ᠤᠷᠠᠳ ᠤᠨ ᠲᠤᠮᠲᠠᠲᠤ ᠬᠤᠰᠢᠭᠤᠨ ᠤ ᠪᠠᠶᠠᠨᠬᠠᠲᠠᠢ ᠰᠤᠮᠤᠨ ᠤ ᠵᠤᠰᠠᠮᠠᠯ ᠭᠠᠴᠠᠭᠠᠨ ᠳᠤ ᠪᠠᠶᠢᠷᠢᠰᠢᠭ᠎ᠠ ᠰᠢᠷᠡᠭᠡ ᠶᠢᠨ ᠰᠦᠮ᠎ᠡ ᠳᠤ ᠲᠠ ᠤᠴᠢᠵᠦ | ᠦᠩᠭᠡᠷᠡᠭᠰᠡᠨ ᠤᠤ︖ ᠰᠢᠳᠢᠳᠦ ᠤᠮᠲᠠᠭᠠᠨ ᠰᠢᠷᠡᠭᠡ ᠶᠢᠨ ᠷᠠᠰᠢᠶᠠᠨ ᠭᠡᠵᠤ ᠠᠯᠢ ᠡᠷᠲᠡ ᠠᠴᠠ ᠠᠯᠲᠠᠷᠰᠢᠭᠰᠠᠨ ᠷᠠᠰᠢᠶᠠᠨ ᠢ ᠲᠠ ᠤᠤᠭᠤᠵᠤ ᠦᠵᠡᠭᠰᠡᠨ ᠤᠤ︖ | ᠬᠤᠰᠢᠭᠤᠨ ᠲᠦᠪ ᠬᠠᠯᠢᠭᠤᠲᠤ ᠪᠠᠯᠭᠠᠰᠤᠨ ᠠᠴᠠ ᠰᠢᠨᠡᠬᠦ᠋ᠷᠢᠶᠠ ᠰᠤᠮᠤ ᠬᠦᠷᠬᠦ ᠲᠡᠷᠭᠡᠨ ᠳᠤ ᠰᠠᠭᠤᠵᠤ ᠨᠠᠢᠮᠠ ᠶᠢᠰᠦᠨ ᠺᠢᠯᠤᠮᠲ᠋ᠧᠷ ᠶᠠᠪᠤᠭᠠᠳ ᠪᠠᠶᠠᠨᠬᠠᠲᠠᠢ ᠰᠤᠮᠤᠨ ᠤ | ᠲᠡᠪᠰᠡᠭ ᠤᠨ ᠤᠪᠤᠭ᠎ᠠ ᠬᠦᠷᠦᠭᠡᠳ ᠬᠤᠶᠢᠰᠢ ᠰᠠᠯᠠᠭ᠎ᠠ ᠵᠠᠮ ᠢᠶᠠᠷ ᠲᠠᠪᠤ ᠵᠢᠷᠭᠤᠭᠠᠨ ᠭᠠᠵᠠᠷ ᠶᠠᠪᠤᠪᠠᠯ ᠲᠦᠷᠪᠡᠨ ᠲᠠᠯ᠎ᠠ ᠪᠠᠷ ᠢᠶᠠᠨ ᠠᠭᠤᠯᠠᠨ ᠳᠤ ᠬᠦᠷᠢᠶᠡᠯᠡᠭᠲᠡᠭᠰᠡᠨ | ᠬᠠᠪᠴᠢᠯ ᠳᠤ ᠤᠷᠤᠬᠤ ᠳᠤ ᠡᠪᠲᠡᠷᠡᠵᠦ ᠨᠤᠷᠠᠭᠰᠠᠨ ᠰᠦᠮ᠎ᠠ ᠶᠢᠨ ᠪᠠᠭᠤᠷᠢ ᠬᠠᠷᠠᠭᠲᠠᠬᠤ ᠪᠤᠯᠤᠨ᠎ᠠ᠃ ᠡᠨᠡ ᠪᠤᠯ ᠲᠠᠷᠤᠢ ᠲᠡᠤᠭᠡᠨᠠ ᠠᠯᠲᠠᠷᠰᠢᠭᠰᠠᠨ ᠰᠢᠷᠡᠭᠡ ᠶᠢᠨ | ᠰᠦᠮ᠎ᠠ ᠪᠤᠯᠤᠨ᠎ᠠ᠃ | ᠰᠢᠷᠡᠭᠡ ᠶᠢᠨ ᠰᠦᠮ᠎ᠠ ᠶᠢᠨ ᠠᠷᠤ ᠠᠭᠤᠯᠠ ᠶᠢ ᠬᠠᠷ᠎ᠠ ᠪᠤᠩᠬᠤᠨ᠂ ᠵᠡᠬᠦᠨ ᠠᠭᠤᠯᠠ ᠶᠢ ᠬᠠᠶᠢᠯᠠᠰᠤᠲᠠᠢ᠂ ᠵᠡᠬᠦᠨ ᠬᠦᠲᠦᠯ ᠢ ᠨᠠᠷᠡᠨ ᠭᠡᠮᠵᠢᠶᠡᠲᠦ᠂ ᠡᠮᠦᠨ᠎ᠠ | ᠠᠭᠤᠯᠠ ᠶᠢ ᠭᠡᠮᠫᠢ᠂ ᠪᠠᠷᠠᠭᠤᠨ ᠡᠮᠦᠨᠡᠬᠢ ᠠᠭᠤᠯᠠ ᠶᠢ ᠠᠭᠤᠯᠠᠨ ᠤᠪᠤᠭ᠎ᠠ᠂ ᠪᠠᠷᠠᠭᠤᠨ ᠬᠤᠶᠢᠲᠤ ᠠᠭᠤᠯᠠ ᠶᠢ ᠦᠷᠬᠦᠬᠦᠯ ᠠᠭᠤᠢ ᠭᠡᠬᠦ ᠪᠠ ᠲᠡᠬᠦᠨ ᠤ ᠪᠠᠷᠠᠭᠤᠨ | ᠡᠮᠦᠨᠡᠬᠢ ᠬᠦᠲᠦᠯ ᠢ ᠬᠠᠷ᠎ᠠ ᠭᠡᠷᠰᠡᠩ ᠭᠡᠲᠡᠭ᠃ ᠰᠢᠲᠦᠭᠡᠨ ᠲᠤᠭᠠᠩ ᠤᠨ ᠠᠷᠤ ᠳᠠᠬᠢ ᠱᠤᠪᠤᠭᠤᠷ ᠠᠭᠤᠯᠠ ᠶᠢᠨ ᠤᠷᠤᠢ ᠲᠡᠭᠡᠷ᠎ᠡ ᠵᠠᠰᠠᠭᠠᠳ ᠲᠠᠯᠪᠢᠭᠰᠠᠨ ᠶᠤᠮᠰᠢᠭ | ᠮᠠᠰᠢ ᠪᠦᠲᠦᠭᠦᠨ ᠠᠰᠬ᠎ᠠ ᠬᠠᠲᠠ ᠰᠡᠬᠦᠶᠢᠨ ᠪᠤᠰᠤᠭᠰᠠᠨ ᠪᠠᠶᠢᠲᠠᠭ᠂ ᠡᠬᠦᠨ ᠢ ︽ᠢᠯᠠᠭᠤᠭᠰᠠᠨ ᠴᠢᠮᠡᠭ︾ ᠭᠡᠵᠤ ᠨᠡᠷᠡᠯᠡᠲᠡᠭ ᠪᠦᠭᠡᠳ ᠡᠷ᠎ᠡ ᠪᠡᠯᠭᠡ ᠶᠢᠨ ᠬᠦᠢᠰᠤ ᠶᠢ | ᠲᠦᠯᠦᠭᠡᠯᠡᠲᠡᠭ ᠪᠠᠶᠢᠨ᠎ᠠ᠃ ᠰᠦᠮ᠎ᠠ ᠶᠢᠨ ᠪᠠᠷᠠᠭᠤᠨ ᠡᠮᠦᠨ᠎ᠡ ᠲᠠᠯ᠎ᠠ ᠳᠤ ᠪᠠᠷᠠᠭᠤᠨ ᠬᠤᠶᠢᠰᠢ ᠪᠠᠨ ︽ᠢᠯᠠᠭᠤᠭᠰᠠᠨ ᠴᠢᠮᠡᠭ︾ ᠢ ᠬᠠᠨᠲᠤᠭᠰᠠᠨ ᠬᠠᠪᠴᠢᠯ ᠲᠠᠢ᠂ | ᠬᠠᠪᠴᠢᠯ ᠤᠨ ᠬᠤᠶᠠᠷ ᠲᠠᠯ᠎ᠠ ᠲᠡᠭᠡᠷ᠎ᠡ ᠨᠢ ᠲᠤᠰ ᠪᠦᠷᠢ ᠨᠢᠭᠡ ᠴᠠᠭᠠᠨ ᠰᠤᠪᠤᠷᠭ᠎ᠠ ᠪᠠᠶᠢᠭᠤᠯᠵᠠᠢ᠃ ᠡᠨᠡ ᠭᠠᠵᠠᠷ ᠢ ᠡᠮ᠎ᠡ ᠪᠡᠯᠭᠡ ᠶᠢᠨ ᠬᠦᠢᠰᠦ ᠶᠢ ᠲᠦᠯᠦᠭᠡᠯᠡᠲᠡᠭ | ᠪᠠᠶᠢᠨ᠎ᠠ᠃ ᠦᠭᠡᠷ᠎ᠡ ᠪᠠᠷ ᠭᠡᠯᠡᠪᠡᠯ ᠡᠨᠡ ᠰᠦᠮ᠎ᠡ ᠶᠢᠨ ᠪᠠᠶᠢᠷᠢᠯᠠᠭ᠎ᠠ ᠭᠠᠵᠠᠷ ᠲᠤ ᠠᠷᠭ᠎ᠠ ᠪᠢᠯᠢᠭ ᠵᠡᠷᠭᠡᠴᠡᠨ ᠤᠷᠤᠰᠢᠭᠰᠠᠨ ᠭᠠᠶᠢᠬᠠᠮᠰᠢᠭᠲᠤ ᠭᠠᠵᠠᠷ ᠪᠤᠯᠤᠨ᠎ᠠ᠃ | ᠲᠡᠤᠭᠡᠨ ᠳᠤ᠂ ᠰᠤᠪᠤᠷᠭ᠎ᠠ ᠶᠢᠨ ᠲᠤᠭᠤᠷᠢᠨ ᠳᠤ ᠨᠠᠢᠮᠠᠨ ᠭᠠᠨᠳᠢᠭ ᠴᠢᠯᠠᠭᠤᠨ ᠠᠷᠰᠯᠠᠨ ᠲᠠᠯᠪᠢᠵᠦ᠂ ᠲᠤᠰ ᠠᠷᠰᠯᠠᠨ ᠨᠤᠭᠤᠳ ᠤᠨ ᠬᠦᠯ ᠠᠴᠠ ᠨᠢ ᠬᠤᠷᠤᠬᠠᠢ | ᠭᠡᠯᠪᠡᠷᠢᠲᠦ ᠨᠠᠷᠢᠨ ᠲᠡᠮᠦᠷ ᠲᠡᠭᠡᠰᠤ ᠪᠠᠷ ᠤᠭᠤᠰᠤᠷᠯᠠᠨ ᠰᠤᠪᠤᠷᠭ᠎ᠠ ᠶᠢᠨ ᠤᠷᠤᠢ ᠲᠠᠢ ᠬᠤᠯᠪᠤᠭᠰᠠᠨ ᠪᠠᠶᠢᠲᠠᠭ᠃ ᠡᠨᠡᠬᠦ ᠬᠠᠪᠴᠢᠯ ᠢ ᠦᠭᠡᠲᠡᠯᠡᠨ ᠵᠠᠭᠤ ᠭᠠᠷᠤᠢ ᠮᠧᠲᠷ | ᠶᠠᠪᠤᠪᠠᠯ ᠨᠠᠷᠢᠨ ᠤᠷᠤᠰᠬᠠᠯ ᠲᠠᠢ ᠭᠤᠤᠯ ᠤᠨ ᠡᠮᠦᠨ᠎ᠡ ᠲᠠᠯ᠎ᠠ ᠳᠤ ᠪᠤᠯᠠᠭ ᠲᠠᠢ ᠪᠠᠶᠢᠵᠤ᠂ ᠪᠤᠯᠠᠭ ᠤᠨ ᠢᠷᠤᠭᠠᠷ ᠤᠨ ᠭᠡᠰᠡᠭ ᠲᠤ ᠲᠤᠮᠤ ᠱᠠᠭᠠᠵᠠᠩ ᠤᠨ ᠴᠢᠨᠡᠭᠡᠨ | ᠭᠤᠷᠪᠠᠨ ᠴᠢᠨᠲᠠᠮᠤᠨᠢ ᠨᠦᠭᠡ ᠪᠠᠷ ᠷᠠᠰᠢᠶᠠᠨ ᠲᠠᠰᠤᠷᠠᠯᠲᠠ ᠦᠭᠡᠢ ᠤᠨᠲᠤᠷᠤᠳᠠᠭ ᠪᠠᠶᠢᠨ᠎ᠠ᠃ | ᠰᠢᠲᠦᠭᠡᠨ ᠲᠤᠭᠠᠩ ᠤᠨ ᠡᠮᠦᠨ᠎ᠡ ᠲᠤᠤᠷᠠᠬᠢ ᠦᠨᠲᠦᠷ ᠭᠠᠴᠠᠭᠠᠨ ᠳᠤ ︽ᠲᠢᠶᠠᠨᠴᠢ ᠶᠢᠨ ᠠᠭᠤᠢ︾ ᠲᠠᠢ᠃ ︽ᠲᠢᠶᠠᠨᠴᠢ ᠶᠢᠨ ᠠᠭᠤᠢ︾ ᠠᠴᠠ ᠲᠡᠭᠡᠭᠰᠢ | ᠬᠠᠲᠠᠨ ᠭᠠᠴᠠᠭ᠎ᠠ ᠶᠢ ᠴᠢᠯᠠᠭᠤ ᠪᠠᠷ ᠲᠡᠭᠲᠡᠷᠯᠡᠨ ᠦᠷᠦᠵᠦ᠂ ᠷᠠᠰᠠᠩ ᠲᠤᠭᠠᠩ ᠤᠨ ᠵᠡᠬᠦᠨ ᠡᠮᠦᠨ᠎ᠡ ᠠᠴᠠ ᠪᠠᠷᠠᠭᠤᠨ ᠡᠮᠦᠨ᠎ᠠ ᠬᠦᠷᠲᠡᠯ᠎ᠠ ᠰᠦᠮ᠎ᠠ ᠶᠢᠨ ᠡᠬᠦᠲᠡ ᠶᠢ | ᠬᠠᠰᠢᠵᠦ᠂ ᠮᠧᠲᠷ ᠦᠨᠲᠦᠷ ᠴᠢᠯᠠᠭᠤᠨ ᠭᠡᠷᠡᠮ ᠦᠷᠦᠵᠦ ᠬᠠᠰᠢᠯᠭ᠎ᠠ ᠪᠤᠯᠭᠠᠨ ᠵᠠᠰᠠᠭᠰᠠᠨ ᠶᠤᠮ᠃ ᠠᠷᠠᠳ ᠤᠨ ᠶᠠᠷᠢᠶᠠᠨ ᠳᠤ ︽ᠲᠢᠶᠠᠨᠴᠢ ᠶᠢᠨ ᠠᠭᠤᠢ︾ ᠲᠤᠲᠤᠷ᠎ᠠ | ᠰᠠᠩ ᠲᠠᠯᠪᠢᠪᠠᠯ ᠢᠯᠠᠭᠤᠭᠰᠠᠨ ᠴᠢᠮᠡᠭ ᠤᠨ ᠤᠷᠤᠢ ᠪᠠᠷ ᠰᠠᠩ ᠤᠨ ᠤᠲᠤᠭ᠎ᠠ ᠨᠢ ᠭᠠᠷᠲᠠᠭ ᠪᠠᠶᠢᠯ᠎ᠠ ᠭᠡᠲᠡᠭ᠃ ᠤᠷᠤᠭ᠎ᠠ ᠪᠤᠰᠤᠭ᠎ᠠ ᠲᠡᠤᠭᠡ ᠶᠢᠨ ᠤᠯᠪᠠᠭ᠎ᠠ ᠪᠠᠷ | ᠲᠡᠮᠵᠢᠨ ᠦᠨᠦᠲᠦᠷ ᠪᠤᠯᠬᠤ ᠳᠤ ᠡᠨᠡᠬᠦ ᠬᠠᠴᠢᠨ ᠦᠵᠡᠭᠲᠡᠯ ᠲᠡᠬᠢᠨ ᠬᠠᠷᠠᠭᠲᠠᠬᠤ ᠪᠠᠨ ᠪᠤᠯᠢᠵᠠᠢ᠃ ᠲᠡᠭᠡᠪᠡᠯ ᠰᠢᠷᠡᠭᠡ ᠶᠢᠨ ᠰᠦᠮ᠎ᠡ ᠪᠠᠶᠢᠭᠤᠯᠤᠭᠲᠠᠭᠰᠠᠨ ᠲᠤᠬᠠᠢ | ᠪᠠᠰᠠ ᠨᠢᠭᠡᠨ ᠰᠠᠶᠢᠬᠠᠨ ᠲᠤᠮᠤᠭ ᠤᠯᠠᠮᠵᠢᠯᠠᠭᠲᠠᠵᠤ ᠪᠠᠶᠢᠲᠠᠭ᠃ ᠪᠠᠲᠠᠷᠠᠯᠲᠤ ᠲᠦᠷᠦ ᠶᠢᠨ ᠠᠩᠬᠠᠲᠤᠭᠠᠷ ᠤᠨ ︵1875 ᠤᠨ︶ ᠳᠤ ᠳ᠋ᠧᠽᠦ᠋ᠩ ᠬᠠᠭᠠᠨ ᠤ | ᠡᠭᠡ ᠨᠢ ᠪᠡᠭᠡᠵᠢᠩ ᠬᠤᠲᠠᠨ᠎ᠠ ᠨᠠᠰᠤ ᠨᠦᠭᠴᠢᠭᠰᠡᠨ ᠳᠤ ᠬᠠᠭᠠᠨ ᠡᠵᠡᠨ ᠴᠢᠭᠤᠯᠭᠠᠨ ᠬᠤᠷᠠᠵᠤ ᠵᠠᠷᠯᠢᠭ ᠪᠠᠭᠤᠯᠭᠠᠨ᠄ ︽ᠮᠢᠨᠤ ᠡᠵᠢ ᠶᠢᠨ ᠨᠦᠭᠴᠢᠭᠰᠡᠨ ᠰᠦᠨᠠᠰᠤ ᠶᠢ | ᠪᠤᠷᠬᠠᠨ ᠪᠤᠳᠢᠰᠠᠳ᠋ᠸ᠎ᠠ ᠶᠢᠨ ᠤᠷᠤᠨ ᠳᠤ ᠬᠦᠷᠭᠡᠵᠦ ᠴᠢᠲᠠᠬᠤ ᠡᠷᠲᠡᠮᠲᠤ ᠯᠠᠮᠠ ᠬᠠᠮᠢᠭ᠎ᠠ ᠪᠠᠶᠢᠬᠤ ᠪᠤᠢ︖︾ ᠭᠡᠮᠡᠨ ᠰᠠᠶᠢᠳ ᠲᠦᠰᠢᠮᠡᠳ ᠠᠴᠠ ᠪᠠᠨ | ᠠᠰᠠᠭᠤᠭᠰᠠᠨ ᠳᠤ ᠰᠢᠡᠵᠢᠭᠴᠢ ᠰᠠᠶᠢᠳ᠄ ︽ᠪᠠᠷᠠᠭᠤᠨ ᠬᠤᠶᠢᠲᠤ ᠵᠦᠭ ᠤᠨ ᠠᠯᠤᠰ ᠲᠠᠬᠢ ᠬᠠᠲᠠᠨ ᠠᠭᠤᠢ ᠶᠢᠨ ᠲᠤᠲᠤᠷ᠎ᠠ ᠨᠢᠭᠡᠨ ᠠᠷᠰᠢ ᠯᠠᠮᠠ ᠪᠠᠶᠢᠮᠤᠢ᠂ ᠲᠡᠷᠡ | ᠬᠦᠮᠦᠨ ᠡᠵᠡᠨ ᠬᠠᠭᠠᠨ ᠤ ᠡᠵᠢ ᠶᠢᠨ ᠨᠦᠭᠴᠢᠭᠰᠡᠨ ᠰᠦᠨᠡᠰᠤ ᠶᠢ ᠪᠤᠷᠬᠠᠨ ᠪᠤᠳᠢᠰᠠᠳ᠋ᠸ᠎ᠠ ᠶᠢᠨ ᠤᠷᠤᠨ᠎ᠠ ᠬᠦᠷᠭᠡᠵᠦ ᠴᠢᠲᠠᠮᠤᠢ︾ ᠭᠡᠵᠤ ᠠᠶᠢᠯᠠᠳᠬᠠᠪᠠ᠃ ᠡᠵᠡᠨ | ᠬᠠᠭᠠᠨ ᠡᠬᠦᠨ ᠢ ᠰᠤᠨᠤᠰᠤᠭᠠᠳ ᠮᠠᠰᠢᠲᠠ ᠪᠠᠶᠠᠷᠯᠠᠨ ᠲᠠᠷᠦ᠋ᠢᠬᠠᠨ ᠵᠠᠯᠠᠵᠤ ᠠᠪᠴᠢᠷᠠᠭᠲᠤᠨ ᠭᠡᠵᠤ ᠵᠠᠷᠯᠢᠭ ᠪᠤᠯᠪᠠ᠃ ᠰᠢᠡᠵᠢᠭᠴᠢ ᠰᠠᠶᠢᠳ ᠬᠦᠰᠭᠡ ᠲᠡᠷᠭᠡ ᠪᠠᠷ | ᠪᠠᠷᠠᠭᠤᠨ ᠬᠤᠶᠢᠲᠤ ᠵᠦᠭ ᠢ ᠵᠤᠷᠢᠨ ᠶᠠᠪᠤᠭᠰᠠᠭᠠᠷ ᠪᠠᠶᠢᠵᠤ᠂ ᠨᠢᠭᠡᠨ ᠡᠲᠦᠷ ᠤᠨ ᠨᠠᠷᠠᠨ ᠵᠢᠷᠭᠠᠬᠤ ᠶᠢᠨ ᠦᠶ᠎ᠡ ᠪᠠᠷ ᠰᠢᠷᠡᠭᠡ ᠶᠢᠨ ᠠᠭᠤᠯᠠᠨ ᠳᠤ ᠬᠦᠷᠴᠦ ᠠᠷᠰᠢ | ᠯᠠᠮᠠ ᠳᠤ ᠢᠷᠡᠭᠰᠡᠨ ᠵᠤᠷᠢᠯᠭ᠎ᠠ ᠪᠠᠨ ᠲᠤᠲᠤᠷᠬᠠᠶᠢᠯᠠᠭᠰᠠᠨ ᠳᠤ ᠠᠷᠰᠢ ᠯᠠᠮᠠ᠄ ︽ᠪᠤᠯᠤᠨ᠎ᠠ︾ ᠭᠡᠵᠤ ᠵᠦᠪᠰᠢᠶᠡᠷᠡᠭᠡᠳ ᠪᠡᠯᠡᠳᠭᠡᠵᠦ ᠢᠷᠡᠭᠰᠡᠨ ᠰᠠᠤᠭᠡᠨ ᠳᠤᠨᠢ | ᠰᠠᠭᠤᠭᠰᠠᠨ ᠦᠭᠡᠢ ᠶᠠᠪᠠᠭᠠᠨ ᠢᠶᠠᠷ ᠪᠡᠭᠡᠵᠢᠩ ᠬᠤᠲᠠᠨ᠎ᠠ ᠬᠦᠷᠬᠦ ᠵᠠᠮ ᠳᠤ ᠪᠠᠨ ᠤᠷᠤᠯ᠎ᠠ᠃ ᠡᠪᠤᠭᠡᠨ ᠠᠷᠰᠢ ︽ᠶᠠᠮᠠᠲᠠᠨ ᠪᠤᠷᠬᠠᠨ︾ ᠪᠡᠶ᠎ᠡ ᠪᠠᠷ ᠪᠦᠲᠦᠵᠦ ᠵᠠᠯᠠᠷᠠᠨ | ᠪᠠᠭᠤᠬᠤ ᠳᠤ᠂ ᠡᠵᠡᠨ ᠬᠠᠭᠠᠨ ᠦᠪᠡᠷ ᠤᠨ ᠪᠡᠶ᠎ᠡ ᠪᠠᠷ ᠢᠶᠠᠨ ᠭᠠᠷᠴᠤ ᠠᠯᠲᠠ ᠮᠦᠩᠬᠦ᠂ ᠮᠠᠩᠨᠤᠭ ᠲᠤᠷᠭ᠎ᠠ ᠵᠡᠷᠭᠡ ᠶᠢ ᠬᠦᠷᠭᠡᠨ᠂ ᠬᠦᠵᠢ ᠵᠤᠯᠠ ᠠᠰᠠᠭᠠᠨ ᠵᠠᠯᠠᠯᠭ᠎ᠠ | ᠲᠡᠯᠪᠢᠨ ᠤᠭᠲᠤᠵᠤ᠂ ᠰᠢᠲᠦᠭᠡᠨ ᠤ ᠤᠷᠲᠤᠨ ᠳᠤ ᠪᠠᠨ ᠪᠠᠭᠤᠯᠭᠠᠨ᠂ ᠲᠦᠷᠦ ᠶᠢᠨ ᠪᠡᠯᠪᠡᠰᠤᠷᠠᠯ ᠤᠨ ᠶᠤᠰᠤᠭᠠᠷ ᠮᠡᠨᠲᠦᠯᠡᠵᠦ᠂ ᠵᠠᠯᠠᠵᠤ ᠰᠠᠭᠤᠯᠭᠠᠵᠠᠢ᠃ ᠲᠠᠷᠠᠭ᠎ᠠ | ᠦᠷᠯᠦᠭᠡ ᠨᠢ ᠡᠪᠦᠭᠡᠨ ᠠᠷᠰᠢ᠄ ︽ᠲᠠᠨᠠᠷ ᠭᠠᠲᠠᠨ᠎ᠠ ᠭᠠᠷᠴᠤ ᠤᠭᠲᠠᠷᠭᠤᠢ ᠶᠢ ᠪᠠᠷᠠᠭᠠᠯᠠᠭᠲᠤᠨ︕ ᠡᠵᠨᠨ ᠬᠠᠭᠠᠨ ᠤ ᠡᠵᠢ ᠶᠢᠨ ᠴᠢᠨᠲᠡᠷ ᠤᠨ ᠭᠡᠷ ᠤᠨ ᠤᠷᠤᠢ ᠠᠴᠠ | ᠤᠷᠲᠤ ᠴᠠᠭᠠᠨ ᠰᠤᠭᠤᠨᠠᠭ ᠲᠡᠭᠲᠡᠵᠦ ᠬᠠᠮᠢᠭᠠᠰᠢ ᠤᠳᠬᠤ ᠶᠢ ᠨᠠᠲᠤᠷ ᠮᠡᠲᠡᠬᠦᠯ︾ ᠭᠡᠵᠡᠢ᠃ ᠡᠵᠡᠨ ᠬᠠᠭᠠᠨ ᠤᠯᠠᠨ ᠰᠠᠶᠢᠳ ᠲᠦᠰᠢᠮᠡᠯ ᠤᠨ ᠬᠠᠮᠲᠤ ᠴᠢᠨᠲᠠᠷ ᠤᠨ | ᠭᠡᠷ ᠤᠨ ᠤᠷᠤᠢ ᠶᠢ ᠪᠠᠷᠠᠭᠠᠯᠠᠵᠤ ᠪᠠᠶᠢᠲᠠᠯ᠎ᠠ ᠦᠨᠡᠭᠡᠷ ᠨᠢᠭᠡᠨ ᠤᠷᠲᠤ ᠴᠠᠭᠠᠨ ᠰᠤᠭᠤᠨᠠᠭ ᠲᠠᠲᠠᠵᠤ ᠪᠠᠷᠠᠭᠠᠳ ᠬᠤᠶᠢᠲᠤ ᠵᠦᠭ ᠲᠤ ᠲᠡᠭᠲᠡᠨ ᠤᠭᠲᠠᠷᠭᠤᠢ ᠳᠤ | ᠰᠢᠩᠭᠡᠨ ᠵᠠᠮᠬᠠᠷᠠᠵᠤᠬᠤᠢ᠃ ᠡᠬᠦᠨ ᠢ ᠮᠡᠲᠡᠬᠦᠯᠬᠦ ᠳᠤ ᠡᠪᠦᠭᠡᠨ ᠠᠷᠰᠢ᠄ ︽ᠡᠶᠢᠮᠤ ᠪᠤᠯᠪᠠᠰᠤ ᠡᠵᠡᠨ ᠬᠠᠭᠠᠨ ᠤ ᠡᠵᠢ ᠶᠢᠨ ᠰᠦᠨᠡᠰᠤ ᠢᠨᠤ ᠪᠤᠷᠬᠠᠨ ᠪᠤᠳᠢᠰᠠᠳ᠋ᠸ᠎ᠠ ᠶᠢᠨ | ᠤᠷᠤᠨ ᠳᠤ ᠬᠦᠷᠴᠦᠬᠦᠢ︾ ᠭᠡᠮᠡᠨ ᠦᠬᠦᠯᠡᠵᠦ᠂ ᠤᠲᠤ ᠴᠢᠨᠲᠠᠷ ᠢ ᠨᠢ ᠲᠡᠭᠡᠲᠦᠰ ᠤᠨ ᠪᠤᠩᠬᠤᠨ ᠳᠤ ᠤᠷᠤᠰᠢᠭᠤᠯᠲᠤᠭᠠᠢ ᠭᠡᠪᠡ᠃ ᠡᠬᠦᠨ ᠠᠴᠠ ᠡᠵᠡᠨ ᠬᠠᠭᠠᠨ ᠠᠷᠰᠢ | ᠬᠠᠭᠠᠨ ᠠᠷᠰᠢ ᠯᠠᠮᠠ ᠶᠢᠨ ᠡᠷᠲᠡᠮ ᠴᠢᠲᠠᠪᠤᠷᠢ ᠶᠢ ᠶᠡᠭᠡᠲᠡ ᠪᠢᠰᠢᠷᠡᠵᠦ᠂ ᠲᠡᠬᠦᠨ ᠳᠤ ᠲᠤᠭᠠᠩ ᠰᠦᠮ᠎ᠠ ᠪᠠᠶᠢᠭᠤᠯᠤᠨ ᠰᠢᠲᠦᠭᠡᠨ ᠪᠤᠷᠬᠠᠨ ᠲᠠᠬᠢᠭᠤᠯᠬᠤ ᠶᠢᠨ ᠲᠦᠯᠦᠭᠡ | ᠶᠢᠰᠤ ᠶᠢᠰᠤ ᠨᠠᠶᠠᠨ ᠨᠢᠭᠡᠨ ᠵᠦᠢᠯ ᠤᠨ ᠪᠡᠯᠡᠭ ᠢ ᠰᠤᠩᠭᠤᠨ ᠪᠤᠲᠤᠭᠲᠤ ᠠᠯᠲᠠᠨ ᠯᠤᠤ ᠶᠢᠨ ᠬᠤᠸᠠᠷ ᠲᠠᠢ ᠬᠤᠶᠠᠷ ᠰᠤᠷᠢᠨᠵᠢᠨ ᠬᠦᠷᠲᠦᠲᠤ ᠠᠪᠲᠠᠷ᠎ᠠ ᠳᠤ ᠬᠢᠵᠦ | ᠬᠦᠷᠭᠡᠭᠰᠡᠨ ᠪᠦᠭᠡᠳ ᠲᠠᠪᠤᠨ ᠵᠢᠯ ᠤᠨ ᠬᠤᠭᠤᠴᠠᠭᠠᠨ ᠳᠤ ᠰᠢᠷᠡᠭᠡ ᠶᠢᠨ ᠰᠦᠮ᠎ᠠ ᠶᠢ ᠪᠠᠶᠢᠭᠤᠯᠤᠨ ᠪᠦᠲᠦᠭᠡᠭᠰᠡᠨ ᠪᠠᠶᠢᠨ᠎ᠠ᠃ | ᠰᠢᠷᠡᠭᠡ ᠶᠢᠨ ᠰᠦᠮ᠎ᠠ ᠨᠢ ᠰᠢᠲᠦᠭᠡᠨ ᠲᠤᠭᠠᠩ᠂ ᠷᠠᠰᠠᠩ ᠲᠤᠭᠠᠩ᠂ ᠬᠦᠭᠡ ᠰᠦᠮ᠎ᠠ᠂ ᠨᠦᠩᠨᠠᠢ ᠲᠤᠭᠠᠩ᠂ ᠭᠠᠨᠵᠤᠤᠷ ᠲᠤᠭᠠᠩ᠂ ᠯᠠᠪᠷᠤᠩ᠂ ᠷᠦᠩᠺᠠᠩ | ︵ᠬᠤᠭᠤᠯᠠᠨ ᠭᠡᠷ︶᠂ ᠵᠢᠰᠠ ᠶᠢᠨ ᠵᠠᠪᠠ ︵ᠡᠳ᠋ ᠤᠨ ᠵᠠᠰᠠᠭ︶ ᠵᠡᠷᠭᠡ ᠪᠠᠷᠢᠯᠭ᠎ᠠ ᠪᠠᠷ ᠪᠦᠷᠢᠯᠲᠦᠵᠦ᠂ ᠬᠦᠭᠵᠢᠯ ᠤᠨ ᠱᠠᠲᠤᠨ ᠳᠤ ᠪᠠᠨ ᠭᠡᠲᠦᠨ ᠵᠠᠭᠤᠨ ᠯᠠᠮᠠ ᠱᠠᠪᠢ | ᠲᠠᠢ ᠲᠤᠮᠤ ᠰᠦᠮ᠎ᠠ ᠪᠠᠶᠢᠵᠤ᠂ ᠦᠯᠡᠲᠡᠵᠦ ᠬᠤᠴᠤᠷᠤᠭᠰᠠᠨ ᠪᠠᠭᠤᠷᠢ ᠠᠴᠠ ᠨᠢ ᠬᠤᠯᠠ ᠤᠶᠢᠷ᠎ᠠ ᠶᠢᠨ ᠮᠦᠷᠬᠦᠯᠴᠢᠳ ᠰᠤᠪᠤᠷᠠᠭᠰᠠᠨ ᠱᠠᠰᠢᠨ ᠤ ᠤᠷᠤᠨ ᠪᠠᠶᠢᠭᠰᠠᠨ ᠢ | ᠮᠡᠲᠡᠵᠦ ᠪᠤᠯᠤᠨ᠎ᠠ᠃ ᠰᠢᠷᠡᠭᠡ ᠶᠢᠨ ᠰᠦᠮ᠎ᠡ ᠨᠢ ᠤᠷᠤᠭ᠎ᠠ ᠪᠤᠰᠤᠭ᠎ᠠ ᠲᠡᠤᠭᠡ ᠶᠢᠨ ᠰᠠᠯᠬᠢ ᠰᠢᠭᠤᠷᠭᠠᠨ ᠳᠤ ᠦᠨᠲᠦᠰᠦᠲᠠᠨ ᠤ ᠮᠢᠨᠢ ᠰᠤᠶᠤᠯ ᠤᠨ ᠬᠤᠪᠤᠷ ᠡᠷᠲᠡᠨᠢᠰ | ᠦᠨᠡᠰᠤᠨ ᠲᠤᠪᠤᠷᠠᠭ ᠪᠤᠯᠵᠤ᠂ ᠦᠯᠡᠲᠡᠵᠦ ᠬᠤᠴᠤᠷᠤᠭᠰᠠᠨ ᠨᠤᠷ᠎ᠠ ᠲᠦᠷᠢ ᠨᠢ ᠦᠴᠦᠭᠡᠲᠦᠷ ᠤᠨ ᠬᠦᠭᠵᠢᠯ ᠴᠡᠴᠡᠭᠯᠡᠯ ᠢ ᠶᠠᠭᠠᠬᠢᠬᠤ ᠶᠢᠨ ᠠᠷᠭ᠎ᠠ ᠦᠭᠡᠢ ᠶᠠᠷᠢᠵᠦ | ᠪᠠᠶᠢᠯ᠎ᠠ᠃ ᠤᠷᠴᠢᠮ ᠤᠨ ᠭᠡᠲᠦᠨ ᠵᠢᠯ ᠲᠦᠷᠦ ᠶᠢᠨ ᠪᠤᠲᠤᠯᠭ᠎ᠠ ᠶᠢᠨ ᠲᠤᠶᠠᠭᠠᠯᠠᠯ ᠲᠤᠤᠷ᠎ᠠ᠂ ᠰᠢᠷᠡᠭᠡ ᠰᠦᠮ᠎ᠡ ᠨᠢ ᠵᠠᠷᠢᠮ ᠪᠠᠷᠢᠯᠭ᠎ᠠ ᠪᠠᠨ ᠰᠡᠷᠬᠦᠭᠡᠨ ᠵᠠᠰᠠᠵᠤ᠂ | ᠱᠠᠰᠢᠨ ᠤ ᠠᠵᠢᠯᠯᠠᠭ᠎ᠠ ᠪᠠᠨ ᠡᠬᠢᠯᠡᠬᠦᠯᠵᠦ᠂ ᠡᠯᠡᠰᠤ ᠬᠠᠶᠢᠷ ᠲᠤ ᠲᠠᠷᠤᠭᠲᠠᠭᠠᠳ ᠤᠨ ᠵᠢᠯ ᠤᠲᠠᠭᠰᠠᠨ ᠷᠠᠰᠢᠶᠠᠨ ᠪᠤᠯᠠᠭ ᠨᠢ ᠴᠦ ᠠᠮᠢᠯᠠᠯ ᠤᠨ ᠬᠦᠴᠦᠨ ᠢᠶᠠᠨ ᠤᠯᠵᠤ᠂ | ᠲᠦᠷᠪᠡᠨ ᠵᠦᠭ ᠨᠠᠢᠮᠠᠨ ᠵᠤᠪᠬᠢᠰ ᠤᠨ ᠵᠤᠭᠠᠴᠠᠭᠰᠠᠳ᠂ ᠮᠦᠷᠬᠦᠯᠴᠢᠳ ᠤᠨ ᠬᠠᠯᠠᠭᠤᠨ ᠬᠦᠷᠢᠶᠡᠯᠡᠯ ᠢ ᠤᠯᠤᠭᠰᠠᠨ ᠰᠢᠲᠢᠲᠤ ᠤᠮᠲᠠᠭᠠᠨ ᠪᠤᠯᠤᠭᠰᠠᠨ ᠪᠠᠶᠢᠨ᠎ᠠ᠃ | | | | | | | ᠪᠠ᠊ ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ | ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ | | | | | | | | |