ᠬᠤᠨᠢ ᠢᠮᠠᠭᠠᠨ ᠤ ᠰᠠᠭᠠᠯᠢ ᠠᠪᠬᠤ ᠠᠷᠭ᠎ᠠ
ᠨᠡᠶᠢᠲᠡᠯᠡᠭᠰᠡᠨ ᠴᠠᠭ᠄
2025/4/28
    ᠲᠠᠪᠤᠨ ᠬᠤᠰᠢᠭᠤ ᠮᠠᠯ ᠤᠨ ᠰᠦ ᠰᠠᠭᠠᠬᠤ ᠬᠤᠭᠤᠴᠠᠭ᠎ᠠ ᠬᠤᠭᠤᠷᠤᠨᠳᠤ ᠪᠠᠨ ᠪᠠᠰᠠ ᠠᠳᠠᠯᠢ ᠦᠭᠡᠢ ᠪᠦᠭᠡᠳ ᠰᠠᠭᠠᠯᠢ ᠠᠪᠬᠤ ᠠᠷᠭ᠎ᠠ ᠮᠠᠶ᠋ᠢᠭ ᠤᠨ ᠲᠠᠯ᠎ᠠ ᠪᠠᠷ ᠴᠦ ᠠᠳᠠᠯᠢ ᠪᠣᠰᠣ ᠪᠠᠶᠢᠳᠠᠭ᠃ ᠤᠷᠠᠳᠴᠣᠳ ᠤᠨ ᠰᠦ ᠰᠠᠭᠠᠯᠢ ᠠᠪᠬᠤ ᠮᠠᠯ ᠪᠣᠯ ᠭᠤᠣᠯᠳᠠᠭᠤ ᠦᠬᠡᠷ᠂ ᠲᠡᠮᠡᠭᠡ᠂ ᠬᠤᠨᠢ᠂ ᠢᠮᠠᠭ᠎ᠠ ᠪᠤᠯᠤᠨ᠎ᠠ᠃    ᠬᠤᠨᠢ ᠢᠮᠠᠭᠠᠨ ᠤ ᠰᠠᠭᠠᠯᠢ ᠠᠪᠬᠤ ᠬᠤᠭᠤᠴᠠᠭ᠎ᠠ ᠪᠣᠯ ᠵᠣᠨ ᠤ ᠲᠠᠪᠤᠨ ᠰᠠᠷ᠎ᠠ ᠠᠴᠠ ᠡᠬᠢᠯᠡᠨ ᠨᠠᠮᠤᠷ ᠤᠨ ᠡᠬᠢ ᠪᠤᠯᠳᠠᠭ᠃ ᠲᠡᠭᠡᠬᠦ ᠳᠤ ᠪᠠᠨ ᠬᠤᠷᠠᠭ᠎ᠠ ᠢᠰᠢᠭᠡ  ᠪᠠᠨ ᠢᠯᠭᠠᠵᠤ ᠡᠬᠡ ᠠᠴᠠ ᠨᠢ ᠰᠠᠯᠭᠠᠵᠤ ᠬᠠᠷᠢᠭᠤᠯᠵᠤ ᠦᠳᠡ ᠬᠦᠷᠴᠦ ᠮᠠᠯ ᠢᠷᠡᠬᠦ ᠳᠤ ᠰᠠᠭᠠᠬᠤ ᠢᠮᠠᠭ᠎ᠠ ᠬᠤᠨᠢ ᠪᠠᠨ ᠳᠡᠭᠡᠰᠦ ᠪᠠᠷ ᠬᠤᠯᠪᠤᠵᠤ ᠰᠠᠭᠠᠵᠤ ᠪᠠᠷᠠᠭᠠᠳ ᠰᠠᠶ᠋ᠢ ᠢᠰᠢᠭᠡ ᠬᠤᠷᠠᠭ᠎ᠠ ᠶᠢ ᠨᠢ ᠨᠡᠶᠢᠯᠡᠭᠦᠯᠳᠡᠭ᠃ ᠬᠤᠨᠢ ᠢᠮᠠᠭ᠎ᠠ ᠶᠢ ᠡᠳᠦᠷ ᠲᠤ ᠨᠢᠭᠡ ᠤᠳᠠᠭ᠎ᠠ ᠰᠠᠭᠠᠳᠠᠭ ᠪᠦᠭᠡᠳ ᠣᠯᠠᠩᠬᠢ ᠠᠶᠢᠯ ᠣᠷᠤᠢ ᠳᠤ ᠪᠠᠨ ᠢᠰᠢᠭᠡ ᠬᠤᠷᠠᠭ᠎ᠠ ᠪᠠᠨ ᠢᠯᠭᠠᠵᠤ ᠬᠤᠷᠢᠬᠤ ᠪᠤᠶᠤ ᠬᠦᠬᠡᠨ᠎ᠡ ᠳᠤ ᠤᠶᠠᠵᠤ ᠬᠤᠨᠣᠭᠠᠳ ᠳᠠᠷᠠᠭ᠎ᠠ ᠡᠳᠦᠷ ᠤᠨ ᠦᠳᠡ ᠶᠢᠨ ᠮᠠᠯ ᠢᠷᠡᠬᠦ ᠳᠤ ᠰᠠᠭᠠᠳᠠᠭ ᠪᠢᠯᠡ᠃   ᠪᠠᠰᠠ ᠵᠠᠷᠢᠮ ᠠᠶᠢᠯ ᠤᠳ ᠢᠰᠢᠭᠡ ᠬᠤᠷᠠᠭ᠎ᠠ ᠪᠠᠨ ᠢᠯᠭᠠᠬᠤ ᠦᠭᠡᠢ ᠪᠠᠷ ᠡᠬᠡ ᠶᠢᠨ ᠬᠢ ᠨᠢ ᠬᠦᠬᠦᠨ ᠤ ᠲᠤᠯᠤᠭᠠᠢ ᠶᠢ ᠬᠤᠨᠢᠨ ᠤ ᠣᠩᠭᠠᠰᠤ ᠪᠠᠷ ᠣᠷᠢᠶᠠᠵᠣ᠂ ᠭᠠᠳᠠᠭᠤᠷ ᠨᠢ ᠰᠦᠨ ᠳᠤ ᠢᠰᠭᠡᠭᠰᠡᠨ ᠬᠤᠨᠢᠨ ᠤ ᠰᠢᠩᠭᠡᠨ ᠪᠠᠭᠠᠰᠣ ᠲᠦᠷᠬᠢᠵᠦ ᠳᠠᠯᠪᠢᠭᠠᠳ ᠳᠠᠷᠠᠭ᠎ᠠ ᠡᠳᠦᠷ ᠨᠢ ᠬᠦᠬᠦᠨ ᠤ ᠣᠷᠢᠶᠠᠯᠲᠠ ᠶᠢ ᠠᠪᠴᠤ ᠰᠠᠭᠠᠳᠠᠭ ᠴᠦ ᠪᠤᠢ᠃ ᠡᠬᠦᠨ ᠢ ᠬᠤᠨᠢ ᠢᠮᠠᠭ᠎ᠠ ᠪᠠᠭᠠᠰᠣᠯᠠᠬᠤ ᠭᠡᠳᠡᠭ᠃ ᠡᠶᠢᠮᠦ ᠠᠷᠭ᠎ᠠ ᠠᠪᠬᠤ ᠳᠤ ᠬᠠᠶ᠎ᠠ ᠢᠰᠢᠬᠡ ᠨᠢ ᠡᠬᠡ ᠪᠠᠨ ᠬᠦᠬᠦᠴᠢᠬᠡᠭᠰᠡᠨ ᠪᠠᠶᠢᠳᠠᠭ᠃ ᠬᠠᠮᠤᠭ ᠰᠠᠶᠢᠨ ᠠᠷᠭ᠎ᠠ ᠪᠣᠯ ᠳᠠᠷᠤᠢ ︽ᠰᠠᠭᠠᠯᠢ ᠵᠦᠷᠢᠬᠦᠯᠡᠬᠦ︾ ᠪᠣᠯᠣᠨ᠎ᠠ᠃ ᠰᠠᠭᠠᠯᠢ ᠵᠦᠷᠢᠭᠦᠯᠡᠬᠦ ᠭᠡᠳᠡᠭ ᠨᠢ ᠤᠷᠠᠳ ᠮᠣᠩᠭᠤᠯᠴᠣᠳ ᠤᠨ ᠤᠯᠠᠮᠵᠢᠯᠠᠭᠳᠠᠭᠰᠠᠭᠠᠷ ᠢᠷᠡᠭᠰᠡᠨ ᠦᠪᠡᠷᠮᠢᠴᠡ ᠣᠨᠴᠠᠯᠢᠭ ᠲᠠᠢ ᠲᠣᠩ ᠰᠠᠶᠢᠬᠠᠨ ᠵᠠᠩᠰᠢᠯ ᠪᠣᠯᠬᠤ ᠶᠤᠮ᠃ ᠣᠶᠢᠷ᠎ᠠ ᠰᠠᠭᠠᠬᠠᠯᠲᠠ ᠰᠠᠭᠤᠭ᠎ᠠ ᠬᠤᠶᠠᠷ ᠠᠶᠢᠯ ᠬᠤᠭᠤᠷᠤᠨᠳᠣ ᠪᠠᠨ ᠲᠣᠰ ᠲᠣᠰ ᠤᠨ ᠢᠯᠭᠠᠭᠰᠠᠨ ᠢᠰᠢᠭᠡ ᠬᠤᠷᠠᠭ᠎ᠠ ᠪᠠᠨ ᠰᠣᠯᠪᠢᠴᠠᠭᠤᠯᠤᠨ ᠰᠦᠷᠦᠭ ᠲᠠᠢ ᠪᠠᠨ ᠨᠡᠶᠢᠯᠡᠭᠦᠯᠵᠦ ᠬᠠᠷᠢᠭᠤᠯᠬᠤ ᠶᠢ ᠵᠢᠭᠠᠵᠤ ᠪᠠᠶᠢᠭ᠎ᠠ ᠶᠤᠮ᠃ ᠠᠯᠢ ᠨᠢᠭᠡᠨ ᠠᠶᠢᠯ ᠨᠢ ᠣᠷᠢᠳ ᠢᠶᠠᠷ ︽ᠰᠠᠭᠠᠯᠢ ᠵᠦᠷᠢᠬᠦᠯᠡᠬᠦ︾  ᠶᠢ ᠲᠣᠷᠠᠳᠪᠠᠯ ᠲᠡᠷᠡ ᠠᠶᠢᠯ ᠨᠢ ᠦᠷᠦᠮ᠎ᠡ ᠳᠤ ᠵᠢᠭᠤᠷᠠᠭᠰᠠᠨ ᠪᠣᠯᠣᠭᠰᠠᠨ ᠪᠣᠳᠠᠭ᠎ᠠ ᠨᠢᠭᠡ ᠫᠢᠯᠠ ᠠᠪᠴᠤ ᠨᠦᠭᠦᠭᠡ ᠠᠶᠢᠯ ᠳᠤ ᠪᠠᠨ ᠠᠶᠢᠯᠴᠢᠯᠠᠨ ᠬᠦᠷᠴᠦ᠂ ᠲᠡᠷᠡ ᠠᠶᠢᠯ ᠤᠨ ᠰᠠᠭᠠᠯᠢ ᠶᠢᠨ ᠡᠵᠡᠨ ᠳᠤ᠄ ︽ᠵᠠ᠂ ᠮᠠᠨ ᠤ ᠬᠤᠶᠠᠷ ᠠᠶᠢᠯ ᠬᠡᠳᠦᠨ ᠤ ᠡᠳᠦᠷ ᠠᠴᠠ ᠡᠬᠢᠯᠡᠨ ᠰᠠᠭᠠᠯᠢ ᠵᠦᠷᠢᠬᠦᠯᠡᠬᠦ  ᠤᠤ︖︾ ᠭᠡᠵᠦ ᠶᠣᠰᠣᠴᠢᠯᠠᠨ ᠶᠠᠷᠢᠵᠤ ᠦᠷᠦᠮ᠎ᠡ ᠲᠠᠢ ᠪᠤᠳᠠᠭ᠎ᠠ ᠪᠠᠨ ᠬᠦᠨᠳᠦᠳᠭᠡᠨ ᠳᠡᠪᠰᠢᠬᠦᠯᠬᠦ ᠳᠤ ᠠᠶᠢᠯ ᠤᠨ ᠰᠠᠭᠠᠯᠢᠴᠢᠨ ᠭᠤᠸᠠᠢ ᠨᠢ ᠦᠷᠦᠮ᠎ᠡ ᠲᠠᠢ ᠪᠣᠳᠠᠭ᠎ᠠ ᠶᠢ ᠬᠦᠯᠢᠶᠠᠨ ᠠᠪᠤᠭᠠᠳ ᠰᠠᠭᠠᠯᠢ ᠵᠦᠷᠢᠬᠦᠯᠡᠬᠦ ᠡᠳᠦᠷ ᠬᠤᠭᠤᠴᠠᠭ᠎ᠠ ᠪᠠᠨ ᠬᠡᠯᠡᠯᠴᠡᠨ ᠲᠣᠭᠲᠠᠭᠠᠳᠠᠭ ᠵᠠᠩᠰᠢᠯ ᠲᠠᠢ ᠶᠤᠮ᠃ ᠲᠡᠭᠡᠭᠡᠳ ᠲᠣᠭᠲᠠᠭᠰᠠᠨ ᠡᠳᠦᠷ ᠲᠤ ᠪᠠᠨ ᠦᠷᠯᠦᠭᠡ ᠪᠦᠷᠢ ᠲᠣᠰ ᠲᠣᠰ ᠤᠨ ᠢᠰᠢᠭᠡ ᠬᠤᠷᠠᠭ᠎ᠠ ᠪᠠᠨ ᠵᠦᠷᠢᠭᠦᠯᠡᠨ ᠲᠤᠭᠤᠵᠤ ᠰᠦᠷᠦᠭ ᠲᠤ ᠨᠢ ᠨᠡᠶᠢᠯᠡᠬᠦᠯᠵᠦ ᠬᠠᠭᠠᠰ ᠬᠠᠭᠠᠰ ᠡᠳᠦᠷ ᠬᠠᠷᠢᠭᠤᠯᠵᠤ᠂ ᠦᠳᠡ ᠳᠤ ᠮᠠᠯ ᠢᠷᠡᠬᠦ ᠦᠶ᠎ᠡ ᠳᠤ ᠡᠬᠡ ᠶᠢ ᠨᠢ ᠬᠤᠯᠪᠤᠨ ᠰᠠᠭᠠᠵᠤ ᠪᠠᠷᠠᠭᠠᠳ ᠰᠠᠶ᠋ᠢ ᠲᠣᠰ ᠲᠣᠰ ᠤᠨ ᠢᠶᠠᠨ ᠢᠰᠢᠭᠡ ᠬᠤᠷᠠᠭ᠎ᠠ  ᠪᠠᠨ ᠠᠪᠴᠢᠷᠠᠨ ᠡᠬᠡ ᠳᠤ ᠨᠢ ᠨᠡᠶᠢᠯᠡᠭᠦᠯᠳᠡᠭ᠃ ᠡᠨᠡ ᠮᠡᠲᠦ ᠬᠡᠳᠦᠨ ᠡᠳᠦᠷ ᠵᠦᠷᠢᠭᠦᠯᠡᠪᠡᠯ ᠢᠰᠢᠭᠡ ᠬᠤᠷᠠᠭ᠎ᠠ ᠨᠢ ᠠᠶᠠᠨᠳᠠᠭᠠᠨ ᠳᠠᠰᠴᠢᠬᠠᠳᠠᠭ᠃                                            ᠮᠤᠩᠭᠤᠯ ᠲᠡᠤᠬᠡ ᠰᠣᠶᠣᠯ ᠤᠨ ᠰᠣᠩᠭᠤᠳᠠᠭ ᠵᠣᠬᠢᠶᠠᠯ ᠤᠨ ᠬᠦᠮᠦᠷᠭᠡ᠂ ᠵᠠᠩ                                            ᠦᠢᠯᠡ  ᠶᠢᠨ  ᠴᠣᠪᠣᠷᠠᠯ ︽ᠤᠷᠠᠳ  ᠵᠠᠩ  ᠦᠢᠯᠡ︾ ᠠᠴᠠ ᠪᠠᠭᠤᠯᠭᠠᠪᠠ
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ