ᠮᠤᠩᠭᠤᠯ ᠨᠤᠲᠤᠭ ᠤᠨ ᠬᠠᠯᠠᠭᠤᠨ ᠬᠦᠷᠦᠰᠦᠨ ᠳᠤ ᠪᠦᠪᠡᠶᠢᠯᠡᠭᠲᠡᠵᠦ᠂ ᠮᠤᠩᠭᠤᠯ ᠨᠤᠲᠤᠭ ᠤᠨ ᠴᠡᠪᠠᠷ ᠠᠭᠠᠷ ᠢ ᠠᠮᠢᠰᠬᠤᠵᠤ᠂ ᠮᠤᠩᠭᠤᠯ ᠨᠤᠲᠤᠭ ᠤᠨ | ᠰᠢᠪᠡᠷᠡᠭᠡ ᠬᠤᠷ᠎ᠠ ᠳᠤᠨᠢ ᠤᠮᠲᠠᠯᠠᠭᠲᠠᠵᠤ ᠦᠰᠦᠭᠰᠡᠨ ᠤ ᠬᠠᠷᠢᠭᠤ ᠳᠤ᠂ ᠦᠨᠲᠦᠰᠦᠲᠡᠨ ᠤ ᠪᠠᠨ ᠰᠤᠶᠤᠯ ᠰᠤᠷᠭᠠᠨ ᠬᠦᠮᠦᠵᠢᠯ ᠤᠨ ᠦᠢᠯᠡᠰ ᠲᠤ ᠶᠠᠭᠤ ᠨᠢᠭᠡ ᠶᠢ | ᠰᠡᠲᠦᠵᠦ᠂ ᠶᠠᠭᠤ ᠨᠢᠭᠡ ᠶᠢ ᠪᠦᠲᠦᠭᠡᠵᠦ ᠶᠠᠪᠤᠨ᠎ᠠ ᠭᠡᠬᠦ ᠨᠢ ᠨᠢᠭᠡ ᠵᠦᠢᠯ ᠤᠨ ᠠᠵᠠ ᠵᠢᠷᠭᠠᠯ ᠭᠡᠵᠤ ᠦᠵᠡᠲᠡᠭ ᠪᠤᠯ᠂ ᠡᠬᠦᠨ ᠤ ᠲᠦᠯᠦᠭᠡ ᠨᠠᠰᠤ ᠪᠠᠷ ᠢᠶᠠᠨ | ᠵᠢᠳᠬᠦᠵᠦ ᠶᠠᠪᠤᠨ᠎ᠠ ᠭᠡᠵᠤ ᠪᠠᠰᠠ ᠵᠦᠢᠯ ᠤᠨ ᠤᠶᠤᠨ ᠰᠠᠨᠠᠭᠠᠨ ᠤ ᠨᠢᠭᠤᠴᠠᠬᠠᠢ ᠬᠦᠴᠦᠨ ᠤ ᠤᠨᠲᠤᠷᠤᠯ ᠭᠡᠵᠤ ᠬᠡᠯᠡᠯᠲᠡᠢ᠃ ᠨᠠᠶᠢᠷ ᠤᠨ ᠲᠠᠯᠠᠪᠠᠢ ᠳᠤ ᠬᠦᠭ ᠨᠡᠮᠡᠨ᠂ | ᠨᠠᠭᠠᠲᠤᠮᠴᠢᠨ ᠤᠯᠠᠨ ᠢᠶᠠᠨ ᠪᠠᠶᠠᠰᠬᠠᠵᠤ ᠶᠠᠪᠤᠭᠰᠠᠨ ᠤᠮᠤᠭᠰᠢᠯᠲᠤ ᠮᠦᠴᠡ ᠲᠠᠢ᠂ ᠰᠤᠲᠤ ᠰᠠᠶᠢᠬᠠᠨ ᠨᠤᠮ ᠵᠤᠬᠢᠶᠠᠯ ᠢᠶᠠᠷ ᠢᠶᠠᠨ ᠰᠤᠶᠤᠯ ᠤᠨ ᠦᠢᠯᠡᠰ ᠲᠤ | ᠰᠢᠭᠤᠷᠬᠠᠶᠢᠯᠠᠵᠤ ᠶᠠᠪᠤᠭᠰᠠᠨ ᠬᠢᠯᠪᠠᠭᠠᠲᠤ ᠲᠡᠦᠭᠡ ᠲᠠᠢ᠂ ᠨᠠᠨᠲᠢᠨ ᠲᠤᠷᠰᠢᠯᠭ᠎ᠠ ᠰᠤᠷᠭᠠᠮᠵᠢ ᠪᠠᠨ ᠨᠡᠶᠢᠲᠡ ᠤᠯᠠᠨ ᠳᠠᠭᠠᠨ ᠬᠠᠶᠢᠷᠠᠯᠠᠵᠤ ᠶᠠᠪᠤᠭ᠎ᠠ ᠨᠠᠶᠠᠨ ᠨᠠᠰᠤᠲᠠᠢ | ᠪᠤᠭᠤᠷᠤᠯ ᠪᠠᠭᠰᠢ ᠪᠤᠷᠵᠢᠬᠢᠨ ᠸᠠᠩᠵᠢᠯ ᠭᠡᠵᠤ ᠲᠤᠷᠠᠳᠬᠤ ᠳᠤ ᠤᠷᠠᠳ ᠨᠤᠲᠤᠭ ᠠᠴᠠ ᠤᠯᠤᠰ ᠬᠦᠷᠦᠨ ᠲᠠᠮᠵᠢᠭᠰᠠᠨ ᠴᠦ ᠲᠠᠨᠢᠵᠦ ᠮᠡᠲᠡᠲᠡᠭ ᠬᠦᠮᠦᠨ ᠮᠤᠩ | ᠦᠭᠡᠢ ᠤᠯᠠᠨ ᠪᠠᠶᠢᠲᠠᠭ᠃ | ᠤᠷᠤᠭ᠎ᠠ ᠪᠤᠰᠤᠭ᠎ᠠ ᠨᠡᠶᠢᠭᠡᠮ ᠳᠤ ᠬᠠᠷ᠎ᠠ ᠪᠠᠭ᠎ᠠ ᠨᠠᠰᠤ ᠪᠠᠨ ᠬᠠᠯᠠᠭᠤᠨ ᠴᠢᠯᠠᠭᠤ ᠲᠤᠯᠢᠶᠠᠯᠭᠠᠵᠤ᠂ ᠠᠯᠠᠭ ᠬᠤᠷᠸ᠎ᠠ ᠶᠢᠨ ᠠᠮᠢᠲᠤᠷᠠᠯ ᠤᠨ ᠬᠠᠯᠠ ᠭᠡᠲᠡᠭ ᠢ | ᠲᠠᠩᠴᠦ ᠡᠷᠲᠡ ᠡᠳ᠋ᠯᠡᠨ᠂ ᠦᠪᠡᠷ ᠤᠨ ᠬᠦᠰᠡᠯᠡᠩ ᠢᠶᠠᠨ ᠪᠡᠶᠡᠯᠡᠬᠦᠯᠬᠦ ᠭᠡᠵᠤ ᠵᠦᠷᠢᠭᠦᠳᠯᠡᠵᠦ ᠶᠠᠪᠤᠭᠰᠠᠨ ᠁ | ᠪᠤᠷᠵᠢᠬᠢᠨ ᠸᠠᠩᠵᠢᠯ ᠬᠠᠷᠠᠬᠴᠢᠨ ᠲᠠᠬᠢᠶ᠎ᠠ ᠵᠢᠯ(1933 ᠣᠨ ᠲᠠᠢ᠂ ᠪᠠᠭᠠᠷᠢᠨ ᠵᠡᠬᠦᠨ ᠬᠤᠰᠢᠭᠤᠨ ᠤ ᠴᠠᠭᠠᠨ ᠬᠠᠳᠠ ᠰᠣᠮᠣᠨ ᠤ ᠪᠤᠷᠵᠢᠬᠢᠨ ᠣᠪᠣᠬᠳᠣ | ᠪᠠᠭᠠᠷᠠᠩ ᠤᠨ ᠥᠷ᠎ᠡ ᠶᠢᠨ ᠭᠠᠭᠴᠠ ᠬᠥᠣ ᠨᠢ ᠪᠤᠯᠵᠤ ᠵᠠᠶᠠᠭᠠᠵᠠᠢ᠃ ᠪᠠᠭ᠎ᠠ ᠪᠠᠯᠴᠢᠷ ᠲᠣᠯᠣᠭᠠᠨ ᠨᠠᠰᠣᠨ ᠠᠴᠠ ᠪᠠᠨ ᠬᠡᠷ ᠤᠨ ᠰᠣᠷᠭᠠᠭᠤᠯᠢ ᠳᠤ ᠬᠤᠶᠠᠷ ᠵᠢᠯ ᠬᠡᠯᠡ | ᠪᠢᠴᠢᠭ ᠰᠣᠷᠣᠯᠴᠠᠵᠣ᠂ ᠠᠷᠪᠠᠨ ᠭᠤᠷᠪᠠᠳᠠᠢ ᠵᠢᠯ ᠳᠤᠨᠢ ᠬᠠᠮᠤᠭ ᠰᠡᠬᠦᠯᠴᠢ ᠶᠢᠨ ᠭᠠᠵᠠᠷ ᠰᠢᠷᠣᠢ ᠶᠢᠨ ᠥᠬᠡᠷᠡᠴᠢᠯᠡᠯᠳᠡ ᠳᠤ ᠬᠠᠮᠤᠷᠣᠬᠳᠠᠭᠠᠳ ︽ᠪᠠᠶᠠᠨ ᠮᠠᠯᠴᠢᠨ︾ | ᠤ ᠲᠤᠭᠠᠨ ᠳᠤ ᠤᠷᠤᠵᠠᠢ᠃ | ᠠᠪᠤ ᠨᠢ ᠤᠤᠯ ᠠᠴᠠ ᠪᠠᠨ ᠪᠢᠴᠢᠭ ᠥᠰᠥᠭ ᠲᠠᠢ᠂ ᠨᠣᠳᠤᠭ ᠤᠨ ᠠᠶᠢᠯ ᠡᠷᠥᠬᠡ ᠳᠡᠭᠡᠨ ᠬᠥᠠᠳᠥᠳᠠᠢ ᠲᠣᠮᠣᠭᠠᠳᠠᠨ ᠪᠠᠶᠢᠵᠤ᠂ ᠥᠬᠡᠷ᠎ᠡ ᠠᠶᠢᠯ ᠤᠨ ᠰᠣᠷᠭᠠᠭᠤᠯᠢ | ᠳᠤ ᠪᠠᠭᠰᠢᠯᠠᠵᠤ ᠰᠢᠯᠵᠢᠭᠰᠡᠨ ᠢᠶᠠᠷ ᠬᠡᠷ ᠤᠨ ᠪᠥᠬᠦ ᠠᠮᠢᠳᠣᠷᠠᠯ ᠤᠨ ᠡᠬᠦᠷᠬᠡ ᠬᠢᠬᠡᠳ ᠣᠯᠣᠰ ᠲᠥᠷᠣ ᠶᠢᠨ ᠲᠠᠷᠣᠭᠠᠰᠣ ᠪᠥᠷ ᠸᠠᠩᠵᠢᠯ ᠤᠨ ᠮᠥᠷᠥᠨ ᠲᠡᠬᠡᠷ᠎ᠡ | ᠤᠨᠤᠭᠲᠠᠨ᠂ ᠥᠯᠡᠳᠡᠬᠡᠵᠣ ᠥᠭᠬᠦᠭᠰᠡᠨ ᠭᠠᠭᠴᠠ ᠥᠬᠡᠷ ᠲᠡᠷᠬᠡ ᠪᠠᠨ ᠬᠡᠯᠢᠵᠦ ᠬᠥᠳᠡᠭᠡ ᠠᠴᠠ ᠠᠷᠭᠠᠯ ᠲᠠᠬᠦᠵᠣ᠂ ᠲᠥᠯᠡᠭᠡ ᠲᠡᠬᠡᠬᠡᠵᠣ ᠬᠤᠳᠠᠯᠳᠣᠬᠤ ᠪᠤᠶᠤ ᠡᠵᠢ | ᠨᠠᠭᠤᠷ ᠲᠤ ᠠᠶᠠᠯᠠᠨ ᠨᠣᠳᠤᠭ ᠣᠰᠣᠨ ᠤ ᠠᠶᠠᠨᠴᠢᠨ ᠲᠠᠢ ᠠᠵᠢᠯ ᠬᠤᠷᠰᠢᠵᠣ ᠲᠠᠪᠣᠰᠣ ᠲᠡᠬᠡᠬᠡᠬᠦ ᠪᠠᠷ ᠶᠠᠪᠤᠳᠠᠭ ᠪᠠ ᠪᠠᠰᠠ ᠨᠠᠮᠤᠬᠠ ᠲᠠᠷᠢᠶ᠎ᠠ ᠲᠠᠷᠢᠬᠤ ᠵᠡᠷᠬᠡᠪᠡᠷ | ᠡᠵᠢ ᠪᠤᠯᠤᠨ ᠡᠬᠡᠴᠢ ᠳᠡᠭᠡᠨ ᠲᠣᠰᠠᠯᠠᠨ ᠵᠦᠲᠡᠬᠦᠭᠡᠨ ᠠᠮᠢᠳᠣᠷᠠᠵᠣ ᠪᠠᠶᠢᠵᠠᠢ᠃ | ᠠᠶᠠᠨ ᠵᠢᠩ ᠳᠤ ᠶᠠᠪᠤᠬᠤ ᠳᠠᠭᠠᠨ ᠭᠠᠯ ᠤᠨ ᠲᠠᠬᠦᠤ ᠨᠢ ᠪᠤᠯᠵᠤ ᠬᠠᠰᠢᠷ ᠠᠶᠠᠨᠴᠢᠳ ᠤᠨ ᠭᠠᠷ ᠤᠨ ᠥᠵᠥᠬᠦᠷ ᠲᠤ ᠪᠤᠰᠤᠭ᠎ᠠ ᠱᠣᠭᠰᠢᠭ᠎ᠠ ᠪᠠᠷ ᠬᠥᠶᠣᠨᠡ᠃ | ᠨᠡᠩ ᠢᠯᠠᠩᠭᠤᠶ᠎ᠠ ︽ᠪᠠᠶᠠᠨ ᠮᠠᠯᠴᠢᠨ︾ ᠤ ᠬᠥᠤ ᠪᠤᠯᠬᠤᠷ ᠬᠡᠯᠡᠬᠦ ᠶᠠᠭᠤᠨ᠃ ᠠᠶᠠᠨ ᠵᠢᠩ ᠪᠠᠭᠤᠬᠰᠠᠭᠠᠷ ᠯᠡ ᠤᠰᠣ ᠠᠪᠴᠢᠷᠠᠬᠤ᠂ ᠲᠥᠯᠡᠰᠢ ᠲᠡᠬᠦᠬᠦ᠂ ᠭᠤᠷᠪᠠᠨ | ᠴᠢᠯᠠᠭᠤ ᠲᠣᠯᠬᠤ᠂ ᠡᠰᠡᠬᠦᠯ᠎ᠡ ᠭᠠᠵᠠᠷ ᠲᠤ ᠨᠥᠬᠡᠨ ᠵᠣᠤᠬ᠎ᠠ ᠮᠠᠯᠳᠠᠬᠤ᠂ ᠬᠤᠯᠠᠲᠤᠭᠰᠠᠨ ᠥᠬᠡᠷ ᠢ ᠡᠷᠬᠢᠬᠦᠯᠵᠦ᠂ ᠴᠠᠢ ᠪᠤᠳᠠᠭᠠᠨ ᠤ ᠦᠯᠡᠲᠡᠵᠦ ᠲᠤᠰᠤᠭᠰᠠᠨ ᠢᠶᠠᠷ ᠨᠢ | ᠬᠤᠲᠤᠭᠤᠲᠤ ᠭᠡᠲᠡᠰᠤ ᠪᠠᠨ ᠬᠠᠭᠠᠰ ᠲᠦᠭᠦᠷᠭᠡᠨ ᠪᠥᠭᠰᠡ ᠰᠢᠷᠥᠶᠢᠳᠠᠯᠬᠦᠢ ᠱᠣᠭᠰᠢᠳᠠᠭ ᠪᠠᠶᠢᠯ᠎ᠠ᠃ ᠵᠤᠨ ᠨᠠᠮᠤᠷ ᠤᠨ ᠠᠶᠠᠨ ᠵᠢᠩ ᠬᠡᠪᠡᠯ ᠡᠷᠳᠡᠯᠡᠵᠣ ᠣᠷᠣᠶᠢᠳᠠᠬᠤ | ᠨᠢ ᠨᠡᠩ ᠬᠡᠴᠡᠭᠦᠦ ᠪᠤᠯᠵᠤ᠂ ᠵᠠᠯᠠᠭᠤ ᠬᠥᠮᠥᠨ ᠨᠣᠶᠢᠷ ᠲᠤᠲᠠᠬᠤ ᠬᠡᠭᠴᠢ ᠬᠤᠭᠤᠯᠠ ᠥᠬᠡᠢ ᠠᠴᠠ ᠲᠣᠯᠣᠭᠠᠨ ᠲᠣᠣᠷ᠎ᠠ ᠪᠠᠶᠢᠵᠤ᠂ ᠥᠶᠡᠷ ᠤᠨ ᠣᠰᠣ ᠬᠡᠪᠳᠡᠷᠢ | ᠲᠣᠭᠤᠣᠷ ᠣᠷᠣᠰᠴᠣ ᠪᠠᠶᠢᠬᠤ ᠶᠢ ᠮᠡᠳᠡᠯ ᠥᠬᠡᠢ ᠣᠠᠳᠠᠵᠣ᠂ ᠭᠠᠷᠰᠢᠭᠰᠠᠨ ᠥᠬᠡᠷ ᠪᠠᠭᠤᠴᠠᠨ ᠳᠠᠭᠠᠨ ᠬᠥᠷᠣᠬᠡᠳ ᠵᠣᠬᠰᠣᠴᠢᠬᠠᠬᠰᠠᠨ ᠪᠠᠶᠢᠬᠤ ᠶᠢ ᠨᠢ ᠮᠡᠲᠡᠯ | ᠥᠬᠡᠢ ᠭᠠᠯ ᠤᠨ ᠠᠬ᠎ᠠ ᠪᠠᠷ ᠵᠣᠳᠣᠭᠳᠠᠵᠣ᠂ ᠭᠠᠢ ᠢᠷᠡᠪᠡᠯ ᠭᠠᠭᠴᠠ ᠪᠢᠰᠢ ᠬᠡᠭᠴᠢ ᠪᠠᠷ ᠣᠠᠳᠠᠵᠤ ᠵᠣᠳᠣᠭᠳᠠᠵᠣ ᠵᠤᠪᠠᠯᠠᠩ ᠤᠨ ᠲᠡᠬᠡᠷ᠎ᠡ ᠤᠲᠠᠭᠠᠨ ᠡᠲᠦᠷ | ᠬᠤᠪᠴᠠᠰᠤ ᠪᠠᠨ ᠰᠤᠯᠢᠵᠤ ᠪᠡᠶ᠎ᠡ ᠪᠠᠨ ᠤᠬᠢᠶᠠᠭᠰᠠᠨ ᠦᠭᠡᠢ ᠠᠴᠠ ᠪᠦᠭᠡᠰᠦᠨ ᠳᠤ ᠪᠠᠷᠢᠭᠲᠠᠨ᠂ ᠵᠠᠭᠠᠳᠣᠨᠠᠵᠣ ᠮᠠᠭᠠᠵᠢᠭᠰᠠᠨ ᠤ ᠳ᠋ᠦᠩ ᠳᠤ ᠰᠢᠷᠬ᠎ᠠ ᠰᠣᠷᠪᠢ | ᠤᠯᠤᠭᠰᠠᠨ ᠠᠴᠠ ᠵᠤᠪᠠᠭᠤᠷᠢ ᠬᠡᠵᠣ ᠬᠡᠯᠡᠬᠦᠶ᠎ᠡ ᠪᠡᠷᠬᠡ ᠪᠠᠶᠢᠯ᠎ᠠ᠃ | ᠸᠠᠩᠵᠢᠯ ᠪᠠᠭᠰᠢ ᠬᠠᠷ᠎ᠠ ᠪᠤᠷᠤ ᠬᠤᠯᠠ ᠤᠶᠢᠷ᠎ᠠ ᠶᠢᠨ ᠭᠡᠵᠤ ᠬᠢᠵᠣ ᠲᠠᠭᠤᠰᠳᠠᠭ ᠥᠬᠡᠢ ᠠᠶᠢᠯ ᠬᠡᠷ ᠤᠨ ᠠᠵᠢᠯ ᠳᠤ ᠮᠣᠩᠭᠠᠨᠢᠵᠣ ᠪᠠᠶᠢᠳᠠᠯ᠎ᠠ᠂ ᠭᠠᠴᠠᠭᠠᠨ ᠠᠴᠠ | ᠥᠰᠥᠭ ᠤᠨ ᠪᠠᠯᠠᠢ ᠶᠢ ᠠᠷᠢᠯᠭᠠᠬᠤ ᠪᠠᠭᠰᠢ ᠪᠠᠷ ᠲᠣᠮᠢᠯᠠᠵᠣ᠂ ᠥᠳᠡ ᠲᠣᠮᠳᠠ ᠳᠤ ᠡᠮᠡᠭᠳᠡᠶᠢᠴᠥᠳ ᠲᠤ᠂ ᠥᠳᠡᠰᠢ ᠡᠷᠡᠭᠳᠡᠶᠢᠴᠥᠳ ᠲᠤ ᠪᠢᠴᠢᠭ ᠥᠰᠥᠭ ᠵᠢᠭᠠᠳᠠᠭ | ᠪᠤᠯᠪᠠᠴᠣ ᠨᠣᠷᠮ᠎ᠠ ᠵᠣᠭᠤᠰ ᠬᠡᠵᠣ ᠶᠠᠭᠤ ᠴᠦ ᠥᠬᠡᠢ ᠬᠢᠬᠠᠭᠳᠠᠨ ᠵᠠᠷᠣᠬᠳᠠᠵᠣ ᠶᠠᠪᠤᠵᠠᠢ᠃ | ᠸᠠᠩᠵᠢᠯ ᠪᠠᠭᠰᠢ ᠬᠡᠵᠣ ᠥᠰᠬᠦ ᠠᠴᠠ ᠪᠠᠨ ᠥᠠᠳᠥᠰᠥᠨ ᠬᠡᠯᠡ ᠳᠡᠭᠡᠨ ᠡᠷ᠎ᠡ ᠪᠠᠷᠰ᠂ ᠪᠡᠶ᠎ᠡ ᠨᠢ ᠪᠠᠭ᠎ᠠ ᠴᠦ ᠬᠡᠰᠡᠨ ᠰᠠᠨᠠᠭ᠎ᠠ ᠪᠠᠷ ᠦᠨᠲᠦᠷ᠂ ᠬᠡᠯᠡ ᠲᠠᠢ ᠠᠮᠠ | ᠲᠠᠢ ᠬᠢᠷᠢ ᠪᠠᠷᠤᠭ ᠤᠨ ᠬᠥᠮᠥᠰ ᠲᠠᠢ ᠲᠡᠬᠡᠭᠦᠷ ᠬᠡᠯᠡᠯᠴᠡᠵᠣ᠂ ᠲᠣᠭᠤᠣᠷ ᠱᠤᠭ ᠨᠠᠭᠠᠳᠣᠮ ᠬᠢᠵᠣ᠂ ᠡᠪᠤᠬᠡᠳ ᠵᠠᠯᠠᠭᠤᠰ ᠤᠨ ᠵᠠᠩ ᠤᠪᠤᠷ ᠲᠤᠨᠢ ᠡᠪᠳᠠᠢ ᠬᠠᠪᠤᠳᠠᠢ | ᠲᠤᠬᠢᠷᠠᠭᠤᠯᠵᠣ ︽ᠲᠠᠬᠡᠭ︾ ᠤᠨ ᠬᠤᠯᠪᠣᠭ᠎ᠠ ᠵᠤᠬᠢᠶᠠᠵᠤ ︵ᠥᠨᠡᠨ ᠢ ᠬᠡᠯᠡᠳᠡᠭ ᠡᠩᠬᠡ ᠲᠡᠬᠡᠭ \ ᠥᠬᠡᠷ ᠲᠡᠨᠡᠭ ᠨᠡᠮᠡᠬᠦ ᠲᠡᠬᠡᠭ \ ᠥᠨᠡᠨ ᠬᠤᠳᠬᠤᠭᠤᠷ ᠬᠢᠯᠢᠩ | ᠲᠡᠬᠡᠭ \ ᠥᠯᠪᠡᠷᠰᠢ ᠬᠡᠳᠡᠷ ᠸᠴᠢᠷ ᠲᠡᠬᠡᠭ ᠁︶ ᠶᠠᠷᠢᠴᠢᠬᠠᠭᠠᠳ ᠬᠡᠰᠢᠬᠦᠳ ᠤᠨ ᠶᠡᠭᠡ ᠬᠤᠷᠠᠯ ᠲᠡᠬᠡᠷ᠎ᠡ ᠮᠠᠰᠢ ᠴᠢᠩᠭ᠎ᠠ ᠪᠠᠷ ᠰᠢᠬᠦᠮᠵᠢᠯᠡᠭᠲᠡᠨ ᠪᠠᠶᠢᠴᠠᠭᠠᠭᠲᠠᠵᠤ | ᠠᠵᠢᠯ ᠠᠴᠠ ᠪᠠᠨ ᠬᠦᠭᠡᠭᠡᠭᠲᠡᠵᠡᠢ᠃ ᠬᠥᠳᠡᠭᠡ ᠨᠣᠳᠤᠭ ᠲᠤ ᠣᠯᠠᠭᠠᠨ ᠲᠣᠭᠤᠰᠣᠨ ᠳᠤ ᠪᠤᠯᠠᠭᠳᠠᠬᠤ ᠲᠣᠷ᠎ᠠ ᠥᠬᠡᠢ ᠠᠴᠠ ᠭᠠᠳᠠᠬᠰᠢ ᠶᠠᠪᠤᠬᠤ ᠰᠤᠨᠢᠷᠬᠠᠯ ᠲᠠᠢ | ᠪᠤᠯᠵᠤ᠂ ᠡᠯᠳᠡᠪ ᠡᠰᠡᠨ ᠢ ᠪᠤᠳᠤᠵᠤ ᠭᠡᠶᠦᠷᠠᠨ ᠪᠠᠶᠢᠳᠠᠯ᠎ᠠ ᠡᠩᠬᠡ ᠶᠢᠨ ᠵᠦᠪᠯᠡᠯᠭᠡ ᠪᠠᠷ ᠰᠣᠷᠭᠠᠭᠤᠯᠢ ᠳᠤ ᠣᠷᠣᠬᠤ ᠪᠠᠷ ᠰᠢᠢᠳᠪᠡ᠃ ᠡᠨᠡ ᠤᠴᠢᠷ ᠢ ᠭᠠᠴᠠᠭᠠᠨ ᠤ | ᠱᠥᠵᠢ ᠮᠡᠳᠡᠴᠢᠬᠡᠬᠡᠳ ᠪᠠᠯᠠᠷ ᠤᠨ ᠪᠠᠭᠰᠢ ᠪᠠ ᠭᠠᠳᠠᠬᠰᠢ ᠠᠶᠠᠨ ᠵᠢᠩ ᠳᠤ ᠶᠠᠪᠤᠬᠤ ᠳᠤ ᠨᠢᠬᠳᠠᠯᠠᠨ ᠪᠤᠳᠤᠬᠴᠢ ᠪᠠᠷ ᠵᠠᠷᠣᠬᠤ ᠪᠠᠨ ᠪᠤᠳᠤᠵᠤ ᠨᠢᠬᠡ ᠡᠳᠣᠷ ᠠᠪᠤ | ᠡᠵᠢ ᠶᠢ ᠡᠷᠢᠨ ᠢᠷᠡᠵᠣ᠄ ︽ᠬᠥᠤ ᠴᠢᠨᠢ ᠭᠠᠳᠠᠬᠰᠢ ᠰᠣᠷᠣᠯᠴᠠᠬᠤ ᠪᠠᠷ ᠶᠠᠪᠤᠬᠤ ᠴᠢᠮᠡᠭᠡ ᠲᠠᠢ᠂ ᠲᠠ ᠬᠤᠶᠠᠷ ᠡᠳᠣᠢ ᠥᠠᠳᠣᠷ ᠨᠠᠰᠣᠯᠠᠬᠰᠠᠨ᠂ ᠲᠡᠬᠦᠨ ᠢ ᠭᠠᠳᠠᠬᠰᠢ | ᠶᠠᠪᠤᠭᠤᠯᠣᠭᠠᠳ ᠶᠠᠭᠠᠬᠢᠬᠤ ᠶᠤᠮ︖ ᠬᠠᠵᠠᠭᠤ ᠳᠠᠭᠠᠨ ᠰᠠᠭᠤᠯᠭᠠᠴᠢᠬᠠ︾ ᠬᠡᠬᠦ ᠳᠤ ᠠᠪᠤ ᠡᠵᠢ ᠬᠤᠶᠠᠷ᠄ ︽ᠲᠡᠷᠡ ᠴᠢᠨᠢ ᠶᠠᠪᠤᠨ᠎ᠠ ᠬᠡᠳ ᠥᠬᠡ ᠰᠣᠨᠣᠰᠬᠤ | ᠥᠬᠡᠢ ᠪᠠᠶᠢᠨ᠎ᠠ ᠰᠢᠳᠡ︾ ᠬᠡᠬᠦᠯᠡᠷ ᠨᠢ ᠱᠥᠵᠢ᠄ ︽ᠪᠡᠷᠢ ᠠᠪᠤᠭᠠᠳ ᠥᠭᠴᠢᠬᠡ᠂ ᠲᠡᠬᠡᠪᠡᠯ ᠶᠠᠪᠤᠬᠤ ᠥᠬᠡᠢ ᠲᠤᠭᠲᠠᠴᠢᠬᠠᠬᠤ ᠶᠣᠮ︾ ᠬᠡᠵᠣ ᠬᠡᠯᠡᠪᠡ᠃ ᠠᠪᠤ ᠡᠵᠢ | ᠬᠤᠶᠠᠷ ᠤᠨ ᠬᠢᠨᠢ ᠱᠠᠭᠠᠷᠲᠠᠯᠭ᠎ᠠ ᠳᠤ ᠬᠥᠮᠥᠨ ᠤ ᠭᠠᠭᠴᠠ ᠬᠥᠤ ᠪᠤᠯᠤᠭᠰᠠᠨ ᠸᠠᠩᠵᠢᠯ ᠪᠠᠭᠰᠢ ᠪᠤᠯᠬᠤᠷ ᠠᠷᠭ᠎ᠠ ᠦᠭᠡᠢ ᠵᠥᠪᠰᠢᠶᠡᠷᠡᠵᠣ᠂ ᠨᠠᠨᠰᠧᠮᠡᠳᠡᠭ ᠭᠡᠲᠡᠭ 18 | ᠨᠠᠰᠣᠳᠠᠢ ᠥᠬᠢᠨ ᠢ ᠵᠠᠭᠤᠴᠢᠯᠠᠵᠣ ᠠᠶᠢᠯ ᠪᠤᠯᠵᠤ ᠠᠮᠢᠲᠤᠷᠠᠯᠠ᠃ ᠬᠡᠪᠡᠴᠣ ᠡᠨᠡ ᠨᠢ ᠬᠠᠯᠠ ᠵᠣᠪᠠᠯᠠᠩ ᠬᠠᠨᠤᠲᠠᠯ᠎ᠠ ᠠᠮᠰᠠᠭᠰᠠᠨ ᠸᠠᠩᠵᠢᠯ ᠪᠠᠭᠰᠢ ᠶᠢᠨ ᠰᠣᠶᠣᠯ ᠤᠨ | ᠮᠥᠷ ᠬᠥᠬᠡᠬᠡᠬᠦ ᠵᠣᠷᠢᠯᠳᠠ ᠶᠢ ᠨᠣᠭᠤᠯᠵᠣ ᠴᠢᠳᠠᠬᠰᠠᠨ ᠥᠬᠡᠢ᠃ ᠠᠷᠪᠠ ᠶᠢᠰᠥᠨ ᠨᠠᠰᠣ ᠬᠥᠷᠴᠣ ᠠᠵᠣ ᠠᠮᠢᠳᠣᠷᠠᠯ ᠴᠦ ᠬᠡᠪ ᠢᠶᠠᠨ ᠣᠯᠵᠤ᠂ ᠴᠠᠭ ᠲᠦᠷᠦ ᠰᠠᠶᠢᠬᠠᠨ | ᠪᠤᠯᠤᠭᠰᠠᠨ ᠠᠴᠠ ᠨᠣᠳᠤᠭ ᠤᠨ ᠥᠶ᠎ᠡ ᠬᠤᠷᠠᠭ ᠤᠨ ᠨᠥᠬᠦᠳ ᠤᠳ ᠨᠢ ᠪᠠᠷᠤᠭ ᠯᠡ ᠣᠯᠣᠰ ᠤᠨ ᠺᠠᠳ᠋ᠷ ᠪᠣᠯᠴᠠᠭᠠᠵᠠᠢ᠃ ᠸᠠᠩᠵᠢᠯ ᠪᠠᠭᠰᠢ ᠣᠯᠣᠰ ᠤᠨ ᠺᠠᠳ᠋ᠷ | ᠪᠤᠯᠤᠶ᠎ᠠ ᠬᠡᠵᠣ ᠰᠠᠨᠠᠪᠠᠴᠣ ᠨᠡᠶᠢᠬᠡᠮ ᠲᠡᠬᠡᠷ᠎ᠡ ᠠᠴᠠ ᠣᠳᠣ ᠳᠠᠭᠠᠨ ᠺᠠᠳ᠋ᠷ ᠡᠯᠰᠡᠬᠦ ᠪᠠᠨ ᠪᠣᠯᠢᠵᠠᠢ᠃ ᠬᠠᠷᠢᠨ ᠰᠣᠷᠭᠠᠭᠤᠯᠢ ᠲᠡᠬᠦᠰᠣᠭ᠍ᠴᠢᠳ ᠠᠴᠠ ᠠᠪᠬᠤ ᠶᠤᠮ ᠭᠡᠨ᠎ᠠ ᠁ | ᠲᠤᠬᠠᠢ ᠶᠢᠨ ᠦᠶ᠎ᠡ ᠸᠠᠩᠵᠢᠯ ᠪᠠᠭᠰᠢ ᠰᠣᠷᠭᠠᠭᠤᠯᠢ ᠳᠤ ᠣᠷᠣᠶ᠎ᠠ ᠬᠡᠬᠦ ᠳᠤ ᠲᠤᠭ᠎ᠠ ᠪᠤᠳᠣᠯᠭ᠎ᠠ ᠮᠡᠳᠡᠬᠦ ᠥᠬᠡᠢ ᠲᠣᠯᠠ ᠪᠠᠭ᠎ᠠ ᠰᠣᠷᠭᠠᠭᠤᠯᠢ ᠳᠤ ᠵᠢᠯ ᠰᠢᠬᠠᠮ | ᠲᠤᠭ᠎ᠠ ᠪᠣᠳᠣᠯᠭ᠎ᠠ ᠪᠠᠨ ᠲᠠᠪᠳᠠᠭᠠᠳ ᠨᠠᠮᠤᠷ ᠨᠢ ᠲᠣᠮᠳᠠᠳᠣ ᠰᠣᠷᠭᠠᠭᠤᠯᠢ ᠳᠤ ᠰᠢᠯᠭᠠᠨ ᠣᠷᠣᠵᠠᠢ᠃ ᠲᠡᠬᠡᠬᠡᠳ ᠭᠤᠷᠪᠠᠨ ᠵᠢᠯ ᠢᠶᠠᠨ ᠠᠮᠵᠢᠯᠳᠠ ᠲᠠᠢ | ᠲᠡᠬᠦᠰᠬᠡᠬᠡᠳ1957 ᠣᠨ ᠳᠤ ᠥᠪᠣᠷ ᠮᠣᠩᠭᠤᠯ ᠤᠨ ᠪᠠᠭᠰᠢ ᠶᠢᠨ ᠲᠡᠬᠡᠳᠣ ᠰᠣᠷᠭᠠᠭᠤᠯᠢ ᠳᠤ ᠰᠢᠯᠭᠠᠨ ᠣᠷᠣᠵᠣ ᠰᠣᠷᠣᠯᠴᠠᠬᠤ ᠬᠤᠭᠤᠴᠠᠭᠠᠨ ᠳᠤ ᠠᠷᠣ ᠠᠷᠣ | ᠠᠴᠠ ᠪᠠᠨ ᠢᠷᠡᠭᠰᠡᠨ ᠣᠯᠠᠨ ᠵᠥᠢᠯ ᠤᠨ ᠣᠯᠣᠰ ᠲᠥᠷᠣ ᠶᠢᠨ ︽ᠬᠥᠳᠡᠯᠬᠡᠬᠡᠨ︾ ᠨᠦᠭᠦᠳ ᠢ ᠠᠵᠢᠭ ᠥᠬᠡᠢ ᠲᠣᠭᠤᠯᠵᠣ᠂ ᠰᠣᠷᠣᠯᠭ᠎ᠠ ᠪᠠᠨ ᠰᠢᠯᠢᠳᠡᠭ ᠬᠢᠷᠢ | ᠪᠥᠳᠤᠮᠵᠢᠳᠠᠢ ᠲᠡᠬᠦᠰᠣᠬᠡᠳ1961 ᠣᠨ ᠳᠤ ᠪᠠᠶᠠᠨᠨᠠᠭᠤᠷ ᠠᠶᠢᠮᠠᠭ ᠤᠨ ᠣᠷᠠᠳ ᠤᠨ ᠲᠣᠮᠳᠠᠳᠣ ᠬᠤᠶᠢᠳᠣ ᠬᠤᠯᠪᠣᠭᠠᠳᠣ ᠬᠤᠰᠢᠭᠤᠨ ᠤ ᠮᠣᠩᠭᠤᠯ ᠲᠣᠮᠳᠠᠳᠣ | ᠰᠣᠷᠭᠠᠭᠤᠯᠢ ᠳᠤ ᠶᠡᠭᠡ ᠰᠣᠷᠭᠠᠭᠤᠯᠢ ᠲᠡᠬᠦᠰᠣᠭ᠍ᠰᠡᠨ ᠠᠩᠬᠠᠨ ᠤ ᠣᠶᠣᠳᠠᠨ ᠢᠶᠠᠷ ᠬᠤᠪᠢᠶᠠᠭᠲᠠᠨ ᠢᠷᠡᠵᠦ ᠪᠠᠭᠰᠢᠯᠠᠪᠠ᠃ 1962 ᠤᠨ ᠳᠤ ᠬᠡᠷ ᠪᠥᠯᠢ ᠪᠠᠨ | ᠰᠢᠯᠵᠢᠬᠦᠯᠵᠣ ᠠᠪᠴᠢᠷᠠᠬᠰᠠᠨ ᠴᠦ ᠡᠬᠡᠨᠡᠷ ᠨᠢ ᠵᠠᠮ ᠳᠠᠭᠠᠨ ᠥᠯᠤ ᠲᠠᠨᠢᠬᠳᠠᠬᠤ ᠲᠥᠷᠬᠡᠨ ᠡᠪᠡᠳᠴᠢᠨ ᠢᠶᠠᠷ ᠨᠠᠰᠣ ᠪᠠᠷᠠᠪᠠ᠃ ᠡᠨᠡ ᠨᠢ ᠸᠠᠩᠵᠢᠯ ᠪᠠᠭᠰᠢ ᠳᠤ ᠨᠢᠬᠡᠨ | ᠬᠡᠮᠵᠢᠶᠡᠨ ᠤ ᠠᠮᠢᠳᠣᠷᠠᠯ ᠥᠵᠡᠯ ᠳᠤᠨᠢ ᠲᠠᠷᠣᠭᠠᠰᠣ ᠪᠤᠯᠵᠤ ᠪᠠᠶᠢᠯ᠎ᠠ᠃ ᠬᠡᠪᠡᠴᠣ ᠸᠠᠩᠵᠢᠯ ᠪᠠᠭᠰᠢ ᠵᠠᠯᠠᠭᠤ ᠴᠠᠭ ᠤᠨ ᠰᠥᠰᠣ ᠵᠣᠷᠢᠭ ᠢᠶᠠᠷ ᠰᠠᠨᠠᠭ᠎ᠠ ᠰᠡᠳᠬᠢᠯ | ᠰᠠᠭᠠᠷᠢᠯ ᠥᠬᠡᠢ ᠪᠠᠷ ᠪᠠᠭᠰᠢᠯᠠᠵᠣ᠂ ᠲᠡᠷᠡ ᠰᠣᠷᠣᠭᠴᠢᠳ ᠳᠠᠭᠠᠨ ︽ᠲᠠᠨᠠᠷ ᠮᠡᠳᠡᠬᠦ ᠥᠬᠡᠢ ᠵᠥᠢᠯ ᠢᠶᠠᠨ ᠠᠰᠠᠭᠤᠵᠣ ᠪᠠᠢ︕ ᠨᠠᠮᠠᠢᠢ ᠭᠠᠷᠳᠠᠭᠠᠵᠣ ᠪᠠᠶᠢᠪᠠᠯ ᠰᠠᠶ᠋ᠢ | ᠰᠣᠷᠴᠣ ᠪᠠᠶᠢᠭ᠎ᠠ ᠶᠢᠨ ᠢᠯᠡᠷᠡᠯ︾ ᠬᠡᠵᠣ ᠰᠣᠷᠭᠠᠨ᠂ ᠰᠡᠳᠬᠢᠯ ᠢᠶᠠᠷ ᠬᠠᠶᠢᠯᠵᠣ᠂ ᠢᠳᠡᠬᠡᠯ ᠢᠶᠠᠷ ᠡᠷᠬᠦᠵᠣ ᠡᠷᠳᠡᠮ ᠢᠶᠠᠷ ᠬᠥᠮᠣᠵᠢᠬᠦᠯᠣᠭ᠍ᠰᠡᠨ ᠪᠤᠯᠬᠤᠷ ᠲᠡᠬᠦᠨ ᠤ | ᠵᠢᠭᠠᠬᠰᠠᠨ ᠮᠤᠩᠭᠤᠯ ᠬᠡᠯᠡ ᠨᠢ ᠲᠣᠪᠣᠶᠢᠮ᠎ᠠ ᠠᠮᠵᠢᠯᠳᠠ ᠣᠯᠵᠣ᠂ ᠰᠣᠷᠣᠬᠴᠢᠳ ᠨᠢ ᠲᠥᠷᠪᠡᠨ ᠵᠢᠯ ᠲᠠᠷᠠᠭᠠᠯᠠᠨ ᠠᠶᠢᠮᠠᠭ ᠲᠠᠭᠠᠨ ᠲᠥᠷᠣᠬᠦᠯᠡᠵᠣ᠂ ᠰᠢᠯᠢᠳᠡᠭ ᠪᠠᠭᠰᠢ | ᠪᠠᠷ ᠥᠨᠡᠯᠡᠭᠳᠡᠪᠡ᠃ ᠲᠡᠬᠦᠨ ᠤ ᠬᠥᠮᠤᠵᠢᠬᠦᠯᠤᠭ᠍ᠰᠡᠨ ᠰᠣᠷᠣᠬᠴᠢᠳ᠂ ᠣᠯᠣᠰ ᠣᠷᠣᠨ ᠤ ᠡᠯ᠎ᠡ ᠹᠷᠦᠨᠲ ᠲᠤ ᠪᠥᠷ ᠥᠩᠬᠡ ᠬᠡᠷᠡᠯᠳᠡᠢ ᠥᠬᠡᠳᠡ ᠲᠠᠢ ᠶᠠᠪᠤᠵᠤ ᠪᠤᠢ᠃ | ᠲᠡᠳᠡᠬᠡᠷ ᠰᠣᠷᠣᠬᠴᠢᠳ ᠠᠴᠠ ᠬᠡᠳᠣ ᠶᠢ ᠲᠣᠷᠠᠳᠪᠠᠯ᠄ ᠪᠥᠷᠢᠠᠳᠡᠬᠦᠰ᠂ ᠰᠡᠷᠡᠩ᠂ ᠰᠤᠳᠨᠠᠮᠸᠠᠩᠵᠢᠯ᠂ ᠬᠣ ᠲᠥᠪᠰᠢᠨ᠂ ᠠᠯᠳᠠᠨᠪᠣᠯᠠᠭ ᠵᠡᠷᠬᠡ ᠷᠣᠮᠠᠨᠴᠢ᠂ ᠵᠣᠬᠢᠶᠠᠯᠴᠢᠳ | ᠭᠠᠷᠣᠬᠰᠠᠨ᠃ ᠲᠥᠪ ᠤᠨ ᠥᠠᠳᠥᠰᠥᠳᠠᠨ ᠤ ᠶᠡᠭᠡ ᠰᠣᠷᠭᠠᠭᠤᠯᠢ ᠳᠤ ᠥᠯᠵᠠᠶᠢᠪᠠᠶᠠᠷ᠂ ᠪᠠᠶᠠᠠᠴᠠᠭᠠᠨ ᠵᠡᠷᠬᠡ ᠫᠷᠦᠹᠧᠰᠰᠤᠷ᠂ ᠤᠷᠤᠨ ᠤ ᠲᠦᠪ ᠲᠤ ᠲᠣᠬᠳᠣᠨᠪᠢᠯᠢᠭ᠌᠂ | ᠰᠠᠶᠢᠵᠢᠷᠠᠬᠤ ᠵᠡᠷᠭᠡ ᠪᠠ ᠪᠠᠶᠠᠨᠨᠠᠭᠤᠷ ᠠᠶᠢᠮᠠᠭ ᠤᠨ ᠲᠡᠬᠡᠳᠣ ᠰᠣᠷᠭᠠᠭᠤᠯᠢ ᠪᠠ ᠲᠣᠮᠳᠠᠳᠣ ᠰᠣᠷᠭᠠᠭᠤᠯᠢ ᠳᠤ ᠪᠥᠬᠡᠴᠢᠯᠠᠭᠤ᠂ ᠨᠠᠶᠢᠷᠠᠮᠳᠠᠯ ᠵᠡᠷᠭᠡ ᠨᠡᠷᠡᠲᠤ ᠪᠠᠭᠰᠢ᠂ | ᠮᠥᠩᠬᠡᠵᠢᠳ᠂ ᠭᠡᠷᠡᠯᠵᠠᠮ ᠮᠡᠳᠣ ᠰᠣᠷᠣᠬᠴᠢᠳ ᠨᠢ ᠬᠤᠰᠢᠭᠤᠨ ᠤ ᠱᠥᠵᠢ᠂ ᠬᠤᠰᠢᠭᠤ ᠲᠠᠷᠤᠭ᠎ᠠ᠂ ᠴᠢᠨᠠᠭᠰᠢᠯᠠᠭᠠᠳ ᠲᠢᠩᠬᠢᠮ ᠤᠨ ᠲᠡᠰ ᠤᠨ ᠤᠲᠤᠷᠢᠳᠬᠤ ᠺᠠᠳ᠋ᠷ | ᠤᠨ ᠡᠩᠨᠡᠭᠡᠨ ᠳᠤ ᠬᠢᠯᠠᠷᠠᠭᠤᠯᠵᠤ ᠶᠠᠪᠤᠭᠰᠠᠨ ᠤᠮᠤᠭᠰᠢᠯᠲᠤ ᠰᠤᠷᠤᠭᠴᠢ ᠲᠠᠢ ᠰᠠᠨ᠃ | 1968 ᠣᠨ ᠳᠤ ᠬᠥᠳᠡᠭᠡ ᠪᠠᠭᠤᠵᠣ ᠰᠣᠷᠣᠬᠴᠢᠳ ᠲᠠᠢ ᠬᠠᠮᠳᠣ ᠸᠠᠩᠵᠢᠯ ᠪᠠᠭᠰᠢ ᠶᠢ ᠲᠠᠬᠢᠨ ᠰᠣᠷᠭᠠᠨ ᠬᠥᠮᠥᠵᠢᠯ ᠬᠥᠷᠳᠡᠬᠡᠬᠦ ᠪᠠᠷ ᠣᠯᠠᠭᠠᠨ ᠰᠣᠮᠣᠨ ᠤ | ᠪᠠᠶ᠋ᠬᠠᠣᠪᠤᠭ᠎ᠠ ᠪᠠᠷᠢᠭᠠᠳᠠ ᠳᠤ ᠪᠠᠭᠤᠯᠭᠠᠪᠠ᠃ ᠸᠠᠩᠵᠢᠯ ᠪᠠᠭᠰᠢ ᠠᠳᠣᠭᠤ ᠬᠠᠷᠢᠭᠤᠯᠬᠤ᠂ ᠠᠶᠠᠨ ᠲᠡᠬᠡᠬᠡᠪᠤᠷᠢ ᠬᠢᠬᠦ᠂ ᠪᠣᠳᠠᠭ᠎ᠠ ᠪᠤᠷᠳᠤᠭ᠎ᠠ ᠠᠴᠢᠶᠠᠯᠠᠨ ᠬᠥᠷᠬᠡᠬᠦ᠂ ᠠᠶᠢᠯ | ᠬᠡᠷ ᠨᠡᠬᠦᠯᠬᠡᠬᠦ᠂ ᠬᠤᠨᠢ ᠮᠠᠯ ᠬᠠᠷᠢᠭᠤᠯᠬᠤ ᠵᠡᠷᠬᠡ ᠪᠠᠷ ᠭᠤᠷᠪᠠᠨ ᠵᠢᠯ ᠶᠠᠪᠣᠵᠣ᠂ ᠲᠠᠷᠠᠭ᠎ᠠ ᠨᠢ ᠰᠤᠮᠤᠨ ᠳᠤ ᠰᠢᠯᠵᠢᠨ ᠲᠣᠯᠣᠭᠠᠨ ᠵᠢᠯ ᠠᠵᠢᠯᠯᠠᠵᠠᠢ᠃ ᠸᠠᠩᠵᠢᠯ ᠪᠠᠭᠰᠢ | ᠶᠢ ᠰᠣᠮᠣᠨ ᠳᠤ ᠠᠵᠢᠯᠯᠠᠬᠤ ᠥᠶ᠎ᠡ ᠳᠤ ᠲᠣᠰ ᠰᠣᠮᠣᠨ ᠳᠤ ︽ᠬᠤᠯᠣᠭᠠᠨ᠎ᠠ ᠶᠢᠨ ᠬᠢᠵᠢᠭ︾ ᠲᠡᠯᠬᠡᠷᠡᠯᠡ ᠬᠡᠮᠡᠨ ᠶᠡᠭᠡ ᠠᠵᠢᠯ ᠭᠠᠷᠴᠣ ᠸᠠᠩᠵᠢᠯ ᠪᠠᠭᠰᠢ ᠡᠨᠡ | ᠥᠶ᠎ᠡ ᠳᠤ ᠬᠤᠯᠣᠭᠠᠨ᠎ᠠ ᠣᠳᠣᠬᠤ ᠵᠣᠬᠢᠶᠠᠮᠠᠯ ᠴᠠᠭᠠᠰᠣᠨ ᠫᠣᠣ ᠬᠡᠬᠦ ᠠᠵᠢᠯ ᠢᠶᠠᠷ ᠰᠣᠮᠣᠨ ᠤ ᠠᠯᠪᠠᠨ ᠬᠡᠷ ᠤᠨ ᠡᠮᠡᠭᠳᠠᠢ ᠨᠠᠷᠢᠨ ᠪᠢᠴᠢᠬᠡᠴᠢ ᠠᠴᠠ ᠪᠠᠭ᠋ᠠᠨ ᠠᠷᠪᠢᠨ | ᠴᠠᠭᠠᠰᠣ ᠠᠪᠴᠣ ᠦᠨᠦᠬᠢ ᠴᠠᠭᠠᠰᠣ ᠪᠠᠨ ᠲᠢᠭᠯᠡᠵᠦ ᠪᠠᠶᠢᠳᠠᠯ᠎ᠠ ᠡᠨᠡ ᠡᠮᠡᠭᠳᠠᠢ ᠨᠠᠷᠢᠨ ᠪᠢᠴᠢᠬᠡᠴᠢ ᠮᠣᠩᠭᠤᠯ ᠣᠯᠣᠰ ᠤᠨ ᠡᠮᠣᠨᠡᠭᠤᠪᠢ ᠠᠶᠢᠮᠠᠭ ᠤᠨ ᠨᠠᠮ ᠤᠨ | ᠬᠤᠷᠢᠶᠠᠨ ᠤ ᠨᠢᠬᠡᠳᠣᠬᠡᠷ ᠨᠠᠷᠢᠨ ᠪᠢᠴᠢᠬᠡᠴᠢ ᠶᠢᠨ ᠲᠠᠷᠤᠭ᠎ᠠ ᠲᠠᠢ ᠬᠠᠮᠳᠣ ᠲᠠᠳᠠᠭᠤᠯᠣᠭᠰᠠᠨ ᠰᠡᠬᠦᠳᠡᠷ ᠭᠠᠷᠴᠣ ᠢᠷᠡᠭᠰᠡᠨ ᠳᠤ ᠸᠠᠩᠵᠢᠯ ᠪᠠᠭᠰᠢ ᠶᠢ ᠲᠡᠷᠡ ᠲᠠᠷᠣᠢ | ᠳᠤᠨᠢ ᠰᠣᠮᠣᠨ ᠤ ᠵᠡᠪᠰᠡᠭᠳᠣ ᠬᠥᠴᠣᠨ ᠤ ᠺᠠᠳ᠋ᠷ ᠲᠤ ᠬᠥᠷᠬᠡᠵᠣ ᠥᠭᠴᠠᠢ᠃ | ᠸᠠᠩᠵᠢᠯ ᠪᠠᠭᠰᠢ ᠡᠨᠡ ᠬᠤᠭᠤᠴᠠᠭᠠᠨ ᠳᠠᠭᠠᠨ ᠡᠴᠩᠬᠡᠢ ᠬᠠᠯᠳᠠᠷ ᠮᠣᠷᠢ ᠣᠨᠣᠵᠣ ᠠᠷᠣ ᠬᠤᠷᠮᠣᠢ ᠨᠢ ᠰᠡᠮᠡᠷᠬᠡᠢ ᠬᠥᠬᠡ ᠲᠠᠪᠣᠣ ᠲᠡᠷᠯᠢᠭ ᠢ ᠨᠤᠭᠤᠭᠠᠨ ᠥᠩᠬᠡ | ᠲᠠᠢ ᠰᠡᠮᠡᠷᠬᠡᠢ ᠪᠥᠰᠡ ᠪᠠᠷ ᠪᠥᠰᠡᠯᠡᠵᠣ ᠥᠷᠣᠬᠡᠰᠣᠨ ᠲᠤᠷᠠᠨ ᠡᠭᠡᠯᠲᠤᠷᠭᠡᠯᠡᠨ ᠮᠣᠬᠢᠷ ᠣᠷᠭ᠎ᠠ ᠰᠤᠭᠤᠪᠴᠢᠯᠠᠵᠤ ᠬᠡᠳᠣ ᠬᠡᠳᠣᠨ ᠲᠠᠶᠢᠭᠠᠨ ᠨᠣᠬᠠᠢ | ᠲᠠᠭᠠᠭᠤᠯᠴᠢᠬᠠᠬᠰᠠᠨ ᠬᠠᠯᠢᠭᠤᠳᠣ ᠶᠢᠨ ᠵᠡᠬᠡᠯᠢ ᠲᠡᠬᠡᠷ᠎ᠡ ᠶᠠᠪᠣᠵᠣ ᠪᠠᠶᠢᠵᠣ ᠪᠢᠯᠡ︕ | ᠨᠠᠷᠠ ᠮᠠᠨᠲᠤᠵᠤ ᠨᠠᠪᠴᠢ ᠲᠡᠯᠭᠡᠷᠡᠯᠠ᠃ 1977 ᠣᠨ ᠤ ᠡᠪᠣᠯ ᠬᠤᠰᠢᠭᠤᠨ ᠳᠠᠭᠠᠨ ᠪᠤᠴᠠᠵᠣ ᠬᠤᠰᠢᠭᠤᠨ ᠤ ᠰᠣᠷᠭᠠᠨ ᠬᠥᠮᠣᠵᠢᠯ ᠤᠨ ᠵᠢᠭᠠᠬᠤ ᠶᠢ | ᠰᠣᠳᠣᠯᠬᠤ ᠭᠠᠵᠠᠷ ᠲᠤ ᠠᠵᠢᠯᠯᠠᠵᠣ ᠪᠠᠶᠢᠭᠠᠳ 1980 ᠣᠨ ᠳᠤ ᠬᠤᠰᠢᠭᠤᠨ ᠤ ᠮᠣᠩᠭᠤᠯ ᠬᠡᠯᠡ ᠪᠢᠴᠢᠭ ᠤᠨ ᠠᠯᠪᠠᠨ ᠬᠡᠷ ᠤᠨ ᠡᠷᠬᠢᠯᠡᠭᠴᠢ ᠪᠠᠷ ᠰᠢᠯᠵᠢᠨ | ᠠᠵᠢᠯᠯᠠᠵᠠᠢ᠃ ᠡᠨᠡ ᠬᠤᠭᠤᠴᠠᠭᠠᠨ ᠳᠤ᠂ ︿︿ᠰᠤᠶᠤᠯ ᠤᠨ ᠬᠤᠪᠢᠰᠬᠠᠯ﹀﹀ ᠳᠤ ᠬᠠᠰᠤᠭᠳᠠᠭᠰᠠᠨ ᠤᠷᠴᠢᠭᠤᠯᠭ᠎ᠠ ᠶᠢᠨ ᠰᠠᠯᠠᠭ᠎ᠠ ᠬᠢᠭᠡᠳ ᠤᠳᠬ᠎ᠠ ᠤᠷᠠᠯᠢᠭ ᠤᠨ | ᠬᠤᠯᠪᠤᠭ᠎ᠠ ᠵᠡᠷᠭᠡ ᠪᠠᠶᠢᠭᠤᠯᠭ᠎ᠠ ᠶᠢ ᠰᠡᠷᠭᠦᠭᠡᠭᠰᠡᠨ ᠪᠠᠶᠢᠨ᠎ᠠ᠃ | ᠸᠠᠩᠵᠢᠯ ᠪᠠᠭᠰᠢ ᠡᠨᠡ ᠥᠶ᠎ᠡ ᠳᠤ ᠪᠥᠬᠦ ᠬᠤᠰᠢᠭᠤᠨ ᠤ ᠬᠡᠪᠴᠢᠶᠡᠨ ᠳᠤ ᠵᠢᠯ ᠪᠥᠷᠢ ᠶᠠᠪᠣᠬᠳᠠᠳᠠᠭ ᠬᠡᠯᠡ ᠪᠢᠴᠢᠭ ᠤᠨ ᠰᠤᠲᠤᠯᠯᠠᠭᠠᠨ ᠤ ᠬᠤᠷᠠᠯ ᠢ ᠵᠣᠬᠢᠶᠠᠨ | ᠪᠠᠶᠢᠭᠤᠯᠵᠣ ᠲᠣᠮᠳᠠᠳᠣ ᠪᠠ ᠪᠠᠭ᠎ᠠ ᠰᠣᠷᠭᠠᠭᠤᠯᠢ ᠶᠢᠨ ᠪᠠᠭᠰᠢ ᠨᠠᠷ᠂ ᠨᠡᠶᠢᠬᠡᠮ ᠲᠡᠬᠡᠷᠡᠬᠢ ᠰᠣᠶᠣᠯ ᠲᠡᠣᠬᠡ ᠶᠢᠨ ᠮᠡᠳᠡᠯᠬᠡ ᠲᠠᠢ ᠺᠠᠳ᠋ᠷ ᠨᠠᠷ ᠢ ᠵᠣᠬᠢᠶᠠᠨ ᠪᠠᠶᠢᠭᠤᠯᠵᠣ | ᠬᠡᠯᠨ ᠪᠢᠴᠢᠭ ᠤᠨ ᠡᠷᠳᠡᠮ ᠰᠢᠨᠵᠢᠯᠡᠬᠡᠨ ᠤ ᠬᠤᠷᠠᠯ ᠢ ᠬᠢᠯᠭᠡᠲᠡᠭ ᠪᠠᠶᠢᠯ᠎ᠠ᠃ ᠡᠨᠡ ᠨᠢ ᠶᠡᠭᠡ ᠯᠡ ᠬᠥᠷ ᠨᠠᠷᠬᠢᠶᠠᠨ ᠲᠠᠢ᠂ ᠣᠷᠣᠯᠴᠠᠬᠰᠠᠳ ᠥᠪᠡᠷ ᠥᠪᠡᠷ ᠤᠨ | ᠣᠠᠴᠠᠯᠢᠭ ᠪᠥᠬᠦᠢ ᠶᠠᠷᠢᠶ᠎ᠠ ᠢᠯᠡᠳᠬᠡᠯ ᠬᠢᠳᠡᠭ ᠪᠠᠶᠢᠯ᠎ᠠ᠃ ᠸᠠᠩᠵᠢᠯ ᠪᠠᠭᠰᠢ ᠲᠣᠰ ᠠᠯᠪᠠᠨ ᠠᠴᠠ ᠰᠠᠯᠣᠬᠰᠠᠨ ᠠᠴᠠ ᠬᠤᠶᠢᠰᠢ ᠬᠤᠰᠢᠭᠤᠨ ᠤ ᠬᠡᠯᠡ ᠪᠢᠴᠢᠭ ᠤᠨ | ᠠᠵᠢᠯ ᠴᠦ ᠲᠡᠬᠡᠰᠣᠨ ᠲᠥᠷᠣᠬᠡ ᠲᠠᠢ ᠨᠤᠤᠰᠣᠨ ᠨᠤᠭᠳᠣ ᠲᠠᠢ ᠲᠡᠳᠣᠢ ᠪᠤᠯᠤᠭᠰᠠᠨ ᠪᠠᠶᠢᠨ᠎ᠠ | ᠸᠠᠩᠵᠢᠯ ᠪᠠᠭᠰᠢ ᠦᠨᠲᠦᠰᠦᠲᠡᠨ ᠤ ᠰᠤᠶᠤᠯ ᠢᠶᠠᠨ ᠬᠠᠶᠢᠷᠠᠯᠠᠨ ᠬᠦᠭᠵᠢᠬᠦᠯᠵᠦ᠂ ᠰᠢᠯᠦᠭ ᠵᠤᠬᠢᠶᠠᠯ ᠢᠶᠠᠷ ᠤᠶᠤᠨ ᠢᠶᠠᠨ ᠲᠡᠵᠢᠭᠡᠨ᠂ ᠦᠨᠲᠦᠰᠦᠲᠡᠨ ᠤ ᠦᠪ | ᠰᠤᠶᠤᠯ ᠤᠨ ᠬᠦᠷᠢᠶᠡᠯᠡᠩ ᠳᠤ ᠦᠪᠡᠷ ᠤᠨ ᠢᠶᠠᠨ ᠭᠡᠰᠡᠨ ᠬᠤᠪᠢ ᠨᠡᠮᠡᠬᠦᠷᠢ ᠪᠠᠨ ᠦᠵᠡᠬᠦᠯᠵᠦ ᠶᠠᠪᠤᠨ᠎ᠠ ᠁ | ᠸᠠᠩᠵᠢᠯ ᠪᠠᠭ᠎ᠠ ᠠᠴᠠ ᠪᠠᠨ ᠰᠢᠯᠣᠭ᠌ ᠲᠤ ᠶᠡᠭᠡ ᠰᠣᠨᠢᠷᠬᠠᠯ ᠲᠠᠢ᠂ ᠰᠣᠨᠢᠨ ᠰᠡᠳᠬᠦᠯ ᠳᠤ ︽ᠵᠠᠪᠰᠢᠬᠴᠢ ᠭᠤᠸᠠᠢ︾ ︽ᠴᠠᠭᠠᠰᠣᠨ ᠰᠥᠮᠪᠣᠷ ᠴᠣᠬᠴᠠᠯᠠᠬᠳᠠᠨᠠ︾ | ︽ᠲᠥᠯ ᠲᠣᠰᠣᠬᠴᠢ ᠬᠡᠣᠬᠡᠨ︾ ᠵᠡᠷᠬᠡ ᠠᠷᠪᠠ ᠭᠠᠷᠣᠢ ᠰᠢᠯᠣᠭ᠌ ᠨᠡᠶᠢᠳᠡᠯᠡᠬᠦᠯᠵᠣ᠂ ᠢᠳᠡᠷ ᠥᠶ᠎ᠡ ᠳᠡᠭᠡᠨ ︽ᠲᠠᠯ᠎ᠠ ᠳᠤ ᠲᠣᠭᠤᠰ ᠨᠢᠰᠬᠦ ᠨᠢ︾ ︽ᠰᠢᠭᠤᠷᠭᠠᠨ | ᠲᠣᠮᠳᠠᠭᠤᠷ︾ ᠮᠡᠳᠣ ᠵᠢᠷᠭᠤᠭ᠎ᠠ ᠲᠣᠯᠣᠭᠠᠨ ᠨᠠᠶᠢᠷᠠᠭᠤᠯᠣᠯ ᠬᠢᠬᠡᠳ ︽ᠬᠤᠶᠠᠷ ᠡᠷᠬᠢᠯᠡᠭᠴᠢ︾ ︽ᠰᠣᠯᠢᠵᠢᠷ ᠬᠢᠯᠮᠡᠭ︾ ︽ᠥᠷ ᠴᠥᠷ︾ ︽ᠬᠥᠳᠡᠭᠡ ᠶᠢᠨ | ᠵᠣᠭᠤᠭ︾ ᠬᠡᠬᠦ ᠮᠡᠳᠣ ᠠᠷᠪᠠ ᠰᠢᠬᠠᠮ ᠥᠬᠦᠯᠡᠯᠬᠡ ᠨᠡᠶᠢᠳᠡᠯᠡᠬᠦᠯᠵᠠᠢ᠃ ᠲᠥᠴᠢ ᠶᠢᠨ ᠲᠠᠪᠠᠭ᠎ᠠ ᠶᠢ ᠲᠠᠪᠠᠵᠣ ᠡᠷᠳᠡᠮ ᠰᠢᠠᠵᠢᠯᠡᠬᠡᠨ ᠤ ᠠᠵᠢᠯ ᠢᠶᠠᠨ ᠡᠬᠢᠯᠡᠬᠦᠯᠵᠣ | ︽ᠬᠥᠬᠡ ᠲᠥᠯᠬᠢᠬᠦᠷ︾ ᠡᠷᠳᠡᠨ ᠤ ᠥᠬᠡᠰ ᠤᠨ ᠲᠣᠯᠢ᠂ ︽ᠬᠥᠬᠡ ᠵᠣᠯᠠ︾ ᠮᠣᠩᠭᠤᠯᠴᠣᠳ ᠤᠨ ᠠᠮᠢᠳᠣᠷᠠᠯ ᠠᠬᠤᠢ ᠶᠢᠨ ᠲᠣᠯᠢ᠂ ︽ᠬᠥᠬᠡ ᠲᠥᠰᠢ︾ ᠬᠡᠬᠦ | ᠥᠪᠡᠷ ᠤᠨ ᠬᠢᠨᠢ ᠡᠷᠳᠡᠮ ᠰᠢᠠᠵᠢᠯᠡᠬᠡᠨ ᠤ ᠥᠬᠦᠯᠡᠯ᠂ ︽ᠬᠥᠬᠡ ᠲᠠᠷᠢᠶᠠᠯᠠᠩ︾ ᠬᠡᠬᠦ ᠮᠣᠩᠭᠤᠯᠴᠣᠳ ᠤᠨ ᠲᠠᠷᠢᠶ᠎ᠠ ᠲᠠᠷᠢᠬᠰᠠᠨ ᠲᠡᠣᠬᠡ᠂ ︽ᠮᠠᠯ ᠤᠨ ᠶᠠᠰᠣᠨ ᠤ | ᠨᠡᠷ᠎ᠡ︾ ᠬᠡᠬᠦ ᠨᠠᠷᠢᠨ ᠲᠣᠭᠠᠴᠢᠯᠳᠠ᠂ ︽ᠣᠷᠠᠳ ᠲᠡᠣᠬᠡ ᠶᠢᠨ ᠲᠣᠪᠴᠢᠶ᠎ᠠ︾ ᠶᠢ ᠰᠢᠨ᠎ᠡ ᠮᠣᠩᠭᠤᠯ ᠥᠰᠣᠭ᠌ ᠲᠤ ᠣᠷᠴᠢᠭᠤᠯᠣᠨ ᠬᠡᠪᠯᠡᠬᠦᠯᠵᠠᠢ᠃ ᠪᠠᠰᠠ ︽ᠴᠢᠩᠬᠢᠰ | ᠬᠡᠮᠡᠬᠦ ᠥᠬᠡ ᠶᠢᠨ ᠲᠣᠬᠠᠢ︾ ᠬᠡᠬᠦ ᠥᠬᠦᠯᠡᠯ ᠨᠢ 1988 ᠣᠨ ᠳᠤ ᠪᠠᠭᠰᠢ ᠶᠢᠨ ᠶᠡᠭᠡ ᠰᠣᠷᠭᠠᠭᠤᠯᠢ ᠳᠤ ᠪᠤᠯᠤᠬᠰᠠᠨ ᠣᠯᠠᠨ ᠣᠯᠣᠰ ᠤᠨ ᠡᠷᠳᠡᠮᠳᠡᠳ ᠤᠨ | ︽ᠨᠢᠭᠤᠴᠠ ᠲᠣᠪᠴᠢᠶᠠᠨ︾ ᠤ ᠬᠤᠷᠠᠯᠳᠣᠭᠠᠨ ᠳᠤ ᠰᠣᠩᠭᠤᠬᠳᠠᠨ ᠡᠷᠳᠡᠮᠳᠡᠳ ᠤᠨ ᠰᠣᠨᠢᠷᠬᠠᠯ ᠢ ᠲᠠᠳᠠᠪᠠ᠃ ︽ᠪᠣᠳᠣᠨᠴᠢᠷ ᠬᠡᠬᠦ ᠥᠬᠡ ᠶᠢᠨ ᠲᠣᠬᠠᠢ︾ | ︽ᠬᠠᠪᠴᠠᠭ ᠰᠣᠶᠣᠭᠠᠯᠠᠩ︾ ᠬᠡᠬᠦ ᠥᠬᠦᠯᠡᠯ ᠨᠢ 1992 ᠣᠨ ᠤ 8 ᠰᠠᠷ᠎ᠠ ᠶᠢᠨ 18 ᠳᠤ ᠥᠪᠥᠷ ᠮᠣᠩᠭᠤᠯ ᠤᠨ ᠶᠡᠭᠡ ᠰᠣᠷᠭᠠᠭᠤᠯᠢ ᠳᠤ ᠪᠤᠯᠤᠬᠰᠠᠨ ᠣᠯᠠᠨ | ᠣᠯᠣᠰ ᠤᠨ ᠮᠣᠩᠭᠤᠯᠴᠢ ᠡᠷᠳᠡᠮᠳᠡᠳ ᠤᠨ ︽ᠮᠣᠩᠭᠤᠯ ᠰᠣᠳᠣᠯᠣᠯ︾ ᠤᠨ ᠶᠡᠭᠡ ᠬᠤᠷᠠᠯᠳᠣᠭᠠᠨ ᠳᠤ ᠣᠩᠰᠢᠭᠠᠳ ᠣᠯᠠᠨ ᠤ ᠪᠠᠭ᠋ᠠᠷᠬᠠᠯ ᠢ ᠲᠠᠳᠠᠪᠠ᠃ | ︽ᠣᠷᠠᠳᠴᠣᠳ ᠮᠤᠨᠢ ᠶᠢᠨ ᠥᠪᠣᠷ ᠲᠤ ᠬᠡᠳᠥᠢ ᠳᠤ ᠢᠷᠡᠭᠰᠡᠨ︖︾ ᠬᠡᠬᠦ ᠮᠡᠳᠣ ᠶᠢᠨ ᠬᠤᠷᠢᠭᠠᠳ ᠥᠬᠦᠯᠡᠯ ᠨᠡᠶᠢᠳᠡᠯᠡᠬᠦᠯᠪᠡ᠃ ᠲᠣᠮᠣᠬᠠᠨ ᠪᠥᠳᠣᠬᠡᠯ ᠤᠳ | ᠬᠡᠪᠡᠯ᠂ ᠬᠠᠮᠤᠭ ᠤᠨ ᠲᠥᠷᠣᠬᠦᠨ ᠳᠤ ᠬᠥᠮᠥᠨ ᠣᠩᠰᠢᠭᠠᠳ ᠲᠡᠶᠢᠯᠬᠦ ᠥᠬᠡᠢ ᠬᠡᠰᠡᠨ ︽ᠡᠷᠳᠡᠨᠢ ᠲᠣᠪᠴᠢ︾ ᠶᠢ ᠣᠳᠣᠬᠢ ᠬᠡᠯᠡᠨ ᠳᠤ ᠪᠠᠭᠤᠯᠭᠠᠭᠠᠳ ᠠᠷᠠᠳ ᠤᠨ | ᠬᠡᠪᠯᠡᠯ ᠤᠨ ᠬᠤᠷᠢᠶᠠᠨ ᠳᠤ 1972 ᠣᠨ ᠳᠤ ᠥᠭᠬᠦᠭᠰᠡᠨ ᠴᠢᠨᠢ ᠰᠠᠶᠢᠬᠠᠨ ᠪᠠᠭᠤᠯᠭᠠᠵᠠᠢ᠂ ᠬᠡᠪᠯᠡᠶᠡ ᠬᠡᠪᠯᠡᠶᠡ ᠭᠡᠳ ︿︿ᠳᠦᠷᠪᠡᠨ ᠬᠦᠮᠦᠨ ᠤ ᠪᠦᠯᠦᠭ﹀﹀ ᠠᠴᠠ | ᠪᠤᠯᠭᠤᠮᠵᠢᠯᠠᠨ ᠬᠤᠶᠢᠰᠢᠯᠠᠭᠰᠠᠭᠠᠷ 1979 ᠤᠨ ᠳᠤ ᠲᠦᠯᠦᠪᠯᠡᠭᠡ ᠳᠤ ᠤᠷᠤᠭᠤᠯᠵᠤ ᠬᠠᠪᠢᠰᠤ ᠶᠢ ᠬᠦᠷᠲᠡᠯ᠎ᠡ ᠬᠢᠴᠢᠭᠡᠳ᠂ ᠸᠠᠩᠵᠢᠯ ᠳᠤ ᠬᠤᠶᠠᠷ ᠤᠳᠠᠭ᠎ᠠ | ᠵᠠᠬᠢᠲᠠᠯ ᠢᠷᠡᠭᠦᠯᠵᠦ᠂ ︿︿ᠬᠡᠪᠯᠡᠬᠦ ᠪᠤᠯᠵᠠᠢ᠂ ᠤᠳᠤ ᠲᠡᠷᠡ ᠪᠠᠨ ᠦᠨᠳᠦᠷᠬᠡᠨ ᠵᠠᠰᠠᠭᠠᠳ ᠤᠨᠳᠠᠵᠤ ᠪᠠᠢ︕﹀﹀ ᠭᠡᠵᠦ ᠬᠡᠯᠡ ᠦᠭᠴᠡᠢ᠃ ᠲᠡᠭᠡᠭᠡᠳ ᠴᠢᠮᠡᠭᠡ | ᠠᠯᠳᠠᠷᠠᠵᠠᠢ᠃ ᠬᠤᠵᠢᠮ ᠨᠢ ᠡᠬᠡ ᠪᠢᠴᠢᠭ ᠢᠶᠠᠨ ᠠᠪᠤᠶ᠎ᠠ ᠭᠡᠵᠦ ᠬᠤᠶᠠᠷ ᠤᠳᠠᠭ᠎ᠠ ᠤᠴᠢᠵᠤ ᠡᠷᠢᠭᠦᠯᠵᠡᠢ᠂ ᠤᠯᠳᠠᠬᠤ ᠦᠭᠡᠢ ᠪᠠᠶᠢᠨ᠎ᠠ ᠭᠡᠵᠦ ᠬᠤᠶᠢᠰᠢᠯᠠᠭᠰᠠᠭᠠᠷ | 1987 ᠤᠨ ᠳᠤ ᠦᠭᠡᠷ᠎ᠡ ᠬᠦᠮᠦᠨ ᠤ ᠨᠡᠷ᠎ᠡ ᠪᠠᠷ ᠬᠡᠪᠯᠡᠭᠳᠡᠨ ᠲᠠᠷᠬᠠᠭᠳᠠᠭᠰᠠᠨ ᠳᠤ᠂ ᠸᠠᠩᠵᠢᠯ ᠪᠠᠭᠰᠢ ᠳᠤ ᠶᠡᠭᠡᠭᠡᠨ ᠴᠤᠬᠢᠯᠲᠠ ᠪᠤᠯᠪᠠ᠃ | ᠮᠤᠩᠭᠤᠯ ᠡᠷ᠎ᠡ ᠶᠢᠨ ᠠᠭᠤᠲᠠᠮᠠᠴᠢ ᠰᠡᠳᠬᠢᠯᠭᠡ ᠪᠠᠷ ᠠᠭᠤᠴᠢᠯᠠᠯ ᠦᠭᠴᠦ ᠴᠢᠨᠠᠭᠰᠢ ᠨᠢ ᠭᠦᠭᠡᠭᠡᠯᠴᠡᠲᠦᠭᠡ ᠦᠭᠡᠢ᠃ ᠲᠡᠭᠡᠭᠡᠳ ᠡᠮᠦᠨᠡᠬᠢ ᠤᠷᠤᠯᠳᠤᠵᠤ | ᠪᠠᠶᠢᠭᠰᠠᠨ ᠰᠠᠭᠤᠷᠢ ᠳᠡᠭᠡᠷ᠎ᠡ ᠪᠠᠨ ᠡᠷᠳᠡᠨ ᠤ ᠮᠤᠩᠭᠤᠯ ᠨᠤᠮ ᠢ ᠴᠤᠭᠯᠠᠭᠤᠯᠵᠤ ᠤᠷᠤᠯᠳᠤᠭᠠᠳ ︿︿ᠬᠦᠬᠡ ᠲᠦᠯᠬᠢᠭᠦᠷ﹀﹀ ᠭᠡᠮᠡᠬᠦ ᠡᠷᠳᠡᠨ ᠤ ᠮᠤᠩᠭᠤᠯ ᠦᠭᠡᠰ ᠤᠨ | ᠲᠠᠶᠢᠯᠪᠤᠷᠢ ᠲᠤᠯᠢ ᠶᠢ ᠪᠢᠴᠢᠵᠤ᠂1987 ᠤᠨ ᠳᠤ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶᠠᠨ ᠳᠤ ᠬᠡᠪᠯᠡᠭᠦᠯᠪᠡ᠃ ᠡᠨᠡ ᠨᠢ 1989 ᠤᠨ ᠳᠤ ᠤᠷᠤᠨ ᠤ | ᠬᠤᠶᠠᠳᠤᠭᠠᠷ ᠳᠡᠰ᠂ ᠠᠶᠢᠮᠠᠭ ᠤᠨ ᠨᠢᠭᠡᠳᠦᠭᠡᠷ ᠲᠡᠰ ᠤᠨ ᠱᠠᠩᠨᠠᠯ ᠢ ᠲᠤᠰ ᠲᠤᠰ ᠬᠦᠷᠲᠡᠪᠡ᠃ ᠠᠮᠵᠢᠯᠲᠠ ᠪᠦᠲᠦᠭᠡᠯ ᠤᠨ ᠬᠢᠨᠢ ᠬᠠᠷᠢᠭᠤ ᠳᠤ 1990 ᠤᠨ ᠳᠤ᠂ | ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠠᠴᠠ ᠸᠠᠩᠵᠢᠯ ᠪᠠᠭᠰᠢ ᠳᠤ ︿︿ᠲᠡᠳ᠋ ᠰᠤᠲᠤᠯᠤᠭᠴᠢ﹀﹀ ᠶᠢᠨ ᠴᠤᠯᠠ ᠬᠦᠷᠲᠡᠪᠡ᠃ | ᠬᠦᠳᠡᠭᠡ ᠪᠠᠭᠤᠭᠰᠠᠨ ᠠᠷᠪᠠᠨ ᠵᠢᠯ ᠤᠨ ᠲᠤᠷᠰᠢᠯᠭ᠎ᠠ ᠪᠠᠨ ᠦᠨᠳᠦᠰᠦᠯᠡᠨ ︿︿ᠬᠦᠬᠡ ᠵᠤᠯᠠ﹀﹀ ᠭᠡᠮᠡᠭᠦ ᠮᠤᠩᠭᠤᠯ ᠤᠨ ᠤᠯᠠᠮᠵᠢᠯᠠᠯᠲᠤ ᠠᠮᠢᠳᠤᠷᠠᠯ ᠤᠨ ᠲᠤᠯᠢ ᠶᠢ | 1990 ᠤᠨ ᠳᠤ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠠᠴᠠ ᠭᠡᠪᠯᠡᠪᠡ᠃ ᠡᠨᠡ ᠨᠢ ᠨᠡᠶᠢᠭᠡᠮ ᠤᠨ ᠬᠡᠷᠡᠭᠴᠡᠭᠡ ᠳᠤ ᠲᠤᠩ ᠲᠤᠬᠢᠷᠠᠵᠤ᠂ | ᠲᠦᠷᠦᠭᠦᠴᠢ ᠶᠢᠨ ᠬᠡᠪᠯᠡᠭᠰᠡᠨ ᠨᠢ ᠲᠤᠰ ᠵᠢᠯ ᠳᠡᠭᠡᠨ ᠪᠠᠷᠠᠵᠤ᠂ 1991ᠤᠨ ᠳᠤ ᠳᠠᠬᠢᠨ ᠬᠤᠶᠠᠳᠡᠬᠢ ᠤᠳᠠᠭ᠎ᠠ ᠪᠠᠨ ᠬᠡᠪᠯᠡᠭᠳᠡᠪᠡ᠃ ᠲᠤᠰ ᠨᠤᠮ ᠨᠢ ᠤᠷᠤᠰ ᠤᠨ | ᠫᠦᠷᠪᠦᠶ᠋ᠸᠧ᠂ ᠭᠧᠷᠮᠠᠨ ᠤ ᠬᠠᠶᠢᠰᠢᠭ᠂ ᠶᠠᠫᠤᠨ ᠤ ᠬᠠᠰᠢᠮᠤᠲ᠋ᠤ᠋᠂ ᠬᠠᠰᠤᠮᠢ᠂ ᠮᠤᠩᠭᠤᠯ ᠤᠨ ᠱ᠊᠂ ᠨᠠᠴᠤᠭᠳᠤᠷᠵᠢ᠂ ᠪᠢᠷ᠎ᠡ᠂ ᠴᠢ᠊᠂ ᠳᠠᠯᠠᠢ ᠵᠡᠷᠭᠡ ᠶᠢᠨ ᠳᠡᠯᠡᠬᠡᠢ ᠶᠢᠨ 9 | ᠤᠯᠤᠰ ᠤᠨ 14 ᠡᠷᠳᠡᠮᠲᠡᠨ ᠤᠨ ᠠᠩᠬᠠᠷᠤᠯ ᠢ ᠲᠠᠲᠠᠨ᠂ ᠵᠠᠬᠢᠲᠠᠯ ᠢᠷᠡᠭᠦᠯᠵᠦ ᠢᠯᠡᠭᠡᠵᠦ ᠦᠭᠬᠦ ᠪᠤᠯᠪᠠᠤ ᠭᠡᠰᠡᠨ ᠪᠠᠶᠢᠨ᠎ᠠ᠃ 1992ᠤᠨ ᠤ 6 ᠰᠠᠷ᠎ᠠ ᠲᠠᠶᠢᠸᠠᠨ | ᠳᠤ ᠪᠤᠯᠤᠭᠰᠡᠨ ᠳᠡᠯᠡᠬᠡᠢ ᠶᠢᠨ ᠮᠤᠩᠭᠤᠯᠴᠢ ᠡᠷᠳᠡᠮᠲᠡᠳ ᠤᠨ ᠬᠤᠷᠠᠯᠳᠤᠭᠠᠨ ᠠᠴᠠ ︿︿ᠬᠦᠬᠡ ᠵᠤᠯᠠ﹀﹀ ᠠᠴᠠ ᠪᠠᠨ 30 ᠳᠡᠪᠲᠡᠷ ᠢᠷᠡᠭᠦᠯᠵᠦ ᠦᠭᠬᠦᠨ᠎ᠡ ᠤᠤ | ᠭᠡᠰᠡᠨ ᠵᠠᠬᠢᠶ᠎ᠠ ᠴᠦ ᠢᠷᠡᠵᠦ ᠪᠠᠶᠢᠭᠰᠠᠨ ᠪᠢᠯᠡ᠃ ᠮᠦᠨ ᠤᠨ ᠳᠤ ᠲᠤᠰ ᠨᠤᠮ ᠨᠢ ᠤᠷᠤᠨ ᠤ ᠡᠯ᠎ᠡ ᠬᠡᠪᠯᠡᠯ ᠤᠨ ᠬᠤᠷᠢᠶᠠᠨ ᠤ ᠰᠢᠯᠢᠳᠡᠭ ᠨᠤᠮ ᠤᠨ ᠠᠳᠠᠯᠢᠳᠬᠠᠯ | ᠳᠤ ᠰᠢᠯᠭᠠᠷᠠᠵᠤ ᠨᠢᠭᠡᠳᠦᠭᠡᠷ ᠲᠡᠰ ᠤᠨ ᠱᠠᠩᠨᠠᠯ ᠬᠦᠷᠲᠡᠭᠰᠡᠨ ᠪᠠ 11 ᠰᠠᠷ᠎ᠠ ᠳᠤ ᠨᠢ ᠲᠦᠪ ᠤᠨ ᠬᠡᠪᠯᠡᠯ ᠤᠨ ᠶᠠᠮᠤᠨ ᠤ ᠭᠤᠷᠪᠠᠳᠤᠭᠠᠷ ᠲᠡᠰ ᠤᠨ ᠱᠠᠩᠨᠠᠯ ᠢ | ᠬᠦᠷᠲᠡᠪᠡ᠃ ᠠᠭᠤᠯᠭ᠎ᠠ ᠨᠢ ᠰᠤᠨᠢᠷᠬᠠᠯᠲᠠᠢ ᠲᠡᠭᠡᠷ᠎ᠡ ᠪᠠᠨ ᠪᠦᠷ ᠮᠤᠩᠭᠤᠯᠴᠤᠳ ᠤᠨ ᠮᠠᠷᠲᠠᠵᠤ ᠪᠠᠶᠢᠭ᠎ᠠ ᠵᠠᠩ ᠦᠢᠯᠡ ᠪᠠᠭᠲᠠᠭᠳᠠᠭᠰᠠᠨ ᠲᠤᠯᠠ ᠮᠤᠩᠭᠤᠯ ᠤᠯᠤᠰ ᠤᠨ | ᠬᠢᠨ ᠴᠦ ᠪᠠᠭ᠋ᠠᠷᠬᠠᠵᠤ ᠰᠢᠨ᠎ᠡ ᠦᠰᠦᠭ ᠲᠤ ᠪᠠᠭᠤᠯᠭᠠᠪᠠ᠃ ᠮᠦᠨ ᠦᠪᠦᠷ ᠮᠤᠩᠭᠤᠯ ᠤᠨ ᠮᠤᠩᠭᠤᠯ ᠬᠡᠯᠡ ᠪᠢᠴᠢᠭ ᠰᠡᠳᠬᠦᠯ ᠳᠤ᠂ ᠶᠡᠷᠦᠩᠬᠡᠢ ᠨᠠᠶᠢᠷᠠᠭᠤᠯᠤᠭᠴᠢ ᠷᠡ᠊ | ᠰᠦᠬᠡ᠄ ︿︿︿ᠬᠦᠬᠡ ᠵᠤᠯᠠ﹀ ᠭᠡᠳᠡᠭ ᠡᠨᠡ ᠨᠤᠮ ᠬᠡᠳᠦᠶᠢᠪᠡᠷ ᠨᠢᠮᠭᠡᠬᠡᠨ ᠴᠦ ᠠᠭᠤᠯᠭ᠎ᠠ ᠶᠢᠨ ᠬᠤᠪᠢ ᠳᠤ ᠮᠤᠩᠭᠤᠯ ᠦᠨᠳᠦᠰᠦᠲᠡᠨ ᠤ ᠠᠮᠢᠳᠤᠷᠠᠯ ᠤᠨ ᠨᠡᠪᠲᠡᠷᠬᠡᠢ | ᠲᠤᠯᠢ﹀﹀ ᠭᠡᠵᠤ ᠬᠡᠯᠡᠵᠤ ᠪᠤᠯᠤᠨ᠎ᠠ ᠭᠡᠵᠤ ᠦᠨᠡᠯᠡᠭᠰᠡᠨ ᠪᠢᠯᠡ᠃ 1995 ᠤᠨ ᠳᠤ ︿︿ᠮᠠᠯ ᠤᠨ ᠶᠠᠰᠤᠨ ᠤ ᠨᠡᠷᠡᠰ ᠤᠨ ᠲᠤᠯᠢ﹀﹀ ᠪᠠᠨ ᠰᠤᠶᠤᠯ ᠤᠨ ᠬᠡᠪᠯᠡᠯ ᠤᠨ | ᠬᠤᠷᠢᠶᠠᠨ ᠳᠤ ᠬᠡᠪᠯᠡᠭᠦᠯᠵᠦ᠂ 1998 ᠤᠨ ᠳᠤ ︿︿ᠬᠦᠬᠡ ᠲᠠᠷᠢᠶᠠᠯᠠᠩ﹀﹀ ᠭᠡᠮᠡᠬᠦ ᠮᠤᠩᠭᠤᠯ ᠲᠠᠷᠢᠶᠠᠯᠠᠩ ᠤᠨ ᠲᠡᠦᠬᠡ ᠶᠢ ᠪᠢᠴᠢᠵᠤ᠂ ᠠᠷᠠᠳ ᠤᠨ ᠬᠡᠪᠯᠡᠯ | ᠬᠤᠷᠢᠶᠠᠨ ᠳᠤ ᠬᠡᠪᠯᠡᠭᠦᠯᠪᠡ᠃ ᠮᠦᠨ ᠵᠢᠯ ︿︿ᠬᠦᠬᠡ ᠲᠤᠱᠢ﹀﹀ ᠭᠡᠮᠡᠬᠦ ᠵᠢᠵᠢᠭ ᠡᠮᠬᠢᠳᠬᠡᠯ ᠢᠶᠠᠨ ᠬᠡᠪᠯᠡᠭᠦᠯᠪᠡ᠃ ᠲᠤᠲᠤᠭᠠᠲᠤ ᠬᠡᠪᠯᠡᠯ ᠢᠶᠠᠷ ︿︿ᠤᠷᠠᠳ ᠤᠨ ᠲᠡᠥᠬᠡ | ᠲᠤᠪᠴᠢᠶ᠎ᠠ﹀﹀ ᠪᠠ ︿︿ᠤᠷᠠᠳ ᠰᠤᠶᠤᠯ ᠤᠨ ᠲᠡᠭᠡᠵᠢ﹀﹀ ᠭᠡᠮᠡᠬᠦ 65 ᠮᠢᠨᠦ᠋ᠲ ᠤᠨ ᠵᠢᠷᠤᠭᠲᠤ ᠹᠢᠯᠢᠮ ᠵᠡᠷᠭᠡ ᠶᠢ ᠰᠢᠩᠭᠡᠭᠡᠵᠡᠢ᠃ ᠤᠳᠤ ᠸᠠᠩᠵᠢᠯ ᠭᠤᠸᠠᠢ | ᠵᠢᠷᠭᠤᠭᠠᠳᠠᠬᠢ ︿︿ᠬᠦᠬᠡ﹀﹀ ᠪᠠᠨ ᠪᠢᠴᠢᠴᠢᠭᠡᠳ ᠬᠡᠪᠯᠡᠭᠦᠯᠬᠦ ᠳᠤ ᠪᠡᠯᠡᠨ ᠪᠤᠯᠭᠠᠭᠠᠳ ᠪᠠᠶᠢᠨ᠎ᠠ᠃ | ᠸᠠᠩᠵᠢᠯ ᠪᠠᠭᠰᠢ ᠵᠦᠪᠬᠡᠨ ᠦᠪᠡᠷ ᠢᠶᠠᠨ ᠰᠤᠳᠤᠯᠭ᠎ᠠ ᠬᠢᠬᠡᠳ ᠵᠤᠭᠰᠤᠭᠰᠡᠨ ᠪᠢᠰᠢ᠂ ᠪᠠᠰᠠ ᠪᠤᠰᠤᠳ ᠢ ᠴᠦ ᠬᠠᠪᠰᠤᠷᠴᠤ ᠳᠠᠶᠢᠴᠢᠯᠠᠳᠠᠭ᠃ ᠨᠤᠭᠤᠭᠠᠨᠨᠠᠪᠴᠢ | ᠶᠢ ᠵᠤᠷᠢᠭᠵᠢᠭᠤᠯᠤᠨ ︿︿ᠶᠤᠸᠠᠨ ᠲᠦᠷᠦ ᠳᠠᠬᠢ ᠨᠡᠷᠡᠲᠦ ᠬᠦᠮᠦᠰ ᠤᠨ ᠨᠠᠮᠳᠠᠷ﹀﹀ ᠭᠡᠮᠡᠬᠦ ᠨᠤᠮ ᠢ ᠤᠷᠴᠢᠭᠤᠯᠤᠭᠠᠳ᠂ ᠰᠤᠶᠤᠯ ᠤᠨ ᠬᠡᠪᠯᠡᠯ ᠤᠨ ᠬᠤᠷᠢᠶᠠᠨ ᠳᠤ | ᠬᠡᠪᠯᠡᠭᠦᠯᠬᠦ ᠪᠠᠷ ᠳᠡᠪᠰᠢᠭᠦᠯᠦᠭᠰᠡᠨ᠃ ᠪᠦᠷᠢᠨᠲᠡᠬᠦᠰ᠂ ᠰᠠᠷᠠᠩ ᠤᠨ ᠵᠤᠬᠢᠶᠠᠯ ᠳᠤ ᠰᠠᠨᠠᠯ ᠵᠦᠪᠯᠡᠭᠡ ᠦᠭᠴᠦ ᠬᠠᠪᠰᠤᠷᠴᠤ ᠪᠠᠶᠢᠭᠰᠠᠨ ᠤᠳᠠᠭ᠎ᠠ ᠲᠠᠢ᠃ ᠡᠬᠦᠨ ᠤ ᠤᠯᠠᠮ | ᠢᠶᠠᠷ 1990 ᠤᠨ ᠳᠤ ︽ᠳᠤᠮᠳᠠᠲᠤ ᠤᠯᠤᠰ ᠤᠨ ᠨᠡᠷᠡᠲᠦ ᠬᠦᠮᠦᠰ ᠤᠨ ᠲᠤᠯᠢ︾ ᠳᠤ᠂ 2002 ᠤᠨ ᠳᠤ ︿︿ᠳᠡᠯᠡᠬᠡᠢ ᠶᠢᠨ ᠴᠤᠯᠭᠤᠷᠠᠭᠰᠠᠨ ᠡᠷᠳᠡᠮᠲᠡᠳ ᠤᠨ | ᠨᠡᠷᠡᠳᠦ ᠲᠤᠯᠢ﹀﹀ ᠳᠤ ᠨᠡᠷ᠎ᠡ ᠪᠠᠨ ᠲᠡᠮᠲᠡᠭᠯᠡᠭᠦᠯᠦᠭᠰᠡᠨ ᠪᠠᠶᠢᠨ᠎ᠠ᠃ | ᠠᠲᠤᠭᠤᠨ ᠳᠠᠭᠠᠨ ᠬᠠᠶᠢᠷᠠᠲᠠᠢ᠂ ᠪᠦᠭᠡᠴᠢᠨ ᠳᠡᠭᠡᠨ ᠬᠠᠶᠢᠷᠠᠲᠠᠢ ᠪᠠᠶᠢᠲᠠᠭ ᠨᠢ ᠮᠤᠩᠭᠤᠯ ᠲᠦᠮᠡᠨ ᠤ ᠮᠠᠨᠢ ᠨᠡᠶᠢᠲᠡ ᠶᠢᠨ ᠤᠨᠴᠠᠯᠢᠭ ᠭᠡᠵᠤ ᠭᠡᠯᠡᠬᠦ ᠳᠤ ᠢᠯᠡᠬᠦᠲᠡᠮᠡᠷ | ᠦᠭᠡᠢ ᠪᠠᠶᠢᠬ᠎ᠠ᠃ ᠲᠡᠷᠡᠴᠢᠯᠡᠨ ᠦᠪᠡᠷ ᠤᠨ ᠪᠡᠶ᠎ᠡ ᠪᠠᠷ ᠢᠶᠠᠨ ᠤᠷᠤᠯᠴᠠᠵᠤ᠂ ᠤᠯᠠᠮᠵᠢᠯᠠᠨ ᠬᠦᠭᠵᠢᠬᠦᠯᠦᠨ᠎ᠡ ᠭᠡᠭᠴᠢ ᠨᠢᠭᠡ ᠶᠤᠰᠤᠨ ᠤ ᠠᠷᠢᠭᠤᠨ ᠦᠢᠯᠡᠰ ᠰᠠᠨ ᠁ | ᠪᠣᠷᠵᠢᠬᠢᠨ ᠸᠠᠩᠵᠢᠯ ᠬᠡᠣᠬᠡᠳ ᠪᠠᠶᠢᠬᠤ ᠥᠶ᠎ᠡ ᠠᠴᠠ ᠪᠠᠨ ᠠᠳᠣᠭᠤᠨ ᠳᠤ ᠮᠠᠰᠢ ᠲᠣᠷ᠎ᠠ ᠪᠠᠭ᠋ᠠᠳᠠᠢ ᠪᠠᠶᠢᠵᠣ ᠲᠠᠪᠤᠨ ᠨᠠᠰᠣ ᠲᠠᠢ ᠳᠠᠭᠠᠨ ᠵᠡᠬᠦᠨ ᠪᠠᠶᠠᠨ ᠤ | ᠠᠳᠣᠭᠤ ᠣᠰᠣᠨ ᠳᠤ ᠣᠷᠣᠬᠤ ᠥᠶ᠎ᠡ ᠪᠠᠷ ᠰᠥᠷᠣᠭ᠌ ᠢ ᠨᠢ ᠲᠠᠭᠠᠵᠣ ᠬᠥᠶᠣᠬᠡᠳ ᠠᠬᠠᠰ ᠵᠠᠬᠠᠰ ᠳᠠᠭᠠᠨ ᠠᠭᠠᠰᠢᠯᠠᠭᠤᠯᠵᠣ ᠪᠠᠶᠢᠵᠠᠢ᠃ | ᠲᠣᠮᠳᠠᠳᠣ ᠰᠣᠷᠭᠠᠭᠤᠯᠢ ᠳᠤ ᠪᠠᠭᠰᠢᠯᠠᠵᠣ ᠪᠠᠶᠢᠬᠤ ᠳᠠᠭᠠᠨ ᠬᠤᠰᠢᠭᠤ ᠬᠠᠪᠢ ᠶᠢᠨ ᠪᠠᠷᠢᠭᠠᠳᠠ ᠨᠤᠭᠤᠳ ᠲᠤ ᠲᠠᠭ᠎ᠠ ᠲᠠᠮᠠᠭᠠᠯᠠᠬᠤ᠂ ᠥᠷᠢᠶ᠎ᠡ ᠬᠠᠭᠠᠷᠢᠬᠤ ᠰᠣᠷᠠᠭ | ᠭᠠᠷᠣᠮᠠᠬᠴᠠ ᠠᠩᠬᠠᠨ ᠳᠠᠭᠠᠨ ᠲᠠᠷᠤᠭ᠎ᠠ ᠠᠴᠠ ᠪᠠᠨ ᠴᠢᠯᠣᠬᠡ ᠭᠤᠶᠣᠵᠣ ᠰᠡᠬᠦᠯᠳᠡᠵᠣ ᠢᠷᠡᠬᠡᠳ ᠪᠠᠭᠰᠢ ᠨᠠᠷ ᠲᠠᠢ ᠬᠢᠴᠢᠶᠡᠯ ᠤᠨ ᠴᠠᠭ ᠢᠶᠠᠨ ᠰᠣᠯᠢᠵᠣ | ᠲᠣᠬᠢᠷᠠᠭᠤᠯᠣᠭᠠᠳ ᠶᠠᠪᠤᠲᠠᠭ ᠪᠠᠶᠢᠭᠰᠠᠨ ᠢ ᠨᠢ ᠶᠠᠭᠤᠮᠠᠨ ᠳᠤ ᠲᠤᠷᠠᠲᠡᠢ ᠨᠢᠭᠡ ᠨᠢ ᠲᠠᠷᠤᠭ᠎ᠠ ᠪᠠᠭᠰᠢ ᠳᠤ ᠵᠠᠭᠠᠯᠲᠤᠭᠰᠠᠨ ᠠᠴᠠ ᠰᠢᠬᠦᠮᠵᠢᠯᠡᠬᠦᠯᠵᠣ ᠶᠠᠪᠣᠵᠠᠢ᠃ ᠣᠯᠠᠮ | ᠢᠶᠠᠷ ᠠᠳᠣᠭᠤ ᠮᠣᠷᠢᠨ ᠳᠤ ᠰᠢᠨᠣᠯᠳᠠᠢ ᠪᠣᠯᠵᠣ ᠥᠪᠡᠷ ᠤᠨ ᠬᠢᠨᠢ ᠬᠠᠷᠢᠭᠤᠴᠠᠨ ᠤᠶᠠᠵᠤ ᠪᠠᠶᠢᠭᠰᠠᠨ ᠮᠣᠷᠢ ᠨᠢ ᠪᠠᠶᠠᠨᠨᠠᠭᠤᠷ ᠤᠨ ᠣᠷᠣᠯᠳᠣᠭᠠᠨ ᠮᠣᠷᠢ ᠬᠡᠮᠡᠨ ᠣᠯᠣᠰ | ᠣᠷᠣᠨ ᠤ ᠲᠡᠮᠳᠡᠭᠯᠡᠯ ᠢ ᠲᠣᠰ ᠲᠣᠰ ᠡᠪᠳᠡᠵᠣ ᠶᠠᠪᠣᠬᠰᠠᠨ ᠳᠤ ᠪᠠᠨ ᠪᠠᠶᠠᠷᠯᠠᠨ ︽ᠣᠷᠠᠳ ᠤᠨ ᠣᠯᠠᠭᠠᠨ ᠬᠡᠬᠡᠷ ᠬᠤᠷᠳᠣᠨ ᠮᠣᠷᠢᠨ ᠤ ᠨᠡᠶᠢᠬᠡᠮᠯᠢᠭ︾ ᠢ 1996 | ᠣᠨ ᠳᠤ ᠪᠠᠶᠢᠭᠤᠯᠵᠤ᠂ 1997 ᠤᠨ ᠳᠤ ᠣᠷᠠᠳ ᠤᠨ ᠲᠣᠮᠳᠠᠳᠣ ᠬᠤᠰᠢᠭᠤᠨ ᠤ ᠪᠠᠷᠠᠭᠤᠨᠪᠤᠯᠠᠭ ᠣᠰᠣᠨ ᠴᠥᠬᠦᠷᠣᠮ ᠤᠨ ᠲᠣᠳᠣᠷᠠᠬᠢ ᠴᠡᠴᠡᠷᠯᠢᠭ ᠲᠤ ᠬᠠᠳᠠᠨ | ᠬᠥᠰᠢᠶ᠎ᠡ ᠪᠣᠰᠬᠠᠵᠣ ᠣᠷᠠᠳ ᠤᠨ ᠬᠤᠷᠳᠣᠨ ᠮᠣᠷᠢᠨ ᠤ ᠨᠡᠶᠢᠬᠡᠮᠯᠢᠭ ᠪᠠᠶᠢᠭᠤᠯᠣᠬᠳᠠᠬᠰᠠᠨ ᠢ ᠲᠤᠷᠠᠰᠬᠠᠭᠰᠠᠨ ᠪᠠᠶᠢᠨ᠎ᠠ᠃ ᠸᠠᠩᠵᠢᠯ ᠪᠠᠭᠰᠢ ᠡᠬᠦᠨ ᠢᠶᠠᠨ ᠨᠢᠬᠡ | ︽ᠷᠣᠮᠠᠨ︾ ᠪᠢᠴᠢᠭᠰᠡᠨ ᠲᠠᠢ ᠲᠡᠩᠴᠡᠨ᠎ᠡ ᠬᠡᠵᠣ ᠶᠠᠷᠢᠳᠠᠭ ᠰᠠᠨ︕ | ᠪᠣᠷᠵᠢᠬᠢᠨ ᠸᠠᠩᠵᠢᠯ ᠬᠠᠷ᠎ᠠ ᠪᠠᠭ᠎ᠠ ᠠᠴᠠ ᠪᠠᠨ ᠪᠥᠬᠡ ᠪᠠᠷᠢᠯᠳᠣᠬᠤ ᠲᠣᠷ᠎ᠠ ᠲᠠᠢ᠂ ᠲᠡᠷᠡ ᠲᠣᠮᠳᠠᠳᠣ ᠰᠣᠷᠭᠠᠭᠤᠯᠢ ᠳᠤ ᠪᠠᠶᠢᠬᠤ ᠳᠠᠭᠠᠨ ᠪᠠᠷᠠᠭᠤᠨ ᠪᠠᠭᠠᠷᠢᠨ ᠳᠤ | ᠪᠤᠯᠤᠬᠰᠠᠠ ᠠᠶᠢᠮᠠᠭ ᠤᠨ ᠨᠠᠶᠢᠷ ᠲᠤ ᠪᠥᠬᠡ ᠲᠣᠳᠠᠵᠣ ᠪᠠᠶᠢᠨ᠎ᠠ ᠬᠡᠵᠣ ᠸᠠᠩᠵᠢᠯ ᠢ ᠠᠷᠣ ᠬᠤᠷᠴᠢᠨ ᠬᠤᠰᠢᠭᠤᠨ ᠤ ᠨᠡᠷᠡᠳᠣ ᠪᠥᠬᠡ ᠶᠢ ᠬᠠᠶᠠᠵᠤ ᠤᠬᠢᠯᠠᠭᠤᠯᠣᠭᠠᠳ᠂ | ᠬᠢᠨᠠᠬᠴᠢ ᠶᠢᠨ ᠠᠯᠪᠠᠳᠠᠯᠭ᠎ᠠ ᠪᠠᠷ ᠥᠳᠡ ᠬᠤᠶᠢᠨ᠎ᠠ ᠨᠢ ᠲᠠᠬᠢᠨ ᠪᠠᠷᠢᠯᠳᠣᠭᠤᠯᠵᠣ ᠣᠶᠢᠴᠢᠬᠰᠠᠨ ᠳᠤ᠂ ᠬᠢᠨᠠᠬᠴᠢ ᠲᠡᠬᠦᠨ ᠢ ᠪᠢᠯᠠᠭᠤ ᠬᠤᠯᠠ ᠰᠢᠳᠡᠬᠦ ᠤᠷᠤᠯᠲᠤᠭᠠᠨ | ᠳᠤ ᠣᠷᠣᠭᠤᠯᠣᠬᠰᠠᠨ ᠳᠤ 70 ᠭᠠᠷᠣᠢ ᠮᠧᠲᠷ ᠬᠤᠯᠠ ᠰᠢᠳᠡᠵᠣ ᠲᠥᠷᠣᠬᠦᠯᠡᠵᠠᠢ᠃ | 1957 ᠣᠨ ᠳᠤ ᠬᠤᠰᠢᠭᠤᠨ ᠤ ᠪᠠᠨ ᠨᠠᠶᠢᠷ ᠬᠢᠭᠰᠡᠨ ᠳᠤ ᠭᠠᠳᠠᠨ᠎ᠠ ᠠᠴᠠ ᠢᠷᠡᠭᠰᠡᠨ ᠬᠤᠰᠢᠭᠤ ᠲᠡᠷᠢᠬᠦᠨ ᠪᠥᠬᠡ ᠶᠢ ᠬᠠᠶᠠᠵᠣ ᠭᠤᠳᠠᠭᠠᠷ ᠲᠤ ᠣᠷᠣᠵᠣ | ᠶᠡᠬᠡᠳᠡ ᠣᠷᠮᠠᠰᠢᠵᠠᠢ᠃ 1960 ᠣᠨ ᠳᠤ ᠪᠥᠬᠦ ᠣᠷᠣᠨ ᠤ ᠵᠠᠯᠠᠭᠤᠴᠣᠳ ᠤᠨ ᠪᠥᠬᠡ ᠶᠢᠨ ᠣᠷᠣᠯᠳᠣᠭᠠᠨ ᠳᠤ ᠲᠡᠳ᠋ᠯᠡᠪᠡ᠃ ᠡᠨᠡ ᠨᠢ ᠸᠠᠩᠵᠢᠯ ᠤᠨ ᠪᠠᠷᠢᠯᠳᠣᠭᠠᠨ | ᠤ ᠣᠷᠬᠢᠯ ᠪᠣᠯᠪᠠ᠃ ᠬᠥᠮᠥᠰ ᠸᠠᠩᠵᠢᠯ ᠤᠨ ᠣᠶᠢᠴᠢᠬᠤ ᠶᠢ ᠣᠯᠵᠣ ᠥᠵᠡᠶ᠎ᠡ ᠬᠡᠵᠣ ᠨᠠᠶᠢᠷ ᠲᠠᠮᠵᠢᠨ ᠶᠠᠪᠤᠲᠠᠭ ᠪᠠᠶᠢᠵᠠᠢ᠃ ᠨᠢᠬᠡ ᠣᠳᠠᠭ᠎ᠠ ᠴᠣᠩᠵᠢ ᠰᠣᠮᠣᠨ ᠤ | ᠨᠠᠶᠢᠷ ᠲᠤ᠂ ᠥᠷᠯᠣᠬᠡ ᠠᠴᠠ ᠡᠬᠢᠯᠡᠨ ᠣᠶᠠᠭᠠᠳ᠂ ᠢᠳᠡᠬᠦᠯᠵᠣ ᠣᠣᠭᠤᠯᠭᠠᠬᠤ ᠥᠬᠡᠢ ᠪᠠᠷ᠂ ᠠᠮᠠᠷᠠᠭᠤᠯᠬᠤ ᠥᠬᠡᠢ ᠪᠠᠷ ᠥᠳᠡᠰᠢ ᠪᠤᠯᠵᠤ᠂ ᠯᠠᠪᠯᠠᠭᠤᠯᠣᠬᠰᠠᠨ ᠳᠤ | ᠨᠦᠬᠦᠭᠡ ᠲᠠᠯ᠎ᠠ ᠢᠶᠠᠨ ᠬᠠᠶᠠᠬᠤ ᠳᠤ᠂ ᠨᠠᠶᠢᠷ ᠤᠨ ᠪᠥᠬᠡ ᠪᠠᠨ ᠥᠨᠣᠳᠥᠷ ᠲᠤᠨᠢ ᠪᠠᠷᠠᠭᠠᠨ᠎ᠠ ᠬᠡᠳ ᠲᠠᠯᠠᠪᠠᠢ ᠠᠴᠠ ᠭᠠᠷᠭᠠᠯ ᠥᠬᠡᠢ ᠪᠠᠷ ᠪᠠᠷᠢᠯᠳᠣᠭᠤᠯᠬᠤ ᠳᠤ ᠮᠥᠨ | ᠯᠡ ᠬᠡᠳᠣ ᠬᠡᠳᠣ ᠶᠢ ᠲᠠᠷᠠᠭᠠᠯᠠᠨ ᠬᠠᠶᠠᠵᠣ᠂ ᠲᠡᠳ᠋ ᠲᠡᠷᠢᠬᠦᠨ ᠲᠡᠬᠡᠷ᠎ᠡ ᠬᠥᠷᠬᠦ ᠳᠤ ᠶᠠᠭ ᠬᠠᠷᠠᠩᠭᠤᠢ ᠪᠣᠯᠣᠬᠰᠠᠨ ᠲᠣᠯᠠ ᠸᠠᠩᠵᠢᠯ ᠭᠤᠸᠠᠢ ᠶᠢᠨ ᠬᠥᠯ ᠲᠡᠬᠡᠷ᠎ᠡ ᠨᠢ | ᠭᠠᠷ ᠳ᠋ᠧᠩ ᠲᠣᠰᠬᠠᠨ ᠪᠠᠷᠢᠵᠣ᠂ ᠨᠦᠬᠦᠭᠡ ᠡᠲᠡᠭᠡᠳ ᠢᠶᠠᠷ ᠨᠢ ᠸᠠᠩᠵᠢᠯ ᠪᠠᠭᠰᠢ ᠶᠢᠨ ᠬᠤᠶᠠᠷ ᠬᠥᠯ ᠢ ᠬᠠᠪᠤᠳᠳᠠᠯᠠ ᠢᠰᠬᠦᠯᠡᠬᠦᠯᠵᠣ ᠪᠠᠶᠢᠭᠠᠳ ᠬᠠᠶᠠᠭᠤᠯᠪᠠ᠃ | ᠨᠠᠶᠢᠷ ᠲᠠᠮᠵᠢᠨ ᠲᠠᠭᠠᠵᠣ ᠶᠠᠪᠣᠬᠰᠠᠨ ᠪᠥᠬᠡᠴᠣᠳ᠂ ᠦᠵᠡᠭᠴᠢᠳ᠄ ︽ᠮᠠᠨᠠᠶᠢᠬᠢᠨ ᠨᠣᠬᠠᠶᠢᠯᠠᠬᠰᠠᠨ ᠢᠶᠠᠷ ᠥᠨᠥᠳᠣᠷ ᠸᠠᠩᠵᠢᠯ ᠤᠨ ᠣᠨᠠᠬᠤ ᠶᠢ ᠨᠢᠬᠡ ᠣᠯᠵᠣ ᠥᠵᠡᠯ᠎ᠡ | ᠭᠡᠵᠡᠭᠡᠵᠦ ᠪᠠᠶᠢᠵᠠᠢ᠃ ᠸᠠᠩᠵᠢᠯ ᠪᠠᠭᠰᠢ ᠪᠤᠯ ᠥᠨᠡᠬᠡᠷ ᠨᠢᠬᠡᠨ ᠡᠷ᠎ᠡ ᠪᠢᠷ᠎ᠠ ᠲᠠᠢ ᠰᠠᠶᠢᠨ ᠪᠥᠬᠡ ᠪᠠᠶᠢᠬᠰᠠᠨ ᠨᠢ ᠶᠠᠭᠠᠬᠢᠬᠤ ᠶᠢᠨ ᠠᠷᠭ᠎ᠠ ᠥᠬᠡᠢ ᠥᠨᠡᠨ ᠶᠣᠮ᠃ | ᠨᠠᠶᠢᠷ ᠲᠠᠷᠬᠠᠬᠰᠠᠨ ᠤ ᠮᠠᠷᠭᠠᠰᠢ ᠨᠢ ᠸᠠᠩᠵᠢᠯ ᠭᠤᠸᠠᠢ ᠪᠤᠴᠠᠬᠤ ᠬᠡᠳ ᠠᠯᠬᠤᠵᠣ ᠲᠡᠶᠢᠯᠬᠦ ᠥᠬᠡᠢ ᠳᠤ ᠠᠳᠣᠭᠤᠴᠢᠨ ᠰᠢᠷᠣᠪᠳᠣᠷᠵᠢ ᠭᠤᠸᠠᠢ ᠶᠢᠨ ᠣᠷᠣᠯᠳᠣᠭᠠᠨ | ᠮᠣᠷᠢ ᠶᠢ ᠵᠠᠶᠢᠲᠠᠯᠠᠵᠤ ᠲᠥᠩᠬᠡᠵᠣ ᠬᠠᠷᠢᠵᠣ ᠢᠷᠡᠭᠰᠡᠨ ᠶᠣᠮ ᠪᠢᠯᠡ᠃ | ᠦᠨᠲᠦᠰᠦᠲᠡᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠲᠤ ᠦᠷᠬᠦᠯᠵᠢᠯᠡᠨ ᠵᠢᠳᠬᠦᠵᠦ᠂ ᠦᠷ᠎ᠡ ᠬᠤᠶᠢᠴᠢᠰ ᠤᠨ ᠢᠶᠠᠨ ᠲᠦᠯᠦᠭᠡ ᠦᠲᠡᠯᠦᠭᠡ ᠨᠠᠰᠤᠨ ᠤ | ᠦᠭᠬᠢᠶᠡᠮᠦᠷ ᠬᠠᠶᠢᠷ᠎ᠠ ᠪᠠᠨ ᠢᠪᠢᠯᠦᠬᠦᠯᠦᠭᠰᠡᠭᠡᠷ ᠁ | 2010 ᠤᠨ ᠤ 9 ᠰᠠᠷ᠎ᠠ ᠳᠤ᠂ ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠰᠤᠷᠭᠠᠭᠤᠯᠢ ᠶᠢᠨ ︽ᠪᠢᠴᠢᠬᠠᠨ ᠵᠤᠬᠢᠶᠠᠯᠴᠢᠳ ᠤᠨ ᠠᠩᠬᠢ︾ | ᠪᠠᠶᠢᠭᠤᠯᠤᠭᠲᠠᠭᠰᠠᠨ ᠴᠢᠮᠡᠭᠡ ᠶᠢ ᠰᠤᠨᠤᠰᠤᠭᠠᠳ ᠸᠠᠩᠵᠢᠯ ᠪᠠᠭᠰᠢ ᠲᠤᠩ ᠪᠠᠶᠠᠷᠯᠠᠨ᠂ ᠠᠶᠠᠨ ᠵᠠᠮ ᠢ ᠬᠤᠯᠠ ᠭᠡᠵᠤ ᠬᠠᠶᠢᠬᠤᠷᠤᠯ ᠦᠭᠡᠢ᠂ ᠨᠠᠰᠤ ᠠᠭᠰᠢᠷᠠᠵᠤ ᠪᠡᠶ᠎ᠡ | ᠠᠨᠠᠢ ᠪᠤᠯᠤᠭᠰᠠᠨ ᠭᠡᠵᠤ ᠪᠤᠲᠤᠯ ᠦᠭᠡᠢ ᠭᠦᠬᠡᠬᠤᠲᠠ ᠠᠴᠠ ᠡᠭᠡ ᠰᠤᠷᠭᠠᠭᠤᠯᠢ ᠳᠠᠭᠠᠨ ᠢᠷᠡᠵᠦ᠂ ᠦᠰᠪᠦᠷᠢ ᠶᠢᠨ ᠵᠢᠭᠠᠬᠠᠨ ᠭᠡᠤᠭᠡᠳ ᠲᠤ ᠤᠷᠠᠨ ᠵᠤᠬᠢᠶᠠᠯ ᠪᠢᠴᠢᠬᠦ | ᠲᠤᠬᠠᠢ ᠬᠢᠴᠢᠶᠡᠯ ᠤᠷᠤᠭᠰᠠᠨ ᠨᠢ ᠪᠠᠭᠰᠢ ᠠᠵᠢᠯᠲᠠᠨ ᠠᠴᠠ ᠡᠬᠢᠯᠡᠨ ᠦᠷᠭᠡᠨ ᠤᠯᠠᠨ ᠰᠤᠷᠤᠭᠴᠢᠳ ᠲᠤ ᠲᠤᠩ ᠶᠡᠭᠡ ᠵᠤᠷᠢᠭᠵᠢᠭᠤᠯᠤᠯ ᠪᠤᠯᠤᠭᠰᠠᠨ ᠪᠠᠶᠢᠨ᠎ᠠ᠃ | ᠢᠯᠠᠩᠭᠤᠶ᠎ᠠ 2011 ᠤᠨ ᠤ 11 ᠰᠠᠷ᠎ᠠ ᠳᠤ᠂ ᠡᠭᠡ ᠰᠤᠶᠤᠯ ᠳᠠᠭᠠᠨ ᠬᠠᠶᠢᠷᠠᠲᠠᠢ ᠬᠦᠮᠦᠰ ᠤᠨ ᠪᠡᠯᠡ ᠮᠦᠩᠬᠦ ᠶᠢᠨ ᠬᠠᠪᠰᠤᠷᠤᠯᠭ᠎ᠠ ᠲᠤᠤᠷ᠎ᠠ 8 ᠰᠠᠷ᠎ᠠ ᠭᠠᠷᠤᠢ | ᠶᠢᠨ ᠬᠦᠴᠦ ᠬᠦᠯᠦᠰᠦ ᠶᠢ ᠤᠷᠤᠰᠬᠠᠨ᠂ ᠪᠡᠶ᠎ᠡ ᠰᠡᠳᠬᠢᠯ ᠢᠶᠠᠨ ᠵᠦᠲᠡᠭᠡᠨ ᠪᠠᠶᠢᠵᠤ᠂ ᠦᠨᠲᠦᠰᠦᠲᠡᠨ ᠤ ᠢᠷᠡᠭᠡᠲᠦᠢ᠂ ᠦᠪ ᠰᠤᠶᠤᠯ ᠤᠨ ᠲᠠᠷᠬᠠᠨ ᠭᠤᠯᠤᠮᠲᠠ ᠶᠢ | ᠵᠠᠯᠭᠠᠮᠵᠢᠯᠠᠨ ᠬᠦᠭᠵᠢᠬᠦᠯᠬᠦ ᠬᠦᠨᠲᠦ ᠡᠭᠦᠷᠭᠡ ᠶᠢ ᠲᠤᠰᠴᠦ ᠶᠠᠪᠤᠭ᠎ᠠ ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠦᠨᠲᠦᠰᠦᠲᠡᠨ ᠤ ᠰᠤᠷᠭᠠᠭᠤᠯᠢ ᠳᠤ | ︽ᠤᠷᠠᠳ ᠰᠤᠶᠤᠯ ᠤᠨ ᠶᠢᠰᠦᠨ ᠪᠠᠲᠠᠷᠠᠯᠲᠤ ᠪᠦᠲᠦᠭᠡᠯ᠂ ᠦᠪᠦᠷ ᠮᠤᠩᠭᠤᠯ ᠤᠨ ᠷᠤᠮᠡᠨ ᠤ ᠦᠯᠦᠭᠡᠢ︾ ᠭᠡᠬᠦ ᠲᠤᠷᠠᠰᠬᠠᠯ ᠤᠨ ᠬᠦᠰᠢᠶ᠎ᠡ ᠶᠢ ᠪᠣᠰᠬᠠᠨ᠂ ᠵᠤᠬᠢᠶᠠᠯᠴᠢ᠂ | ᠲᠡᠤᠭᠡᠴᠢᠨ᠂ ᠲᠤᠯᠢᠴᠢᠨ᠂ ᠪᠦᠵᠢᠭᠴᠢᠨ᠂ ᠤᠷᠠᠨ ᠲᠠᠷᠬᠠᠳ᠂ ᠤᠷᠴᠢᠭᠤᠯᠤᠭᠴᠢ᠂ ᠲᠠᠭᠤᠴᠢᠨ᠂ ᠪᠦᠭᠡᠴᠢᠨ᠂ ᠤᠷᠠᠨ ᠵᠢᠷᠤᠭᠴᠢᠨ᠂ ᠪᠠᠭᠰᠢ ᠵᠡᠷᠭᠡ ᠤᠷᠠᠳ ᠰᠤᠶᠤᠯ ᠤᠨ | ᠬᠦᠭᠵᠢᠯᠲᠡ ᠳᠤ ᠭᠠᠷᠮᠠᠭᠠᠢ ᠵᠢᠳᠬᠦᠯ ᠦᠵᠡᠬᠦᠯᠦᠭᠰᠡᠨ ᠬᠦᠮᠦᠰ ᠢᠶᠠᠨ ᠮᠦᠩᠭᠡᠯᠡᠨ ᠲᠡᠮᠲᠡᠭᠯᠡᠵᠦ᠂ ᠬᠤᠶᠢᠴᠢ ᠦᠶ᠎ᠡ ᠶᠢᠨ ᠬᠢᠨ ᠳᠡᠭᠡᠨ ᠤᠷᠠᠳ ᠰᠤᠶᠤᠯ ᠤᠨ | ᠬᠦᠭᠵᠢᠯᠲᠡ ᠶᠢ ᠭᠡᠰᠡᠭ ᠲᠠᠯ᠎ᠠ ᠠᠴᠠ ᠲᠠᠨᠢᠯᠴᠠᠭᠤᠯᠤᠭᠰᠠᠨ ᠪᠦᠭᠡᠳ ᠰᠤᠷᠤᠭᠴᠢᠳ ᠤᠨ ᠤᠷᠮᠠᠰᠢᠯ ᠢ ᠬᠦᠭᠵᠢᠭᠡᠭᠰᠡᠨ ᠪᠠᠶᠢᠨ᠎ᠠ᠃ | ᠲᠡᠬᠡᠳᠣ ᠵᠡᠷᠬᠡ ᠶᠢᠨ ᠪᠠᠭᠰᠢ᠂ ᠰᠣᠶᠣᠯ ᠭᠡᠭᠡᠷᠡᠭᠦᠯᠦᠭᠴᠢ᠂ ᠣᠷᠠᠳ ᠰᠣᠶᠣᠯ ᠤᠨ ᠲᠡᠣᠬᠡᠨ ᠬᠥᠭᠵᠢᠯ ᠳᠤ ᠪᠠᠯᠠᠷᠠᠰᠢ ᠥᠬᠡᠢ ᠭᠠᠪᠢᠶ᠎ᠠ ᠵᠢᠳᠬᠦᠯ ᠦᠵᠡᠬᠦᠯᠦᠭᠰᠡᠨ | ᠪᠣᠷᠵᠢᠬᠢᠨ ᠸᠠᠩᠵᠢᠯ ᠪᠠᠭᠰᠢ ᠭᠡᠲᠦᠶᠢᠪᠡᠷ ᠨᠠᠶᠠ ᠬᠦᠷᠦᠭᠰᠡᠨ ᠴᠦ᠂ ᠦᠨᠲᠦᠰᠦᠲᠡᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠲᠤ ᠦᠷᠦᠴᠡᠨ ᠤ ᠬᠠᠶᠢᠷ᠎ᠠ ᠪᠠᠨ | ᠠᠭᠤᠳᠠᠯᠵᠤ ᠶᠠᠪᠤᠨ᠎ᠠ᠃ | ᠡᠪᠣᠬᠡᠨ ᠪᠠᠭᠰᠢ ᠶᠢᠨ ᠢᠶᠠᠨ ᠨᠡᠩ ᠣᠷᠳᠣ ᠨᠠᠰᠣᠯᠠᠵᠣ ᠣᠳᠠᠭᠠᠨ ᠵᠢᠷᠭᠠᠬᠤ ᠶᠢ ᠢᠷᠣᠬᠡᠶᠡ︕ | | ︵ 2012 ᠣᠨ ᠳᠤ᠂ ᠤᠶᠤᠨᠲᠠᠯᠠᠢ ᠮᠥᠩᠬᠡᠰᠥ᠋ᠮᠪᠥᠷ ᠲᠠᠢ ᠬᠠᠮᠲᠤ ᠰᠤᠷᠪᠤᠯᠵᠢᠯᠠᠨ ᠪᠢᠴᠢᠪᠡ ︶ | | | | | ᠪᠠ᠊ ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ | ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ | | | | | | | | | |