ᠡᠳᠡᠭᠡᠷ ᠤᠲᠠᠰᠤ ᠶᠢ ᠲᠣᠰᠴᠤ ᠪᠣᠯᠬᠤ ᠦᠭᠡᠢ
ᠨᠡᠶᠢᠲᠡᠯᠡᠭᠰᠡᠨ ᠴᠠᠭ᠄
2025/4/28
   ᠨᠢᠭᠡ᠂ 95 ᠪᠠᠷ ᠡᠬᠢᠯᠡᠭᠰᠡᠨ ᠪᠦᠭᠡᠳ 5 ᠣᠷᠤᠨᠲᠤ ᠲᠤᠭ᠎ᠠ ᠶᠢ ᠳᠠᠪᠠᠭᠰᠠᠨ ᠤᠳᠠᠰᠤ ᠶᠢ ᠲᠣᠰᠴᠣ ᠪᠣᠯᠬᠤ ᠦᠭᠡᠢ᠃ ᠡᠨᠡᠬᠦ ᠤᠳᠠᠰᠤ ᠶᠢ ᠤᠯᠠᠩᠬᠢ ᠳᠤ ᠪᠠᠨ ᠮᠡᠭᠡᠯᠡᠭᠴᠢ ᠡᠳᠡᠭᠡᠳ ᠠᠴᠠ ᠰᠢᠨᠵᠢᠯᠡᠬᠦ ᠮᠡᠷᠭᠡᠵᠢᠯ ᠢ ᠠᠰᠢᠭᠯᠠᠨ ᠣᠯᠠᠨ ᠬᠦᠮᠦᠨ ᠳᠤ ᠵᠡᠷᠭᠡ ᠳᠤ ᠨᠢ ᠤᠲᠠᠰᠤᠳᠠᠵᠤ ᠪᠠᠶᠢᠳᠠᠭ᠃   ᠬᠤᠶᠠᠷ᠂ 00 ᠪᠣᠶᠣ + ᠳᠡᠮᠳᠡᠭ ᠢᠶᠠᠷ ᠡᠬᠢᠯᠡᠭᠰᠡᠨ ᠤᠲᠠᠰᠤ  ᠶᠢ ᠲᠣᠰᠴᠤ ᠪᠣᠯᠬᠤ ᠦᠭᠡᠢ᠃ ᠡᠨᠡᠬᠦ ᠤᠳᠠᠰᠤ ᠶᠢ ᠤᠯᠠᠩᠬᠢ ᠳᠤ ᠪᠠᠨ  ᠬᠢᠯᠢ ᠶᠢᠨ ᠭᠠᠳᠠᠨᠠᠬᠢ ᠡᠳᠡᠭᠡᠳ ᠠᠴᠠ ᠤᠲᠠᠰᠤᠳᠠᠵᠤ  ᠪᠠᠶᠢᠳᠠᠭ᠃   ᠭᠤᠷᠪᠠ᠂ 400 ᠪᠠᠷ ᠡᠬᠢᠯᠡᠭᠰᠡᠨ ᠤᠲᠠᠰᠤ ᠶᠢ ᠲᠣᠰᠴᠤ ᠪᠣᠯᠬᠤ ᠦᠭᠡᠢ᠃ 400 ᠪᠠᠷ ᠡᠬᠢᠯᠡᠭᠰᠡᠨ ᠤᠲᠠᠰᠤ ᠪᠣᠯ ᠠᠵᠣ ᠠᠬᠤᠶᠢᠯᠠᠯ ᠤᠨ ᠦᠢᠯᠡᠴᠢᠯᠡᠭᠡᠨ ᠤ ᠤᠳᠠᠰᠤ ᠪᠠᠶᠢᠵᠤ᠂ ᠡᠩ ᠤᠨ ᠪᠠᠶᠢᠳᠠᠯ ᠳᠤᠤᠷ᠎ᠠ᠂ 400 ᠪᠠᠷ ᠡᠬᠢᠯᠡᠭᠰᠡᠨ ᠤᠲᠠᠰᠤ ᠨᠢ ᠬᠡᠷᠡᠭᠯᠡᠭᠴᠢᠳ ᠤᠨ ᠤᠳᠠᠰᠤ ᠶᠢ ᠲᠣᠰᠬᠤ ᠠᠴᠠ ᠪᠢᠰᠢ ᠬᠠᠷᠢᠨ ᠬᠡᠷᠡᠭᠯᠡᠭᠴᠢᠳ  ᠲᠤ ᠤᠲᠠᠰᠤᠳᠠᠬᠤ ᠦᠭᠡᠢ᠃ ᠬᠡᠷᠪᠡ  400 ᠪᠠᠷ ᠡᠬᠢᠯᠡᠭᠰᠡᠨ ᠤᠲᠠᠰᠤ ᠢᠷᠡᠪᠡᠯ ᠬᠢᠴᠢᠶᠡᠭᠡᠷᠡᠢ᠂ ᠮᠡᠬᠡᠯᠡᠯ ᠤᠨ ᠤᠳᠠᠰᠤ ᠪᠠᠶᠢᠵᠤ ᠮᠡᠳᠡᠨ᠎ᠡ᠃   ᠳᠦᠷᠪᠡ᠂ ᠤᠳᠠᠰᠣᠨ ᠳ᠋ᠣᠭᠠᠷ ᠨᠢ ᠢᠯᠡᠷᠡᠬᠦ ᠦᠭᠡᠢ ᠤᠳᠠᠰᠤ ᠶᠢ ᠲᠣᠰᠴᠤ ᠪᠣᠯᠬᠤ ᠦᠭᠡᠢ᠃ ᠡᠨᠡᠬᠦ ᠤᠳᠠᠰᠤ ᠶᠢ ᠤᠯᠠᠩᠬᠢ ᠳᠤ ᠪᠠᠨ ᠮᠡᠭᠡᠯᠡᠭᠴᠢ ᠡᠳᠡᠭᠡᠳ ᠠᠴᠠ ᠰᠦᠯᠵᠢᠶᠡᠨ ᠤ ᠤᠳᠠᠰᠤ ᠶᠢᠨ ᠰᠤᠹᠲ ᠪᠤᠶᠤ ᠨᠤᠮᠧᠷ ᠨᠢᠭᠤᠵᠤ ᠲᠡᠶᠢᠯᠬᠦ ᠦᠭᠡᠢ ᠪᠣᠯᠭᠠᠵᠤ ᠤᠲᠠᠰᠤᠳᠠᠵᠤ  ᠪᠠᠶᠢᠳᠠᠭ᠃ ᠡᠨᠡᠬᠦ ᠤᠳᠠᠰᠤ ᠶᠢ ᠲᠣᠰᠴᠤ ᠪᠣᠯᠬᠤ ᠦᠭᠡᠢ᠃   ᠲᠠᠪᠤ᠂ 1069 ᠪᠠᠷ ᠡᠬᠢᠯᠡᠭᠰᠡᠨ ᠪᠦᠭᠡᠳ ᠬᠤᠯᠪᠣᠭᠠᠰᠤ ᠲᠠᠢ ᠭᠠᠷ ᠤᠳᠠᠰᠤᠨ ᠤ ᠴᠠᠬᠢᠮ ᠮᠡᠳᠡᠭᠡ ᠶᠢ ᠨᠡᠭᠡᠭᠡᠵᠦ ᠤᠩᠰᠢᠵᠤ ᠪᠣᠯᠬᠤ ᠦᠭᠡᠢ᠃ ᠡᠨᠡᠬᠦ ᠬᠤᠯᠪᠤᠭᠠᠰᠤ ᠨᠢ ᠮᠡᠭᠡᠯᠡᠭᠴᠢ ᠡᠳᠡᠭᠡᠳ ᠤᠨ ᠤᠨᠠᠭᠤᠯᠢ ᠪᠣᠯᠣᠨ᠎ᠠ᠃ ᠬᠡᠷᠪᠡ ᠬᠤᠯᠪᠤᠭᠠᠰᠣ ᠶᠢ ᠨᠡᠭᠡᠭᠡᠭᠰᠡᠭᠡᠷ ᠮᠡᠭᠡᠯᠡᠭᠴᠢ ᠡᠳᠡᠭᠡᠳ ᠠᠴᠠ ᠭᠠᠷ ᠤᠳᠠᠰᠤᠨ ᠳᠤ ᠴᠢᠨᠢ ᠸᠢᠷᠦ᠋ᠰ ᠣᠭᠰᠠᠷᠠᠵᠤ᠂ ᠦᠨᠳᠦᠰᠦᠨ ᠰᠣᠷᠠᠭ ᠵᠠᠩᠭᠢ ᠶᠢ ᠴᠢᠨᠢ ᠬᠤᠯᠠᠭᠠᠶᠢᠯᠠᠨ᠎ᠠ᠃   
ᠢᠷᠡᠯᠲᠡ᠄ ᠦᠪᠦᠷ ᠮᠤᠩᠭᠤᠯ ᠤᠨ ᠮᠤᠩᠭᠤᠯ ᠷᠠᠳᠢᠤ᠋