ᠦᠨᠢᠶᠡᠨ ᠤ ᠰᠠᠭᠠᠯᠢ ᠠᠪᠬᠤ ᠴᠠᠭ ᠪᠣᠯ ᠵᠣᠨ ᠤ ᠳᠦᠷᠪᠡᠳᠦᠭᠡᠷ ᠰᠠᠷ᠎ᠠ ᠠᠴᠠ ᠡᠪᠦᠯ ᠤᠨ ᠡᠬᠢᠨ ᠰᠠᠷ᠎ᠠ ᠬᠦᠷᠲᠡᠯᠡᠬᠢ ᠬᠤᠭᠤᠴᠠᠭ᠎ᠠ ᠪᠣᠯᠣᠨ᠎ᠠ᠃ | ᠵᠣᠨ ᠤ ᠴᠠᠭ ᠤᠨ ᠦᠨᠢᠶᠡᠨ ᠰᠦ ᠪᠣᠯ ᠰᠢᠩᠭᠡᠨ ᠲᠤᠯᠠ ᠦᠷᠦᠮ᠎ᠡ ᠨᠢ ᠨᠢᠮᠬᠡᠨ᠂ ᠠᠭᠠᠷᠤᠤᠯ ᠪᠠᠭ᠎ᠠ ᠭᠠᠷᠳᠠᠭ᠂ ᠦᠨᠢᠶᠡᠨ ᠤ ᠰᠠᠭᠠᠯᠢ ᠠᠪᠬᠤ ᠬᠠᠮᠤᠭ ᠰᠠᠶᠢᠨ | ᠴᠠᠭ ᠪᠣᠯ ᠵᠤᠨ ᠤ ᠰᠡᠭᠦᠯᠴᠢ ᠨᠠᠮᠤᠷ ᠤᠨ ᠡᠬᠢᠨ ᠤ ᠦᠶ᠎ᠡ ᠳᠤ ᠪᠠᠶᠢᠵᠤ᠂ ᠦᠨᠢᠶᠡᠨ ᠰᠦ ᠦᠳᠬᠡᠷᠡᠵᠦ ᠦᠷᠦᠮ᠎ᠡ ᠰᠠᠭᠤᠬᠤ ᠨᠢ ᠰᠠᠶᠢᠨ ᠪᠦᠭᠡᠳ ᠵᠤᠵᠠᠭᠠᠨ᠂ | ᠠᠭᠠᠷᠤᠤᠯ ᠬᠤᠷᠤᠳ ᠴᠦ ᠠᠷᠪᠢᠨ ᠭᠠᠷᠳᠠᠭ᠃ ᠦᠨᠢᠶᠡᠨ ᠰᠦ ᠪᠠᠷ ᠮᠠᠰᠢ ᠠᠷᠪᠢᠨ ᠵᠦᠢᠯ ᠤᠨ ᠢᠳᠡᠭᠡᠨ ᠪᠣᠯᠪᠠᠰᠤᠷᠠᠭᠤᠯᠵᠤ ᠪᠤᠯᠳᠠᠭ᠃ ᠴᠠᠭᠠᠨ ᠢᠳᠡᠭᠡᠨ ᠤ | ᠲᠣᠳᠣᠷ᠎ᠠ ᠦᠨᠢᠶᠡᠨ ᠰᠦ ᠪᠣᠯ ᠰᠢᠮ᠎ᠡ ᠲᠡᠵᠢᠭᠡᠯ ᠲᠡᠭᠦᠰ᠂ ᠠᠮᠳᠠ ᠲᠡᠭᠦᠯᠳᠡᠷ᠂ ᠭᠠᠷᠤᠯᠲᠠ ᠪᠠᠷ ᠬᠠᠮᠤᠭ ᠤᠨ ᠠᠷᠪᠢᠨ᠂ ᠬᠡᠷᠡᠭᠴᠡᠭᠡ ᠪᠠᠷ ᠬᠠᠮᠤᠭ ᠤᠨ ᠶᠡᠭᠡ ᠪᠠᠶᠢᠳᠠᠭ | ᠴᠠᠭᠠᠨ ᠢᠳᠡᠭᠡ ᠪᠣᠯᠪᠠᠰᠣᠷᠠᠭᠤᠯᠬᠤ ᠭᠤᠣᠯ ᠲᠦᠭᠦᠬᠡᠢ ᠮᠠᠲ᠋ᠧᠷᠢᠶᠠᠯ ᠪᠣᠯᠬᠤ ᠶᠤᠮ᠃ ᠦᠨᠢᠶᠡᠨ ᠰᠦ ᠪᠠᠷ ᠦᠷᠦᠮ᠎ᠡ᠂ ᠰᠢᠷ᠎ᠠ ᠲᠤᠰᠣ᠂ ᠵᠦᠭᠡᠭᠡᠢ᠂ ᠠᠭᠠᠷᠤᠤᠯ᠂ ᠬᠤᠷᠤᠳ᠂ | ᠡᠭᠡᠵᠡᠭᠡᠢ᠂ ᠪᠢᠰᠢᠯᠠᠭ᠂ ᠰᠠᠭᠠᠮᠠᠯ ᠰᠦ᠂ ᠬᠦᠴᠢᠲᠡᠢ ᠰᠦ᠂ ᠡᠭᠡᠳᠡᠭᠰᠡᠨ ᠰᠦ᠂ ᠬᠦᠬᠡᠷᠦᠭᠦᠯᠦᠭᠰᠡᠨ ᠰᠦ᠂ ᠰᠠᠭᠠᠯᠢ ᠶᠢᠨ ᠠᠷᠢᠬᠢ ᠵᠡᠷᠭᠡ ᠲᠣᠩ ᠣᠯᠠᠨ ᠵᠦᠢᠯ ᠤᠨ ᠠᠮᠲᠠ | ᠰᠢᠨ᠎ᠡ ᠲᠠᠢ ᠢᠳᠡᠭᠡᠨ ᠤᠮᠳᠠᠭᠠᠨ ᠪᠣᠯᠪᠠᠰᠣᠷᠠᠭᠤᠯᠬᠤ ᠪᠣᠯᠳᠠᠭ᠃ | ᠦᠨᠢᠶ᠎ᠡ ᠶᠢ ᠡᠳᠦᠷ ᠲᠤ ᠦᠷᠯᠦᠭᠡ᠂ ᠣᠷᠤᠢ ᠬᠤᠶᠠᠷ ᠤᠳᠠᠭ᠎ᠠ ᠰᠠᠭᠠᠳᠠᠭ᠃ ᠭᠡᠬᠦ ᠳ᠋ᠪ᠊ ᠲᠤᠭᠤᠯ ᠢ ᠨᠢ ᠡᠬᠡ ᠠᠴᠠ ᠨᠢ ᠰᠠᠯᠭᠠᠵᠤ ᠬᠤᠪᠢᠨ ᠳᠤ ᠨᠢ ᠬᠠᠷᠢᠭᠤᠯᠵᠤ᠂ | ᠬᠤᠲᠠᠯᠠᠬᠤ ᠦᠶ᠎ᠡ ᠳᠤ ᠵᠡᠯ᠎ᠡ ᠳᠡᠭᠡᠷ᠎ᠡ ᠤᠶᠠᠳᠠᠭ᠃ ᠦᠨᠢᠶ᠎ᠡ ᠶᠢ ᠰᠠᠭᠠᠬᠤ ᠳᠤ ᠪᠠᠨ ᠣᠷᠢᠳ ᠢᠶᠠᠷ ᠲᠣᠭᠤᠯ ᠢ ᠨᠢ ᠡᠬᠡ ᠳᠤ ᠨᠢ ᠬᠦᠬᠦᠭᠦᠯᠵᠦ ᠰᠦ ᠶᠢ ᠨᠢ | ᠭᠦᠢᠴᠡᠳ ᠪᠠᠭᠤᠳᠠᠯ᠎ᠠ ᠢᠪᠢᠯᠭᠡᠭᠡᠳ ᠰᠠᠶ᠋ᠢ ᠲᠤᠭᠤᠯ ᠢ ᠨᠢ ᠲᠠᠲᠠᠵᠤ ᠤᠶᠠᠭᠠᠳ ᠦᠨᠢᠶ᠎ᠡ ᠪᠠᠨ ᠰᠠᠭᠠᠳᠠᠭ᠂ ᠡᠬᠦᠨ ᠢ ᠦᠨᠢᠶ᠎ᠡ ᠢᠪᠢᠯᠭᠡᠬᠦ ᠭᠡᠳᠡᠭ᠃ | | | | | | ᠮᠤᠩᠭᠤᠯ ᠲᠡᠤᠬᠡ ᠰᠣᠶᠣᠯ ᠤᠨ ᠰᠣᠩᠭᠤᠳᠠᠭ ᠵᠣᠬᠢᠶᠠᠯ ᠤᠨ ᠬᠦᠮᠦᠷᠭᠡ᠂ ᠵᠠᠩ | ᠦᠢᠯᠡ ᠶᠢᠨ ᠴᠣᠪᠣᠷᠠᠯ ︽ᠤᠷᠠᠳ ᠵᠠᠩ ᠦᠢᠯᠡ︾ ᠠᠴᠠ ᠪᠠᠭᠤᠯᠭᠠᠪᠠ | | | |