠨ ᠬᠤᠰᠢᠭᠤ ᠮᠠᠯ ᠤᠨ ᠰᠦ ᠶᠢᠨ ᠲᠤᠳᠤᠷ᠎ᠠ ᠬᠠᠮᠤᠭ ᠤᠨ ᠰᠢᠮ᠎ᠡ ᠲᠡᠵᠢᠭᠡᠯ ᠲᠠᠢ ᠪᠦᠭᠡᠳ ᠬᠦᠮᠦᠨ ᠤ ᠪᠡᠶ᠎ᠡ ᠶᠢᠨ ᠬᠤᠳᠣᠭᠤᠳᠣ ᠵᠡᠷᠭᠡ ᠣᠯᠠᠨ ᠡᠷᠬᠡᠳᠡᠨ ᠤ ᠡᠪᠡᠳᠴᠢᠨ ᠳᠤ ᠴᠦᠮ ᠲᠣᠰᠠᠲᠠᠢ ᠪᠠᠶᠢᠳᠠᠭ᠃ ᠢᠩᠭᠡᠨ ᠤ ᠰᠦ  ᠶᠢ ᠬᠦᠭᠡᠷᠦᠬᠦᠯᠵᠦ ᠣᠣᠭᠤᠬᠤ ᠪᠣᠶᠣ ᠠᠶᠢᠷᠠᠭ ᠪᠦᠯᠢᠵᠦ ᠠᠭᠠᠷᠤᠤᠯ᠂ ᠦᠷᠦᠮ᠎ᠡ᠂ ᠰᠢᠷ᠎ᠠ ᠲᠤᠰᠤ᠂ ᠬᠤᠷᠣᠳ ᠪᠣᠯᠪᠠᠰᠣᠷᠠᠭᠤᠯᠵᠤ ᠪᠣᠯᠳᠠᠭ ᠪᠦᠭᠡᠳ ᠢᠩᠭᠡᠨ ᠤ ᠰᠦ  ᠶᠢᠨ ᠠᠭᠠᠷᠤᠤᠯ ᠨᠢ ᠣᠨᠴᠠᠭᠠᠢ ᠲᠤᠰᠤᠷᠬᠠᠭ ᠪᠦᠭᠡᠳ ᠵᠦᠭᠡᠯᠡᠨ ᠪᠠᠶᠢᠳᠠᠭ᠂ ᠢᠩᠭᠡᠨ ᠤ ᠰᠠᠭᠠᠮᠠᠯ ᠰᠦ  ᠪᠠᠷ ᠴᠠᠢ ᠰᠦᠯᠡᠬᠦ ᠳᠤ ᠲᠣᠩ ᠰᠠᠶᠢᠬᠠᠨ ᠠᠩᠭᠢᠯᠦᠮ᠎ᠡ ᠦᠨᠦᠷ ᠠᠮᠲᠠ ᠲᠠᠢ ᠪᠠᠶᠢᠳᠠᠭ᠃    ᠤᠷᠠᠳ ᠨᠣᠲᠤᠭ ᠤᠨ ᠬᠤᠶᠢᠲᠤ ᠪᠠ ᠪᠠᠷᠠᠭᠤᠨ ᠬᠤᠶᠢᠲᠤ ᠬᠡᠰᠡᠭ ᠲᠤ ᠲᠡᠮᠡᠭᠡᠨ ᠰᠦᠷᠦᠭ ᠠᠷᠪᠢᠨ ᠲᠣᠯᠠ ᠲᠡᠨᠳᠡ ᠲᠡᠮᠡᠭᠡᠨ ᠰᠠᠭᠠᠯᠢ ᠶᠢ ᠡᠷᠬᠢᠮᠯᠡᠨ ᠠᠪᠬᠤ ᠳᠠᠳᠬᠠᠯ ᠲᠠᠢ ᠪᠠᠶᠢᠳᠠᠭ᠃                                              ᠮᠤᠩᠭᠤᠯ ᠲᠡᠤᠬᠡ ᠰᠣᠶᠣᠯ ᠤᠨ ᠰᠣᠩᠭᠤᠳᠠᠭ ᠵᠣᠬᠢᠶᠠᠯ ᠤᠨ ᠬᠦᠮᠦᠷᠭᠡ᠂ ᠵᠠᠩ                                               ᠦᠢᠯᠡ  ᠶᠢᠨ  ᠴᠣᠪᠣᠷᠠᠯ ︽ᠤᠷᠠᠳ  ᠵᠠᠩ  ᠦᠢᠯᠡ︾ ᠠᠴᠠ ᠪᠠᠭᠤᠯᠭᠠᠪᠠ  
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ