ᠤᠷᠠᠨ ᠭᠡᠯᠡ ᠪᠠᠷ ᠢᠶᠠᠨ ᠤᠨᠤᠯ ᠢ ᠠᠮᠢᠯᠠᠭᠤᠯᠤᠭᠰᠠᠨ ᠠᠷᠠᠳ ᠤᠨ ᠪᠠᠭᠰᠢ — ᠸᠠᠩ ᠱᠦ ᠶᠢᠩ ᠢ ᠰᠣᠷᠪᠤᠯᠵᠢᠯᠠᠭᠰᠠᠨ ᠨᠢ
ᠨᠡᠶᠢᠲᠡᠯᠡᠭᠰᠡᠨ ᠴᠠᠭ᠄
2025/4/22
    ᠪᠠᠭᠰᠢ ᠭᠡᠵᠤ ᠤᠶᠤᠨ ᠤ ᠢᠠᠵᠧᠨᠧᠷ᠃ ᠪᠠᠭᠰᠢ ᠶᠢᠨ ᠠᠵᠢᠯ ᠰᠢᠷᠭᠠᠭᠤ ᠬᠠᠲᠠᠭᠤᠵᠢᠯᠲᠠᠢ ᠪᠠᠶᠢᠲᠠᠭ ᠢᠶᠠᠷ ᠬᠦᠮᠦᠨ ᠪᠤᠯᠭᠠᠨ ᠪᠠᠭᠰᠢ ᠪᠤᠯᠴᠢᠬᠠᠲᠠᠭ ᠪᠢᠰᠢ᠃ ᠪᠠᠭᠰᠢ ᠪᠤᠯᠤᠭᠰᠠᠳ ᠦᠷᠭᠡᠨ ᠮᠡᠲᠡᠯᠭᠡ ᠲᠠᠢ ᠪᠠᠶᠢᠬᠤ ᠪᠠᠷ ᠪᠠᠷᠠᠬᠤ ᠦᠭᠡᠢ ᠢᠯᠡᠳᠭᠡᠬᠦ ᠴᠢᠲᠠᠪᠤᠷᠢ ᠪᠠᠷ ᠰᠠᠶᠢᠨ ᠪᠠᠶᠢᠵᠤ᠂ ᠰᠤᠨᠤᠰᠤᠭᠴᠢᠳ ᠤᠨ ᠠᠩᠬᠠᠷᠤᠯ ᠢ ᠲᠠᠲᠠᠭᠰᠠᠨ ᠪᠠᠶᠢᠬᠤ ᠭᠡᠷᠡᠭᠲᠡᠢ᠃ ᠢᠯᠠᠩᠭᠤᠶ᠎ᠠ ᠤᠨᠤᠯ ᠤᠨ ᠪᠠᠭᠰᠢ ᠪᠤᠯᠤᠭᠰᠠᠳ ᠺᠠᠳ᠋ᠷ ᠤᠲᠤᠷᠢᠲᠤᠯᠭ᠎ᠠ ᠠᠴᠠ ᠡᠬᠢᠯᠡᠨ ᠮᠠᠯᠴᠢᠨ ᠲᠠᠷᠢᠶᠠᠴᠢᠨ ᠳᠤ ᠬᠦᠷᠲᠡᠯ᠎ᠠ ᠬᠢᠴᠢᠶᠠᠯ ᠤᠷᠤᠲᠠᠭ ᠠᠴᠠ ᠲᠦᠮᠡᠨ ᠤᠯᠠᠨ ᠤ ᠬᠦᠯᠢᠶᠡᠨ ᠠᠪᠬᠤ ᠴᠢᠲᠠᠪᠤᠷᠢ ᠶᠢᠨ ᠵᠦᠷᠢᠶ᠎ᠠ ᠶᠡᠭᠡᠲᠡᠢ ᠠᠴᠠ ᠨᠡᠩ ᠬᠦᠴᠢᠷ ᠪᠠᠶᠢᠵᠤ᠂ ᠡᠯ᠎ᠡ ᠵᠦᠢᠯ ᠤᠨ ᠮᠡᠲᠡᠯᠭᠡ᠂ ᠢᠯᠡᠳᠭᠡᠬᠦ ᠴᠢᠲᠠᠪᠤᠷᠢ ᠲᠤᠩ ᠱᠠᠭᠠᠷᠲᠠᠭᠲᠠᠲᠠᠭ ᠪᠠᠶᠢᠨ᠎ᠠ᠃    ᠸᠠᠩ ᠱᠦ ᠶᠢᠩ᠂ ᠤᠷᠠᠳ ᠤᠨ ᠲᠤᠮᠲᠠᠲᠤ ᠬᠤᠰᠢᠭᠤᠨ ᠤ ᠤᠬᠠᠭᠤᠯᠬᠤ ᠭᠡᠯᠲᠡᠰ ᠤᠨ ᠤᠨᠤᠯ ᠤᠨ ᠪᠠᠭᠰᠢ᠂ ᠤᠨᠤᠯ ᠤᠨ ᠪᠠᠭᠰᠢ ᠪᠤᠯᠤᠭᠰᠠᠨ 8 ᠵᠢᠯ ᠤᠨ ᠬᠤᠭᠤᠴᠠᠭᠠᠨ ᠳᠤ ᠤᠷᠠᠳ ᠤᠨ ᠲᠤᠮᠲᠠᠲᠤ ᠬᠤᠰᠢᠭᠤᠨ ᠤ ᠡᠯ᠎ᠠ ᠪᠠᠶᠢᠭᠤᠯᠭ᠎ᠠ ᠨᠢᠭᠡᠴᠡ᠂ ᠰᠤᠷᠭᠠᠭᠤᠯᠢ᠂ ᠨᠡᠶᠢᠭᠡᠮ ᠲᠤᠭᠤᠷᠢᠭ ᠠᠴᠠ ᠡᠬᠢᠯᠡᠨ ᠰᠤᠮᠤ ᠪᠠᠯᠭᠠᠰᠤ ᠭᠠᠴᠠᠭ᠎ᠠ ᠲᠤᠰᠬᠤᠨ ᠳᠤ ᠬᠦᠷᠲᠡᠯ᠎ᠠ ᠤᠯᠠ ᠮᠦᠷ ᠢᠶᠠᠨ ᠦᠯᠡᠲᠡᠭᠡᠭᠰᠡᠨ ᠶᠤᠮ ᠁    ᠪᠠᠶ᠋ᠬᠠᠤᠯᠠᠭᠠᠨ ᠰᠤᠮᠤᠨ ᠤ ᠨᠦᠬᠦᠷᠯᠡᠯ ᠭᠠᠴᠠᠭᠠᠨ ᠤ ᠬᠤᠷᠠᠯ ᠤᠨ ᠭᠡᠷ ᠲᠤ᠂ 300 ᠭᠠᠷᠤᠢ ᠮᠠᠯᠴᠢᠳ ᠬᠤᠷᠠᠯ ᠤᠨ ᠭᠡᠷ ᠲᠤ ᠲᠦᠬᠦᠷᠲᠡᠯ᠎ᠠ ᠰᠠᠭᠤᠯᠴᠠᠵᠠᠢ᠃ ᠡᠨᠡ ᠨᠢ ᠸᠠᠩ ᠪᠠᠭᠰᠢ ᠶᠢᠨ ᠤᠷᠤᠭᠰᠠᠨ ᠮᠢᠩᠭ᠎ᠠ ᠰᠢᠬᠠᠮ ᠲᠠᠯᠠᠪᠤᠷ ᠬᠢᠴᠢᠶᠠᠯ ᠤᠨ ᠨᠢᠭᠡ ᠪᠤᠯᠤᠨ᠎ᠠ᠃ ︽ᠪᠢ ᠴᠢᠨᠢ ᠬᠤᠶᠠᠷ ᠮᠦᠷᠦᠨ ᠲᠡᠭᠡᠷ᠎ᠡ ᠪᠠᠨ ᠬᠤᠭᠤᠰᠤᠨ ᠠᠮᠠ ᠪᠠᠨ ᠠᠪᠤᠭᠠᠳ ᠢᠷᠡᠭᠰᠡᠨ᠂ ᠲᠠ ᠨᠠᠷ ᠲᠠᠢ ᠬᠠᠮᠲᠤ ᠰᠤᠷᠤᠯᠴᠠᠬᠤ ᠪᠠᠷ ᠪᠠᠶᠢᠨ᠎ᠠ᠂ ᠲᠠᠷᠢᠶ᠎ᠠ ᠰᠠᠶᠢᠨ ᠤᠷᠭᠤᠪᠠᠯ ᠦᠭᠡᠷ ᠮᠠᠯ ᠲᠠᠷᠭᠤ ᠰᠠᠶᠢᠲᠠᠢ ᠭᠡᠲᠡᠭ︾ ᠶᠤᠮ ᠭᠡᠳ ᠬᠢᠴᠢᠶᠡᠯ ᠢᠶᠠᠨ ᠡᠬᠢᠯᠡᠬᠦᠯᠬᠦ ᠳᠤ ᠰᠤᠨᠤᠰᠤᠭᠴᠢᠳ ᠫᠦᠷ ᠭᠡᠲᠡᠯ᠎ᠠ ᠢᠨᠢᠶᠡᠯᠴᠡᠯ᠎ᠠ᠃ ᠬᠤᠶᠠᠷ ᠴᠠᠭ ᠤᠨ ᠬᠢᠴᠢᠶᠠᠯ ᠨᠢ ᠠᠮᠢᠲᠤᠯᠢᠭ᠂ ᠲᠠᠭᠤᠨ ᠤ ᠴᠢᠩᠭ᠎ᠠ ᠰᠤᠯᠠ ᠲᠤᠲᠤᠷᠬᠠᠢ᠂ ᠲᠠᠲᠠᠭᠰᠠᠨ ᠵᠢᠱᠢᠶ᠎ᠠ ᠨᠢ ᠦᠨᠡᠨ ᠪᠤᠲᠠᠲᠠᠢ᠂ ᠪᠤᠲᠠᠲᠤ ᠪᠠᠶᠢᠲᠠᠯ ᠳᠤ ᠨᠡᠶᠢᠴᠡᠭᠰᠡᠨ ᠪᠠᠶᠢᠲᠠᠭ ᠢᠶᠠᠷ ᠰᠤᠨᠤᠰᠤᠭᠴᠢᠳ ᠤᠨ ᠠᠩᠬᠠᠷᠤᠯ ᠢ ᠲᠠᠲᠠᠵᠤ᠂ ᠦᠶ᠎ᠠ ᠦᠶ᠎ᠠ ᠠᠯᠠᠭ᠎ᠠ ᠲᠠᠰᠢᠬᠤ ᠲᠠᠭᠤᠨ ᠯᠠ ᠬᠢᠴᠢᠶᠡᠯ ᠤᠨ ᠭᠡᠷ ᠤᠨ ᠨᠠᠮ ᠵᠢᠮ ᠢ ᠡᠪᠲᠠᠨ᠎ᠠ᠃ ︽ᠡᠨᠡ ᠪᠠᠭᠰᠢ ᠶᠢᠨ ᠬᠢᠴᠢᠶᠠᠯ ᠰᠤᠨᠤᠰᠪᠤᠷᠢᠲᠠᠢ᠂ ᠨᠢᠭᠡ ᠮᠡᠲᠡᠬᠦ ᠳᠤ ᠯᠠ ᠬᠤᠶᠠᠷ ᠴᠠᠭ ᠦᠩᠭᠡᠷᠡᠴᠢᠭᠡᠭᠰᠡᠨ ᠪᠠᠶᠢᠨ᠎ᠠ᠂ ᠤᠯᠠᠨ ᠶᠠᠭᠤᠮ᠎ᠠ ᠰᠤᠷᠤᠯ᠎ᠠ︾ ᠭᠡᠵᠤ ᠬᠢᠴᠢᠶᠡᠯ ᠤᠨ ᠲᠠᠷᠠᠭ᠎ᠠ ᠬᠦᠮᠦᠰ ᠤᠨ ᠶᠠᠷᠢᠯᠴᠠᠬᠤ ᠰᠤᠨᠤᠰᠲᠠᠨ᠎ᠠ᠃   ᠤᠨᠤᠯ ᠤᠨ ᠬᠢᠴᠢᠶᠡᠯ ᠢ ᠠᠮᠢᠲᠤᠯᠢᠭ ᠰᠠᠶᠢᠬᠠᠨ ᠤᠷᠤᠬᠤ ᠦᠭᠡᠢ ᠶᠤᠮ ᠪᠤᠯ ᠦᠨᠦᠷ ᠠᠮᠲᠠ ᠦᠭᠡᠢ ᠪᠠᠶᠢᠵᠤ᠂ ᠰᠤᠨᠤᠰᠤᠭᠴᠢᠳ ᠤᠨ ᠨᠤᠶᠢᠷ ᠢ ᠭᠦᠷᠭᠡᠨ᠂ ᠵᠢᠭᠠᠬᠤ ᠵᠤᠷᠢᠯᠭ᠎ᠠ ᠳᠤ ᠪᠠᠨ ᠬᠦᠷᠴᠦ ᠴᠢᠲᠠᠲᠠᠭ ᠦᠭᠡᠢ᠃ ᠸᠠᠩ ᠪᠠᠭᠰᠢ ᠡᠩ ᠤᠨ ᠴᠠᠭ ᠲᠤ ᠮᠠᠲ᠋ᠧᠷᠢᠶᠠᠯ ᠪᠠᠶᠢᠴᠠᠭᠠᠨ ᠦᠵᠡᠵᠦ᠂ ᠮᠡᠲᠡᠯᠭᠡ ᠬᠤᠷᠠᠮᠲᠤᠭᠤᠯᠬᠤ᠂ PPT ᠬᠢᠬᠦ᠂ ᠪᠤᠰᠤᠳ ᠨᠡᠷᠡᠲᠦ ᠪᠠᠭᠰᠢ ᠶᠢᠨ ᠬᠢᠴᠢᠶᠡᠯ ᠵᠢᠭᠠᠬᠤ ᠠᠷᠭ᠎ᠠ ᠶᠢ ᠰᠤᠷᠤᠯᠴᠠᠬᠤ᠂ ᠲᠤᠷᠰᠢᠨ ᠶᠠᠷᠢᠬᠤ ᠵᠡᠷᠭᠡ ᠪᠠᠷ ᠬᠢᠴᠢᠶᠠᠯ ᠢᠶᠠᠨ ᠨᠢᠮᠪᠠᠢ ᠪᠡᠯᠡᠳᠭᠡᠲᠡᠭ᠃ ︽ᠦᠪᠡᠷ  ᠢᠶᠠᠨ ᠦᠷᠭᠡᠨ ᠲᠡᠯᠭᠡᠷ ᠮᠡᠲᠡᠯᠭᠡ ᠲᠠᠢ ᠪᠠᠶᠢᠮᠠᠨᠵᠢᠨ ᠰᠠᠶ᠋ᠢ ᠦᠷᠦᠭᠡᠯ ᠪᠤᠰᠤᠳ ᠲᠤ ᠨᠡᠩ ᠤᠯᠠᠨ ᠮᠡᠲᠡᠯᠭᠡ ᠶᠢ ᠬᠦᠷᠲᠡᠭᠡᠵᠦ ᠴᠢᠲᠠᠨ᠎ᠠ︾ ᠭᠡᠲᠡᠭ ᠢ ᠪᠠᠭᠰᠢ ᠭᠠᠷᠤᠯ  ᠲᠠᠢ ᠲᠡᠷᠡ ᠮᠠᠨᠢ ᠪᠠᠲᠤ ᠴᠡᠭᠡᠵᠢᠯᠡᠭᠰᠡᠨ ᠪᠠᠶᠢᠲᠠᠭ᠃ ᠢᠯᠠᠩᠭᠤᠶ᠎ᠠ ᠨᠠᠮ ᠤᠨ ᠲᠡᠤᠭᠡ ᠶᠢᠨ ᠬᠢᠴᠢᠶᠠᠯ ᠢ ᠤᠷᠤᠬᠤ ᠳᠤ ᠶᠡᠭᠡ ᠭᠡᠮᠵᠢᠶᠠᠨ ᠤ ᠪᠡᠯᠡᠳᠭᠡᠯ ᠠᠵᠢᠯ ᠢ ᠨᠠᠷᠢᠨ ᠬᠢᠨᠠᠮᠠᠭᠠᠢ ᠬᠢᠵᠦ᠂ ᠤᠯᠠᠨ ᠲᠠᠯ᠎ᠠ ᠶᠢᠨ ᠮᠡᠲᠡᠯᠭᠡ ᠮᠠᠲ᠋ᠧᠷᠢᠶᠠᠯ ᠴᠤᠭᠯᠠᠭᠤᠯᠬᠤ ᠴᠢᠬᠤᠯᠠ ᠲᠠᠢ ᠪᠠᠶᠢᠲᠠᠭ ᠠᠴᠠ ᠰᠦᠨᠢ ᠲᠦᠯᠢ ᠪᠤᠯᠲᠠᠯ᠎ᠠ ᠠᠵᠢᠯᠯᠠᠲᠠᠭ‌ᠨᠢ ᠨᠢᠭᠡᠨᠲᠠ ᠵᠤᠷᠰᠢᠯ ᠪᠤᠯᠵᠠᠢ᠃ ᠲᠡᠬᠦᠨ ᠤ ᠬᠢᠴᠢᠶᠠᠯ ᠳᠤ ᠬᠠᠪᠤᠲᠤ ᠦᠭᠡ᠂ ᠵᠦᠢᠷ ᠰᠡᠴᠠᠨ ᠦᠭᠡ᠂ ᠶᠦᠮᠦᠷᠯᠢᠭ ᠦᠭᠡ ᠵᠡᠷᠭᠡ ᠶᠢ ᠤᠯᠠᠨ ᠪᠦᠭᠡᠳ ᠬᠠᠪᠤᠯᠢᠭ ᠭᠡᠷᠡᠭᠯᠡᠵᠦ᠂ ᠪᠤᠲᠠᠲᠤ ᠤᠴᠢᠷ ᠢᠶᠠᠷ ᠵᠢᠱᠢᠶ᠎ᠠ ᠲᠡᠲᠡᠵᠦ᠂ ᠦᠪᠡᠷᠮᠢᠴᠡ ᠰᠠᠶᠢᠬᠠᠨ ᠭᠡᠯᠡ ᠭᠡᠯᠡᠯᠭᠡ ᠪᠠᠷ ᠰᠤᠨᠤᠰᠤᠭᠴᠢᠳ ᠤᠨ ᠠᠩᠬᠠᠷᠤᠯ ᠢ ᠲᠠᠲᠠᠨ ᠨᠢᠵᠢᠬᠢᠨᠡᠭᠰᠡᠨ ᠠᠯᠠᠭ᠎ᠠ ᠲᠠᠰᠢᠯᠲᠠ ᠶᠢ ᠤᠯᠠᠨᠲᠠ ᠬᠦᠯᠢᠶᠡᠭᠰᠡᠨ ᠪᠢᠯᠡ᠃ ᠲᠡᠬᠦᠨ ᠤ ᠬᠢᠴᠢᠶᠡᠯ ᠨᠢ ᠨᠠᠮ ᠤᠨ ᠲᠡᠤᠭᠡ᠂ ᠤᠨᠤᠯ᠂ ᠠᠵᠤ ᠠᠬᠤᠢ ᠶᠢᠨ ᠬᠦᠭᠵᠢᠯᠲᠡ᠂ ᠶᠠᠲᠠᠭᠤ ᠠᠴᠠ ᠠᠩᠬᠢᠵᠢᠷᠠᠭᠤᠯᠬᠤ᠂ ᠪᠤᠬᠢᠷᠲᠤᠯ ᠢ ᠰᠡᠷᠭᠡᠶᠢᠯᠡᠨ ᠵᠠᠰᠠᠬᠤ᠂ ᠭᠡᠷ ᠪᠦᠯᠢ ᠶᠢᠨ ᠶᠤᠰᠤ ᠰᠤᠷᠲᠠᠬᠤᠨ᠂ ᠤᠯᠠᠮᠵᠢᠯᠠᠯᠲᠤ ᠰᠤᠶᠤᠯ ᠵᠡᠷᠭᠡ ᠤᠯᠠᠨ ᠬᠦᠷᠢᠶ᠎ᠠ ᠭᠡᠪᠴᠢᠶ᠎ᠠ ᠶᠢ  ᠪᠠᠭᠲᠠᠭᠠᠭᠰᠠᠨ ᠪᠠᠶᠢᠲᠠᠭ᠃    ᠸᠠᠩ ᠪᠠᠭᠰᠢ ᠵᠢᠯ ᠪᠦᠷᠢ ᠲᠡᠭᠰᠢᠳᠭᠡᠭᠡᠳ 80 ᠭᠠᠷᠤᠢ ᠤᠲᠠᠭ᠎ᠠ ᠤᠨᠤᠯ ᠤᠨ ᠬᠢᠴᠢᠶᠠᠯ ᠤᠷᠤᠵᠤ᠂ ᠬᠢᠴᠢᠶᠡᠯᠯᠡᠬᠦ ᠤᠷᠢᠯᠭ᠎ᠠ ᠢᠷᠡᠲᠡᠭ ᠯᠠ ᠶᠤᠮ ᠪᠤᠯ ᠭᠡᠲᠦᠢ ᠶᠠᠭᠠᠷᠠᠤ ᠪᠠᠶᠢᠭᠰᠠᠨ ᠴᠦ ᠵᠠᠪᠠᠯ ᠴᠠᠭ ᠲᠤ ᠪᠠᠨ ᠤᠴᠢᠲᠠᠭ ᠪᠠᠶᠢᠨ᠎ᠠ᠃ 2017 ᠤᠨ ᠤ ᠡᠪᠤᠯ ᠬᠦᠨᠲᠦ ᠲᠠᠭᠰᠢᠭᠤᠷ ᠲᠤ ᠨᠡᠷᠪᠡᠭᠲᠡᠭᠡᠳ ᠡᠮᠨᠡᠯᠭᠡ ᠳᠤ ᠡᠮ  ᠶᠡᠭᠦᠯᠡᠭᠦᠯᠵᠦ ᠪᠠᠶᠢᠲᠠᠯ᠎ᠠ ᠭᠠᠭᠴᠠᠮᠤᠲᠤ ᠪᠠᠯᠭᠠᠰᠤᠨ ᠤ ᠤᠲᠠᠰᠤ ᠢᠷᠡᠵᠦ᠂ ︽ᠦᠲᠡ ᠶᠢᠨ ᠬᠤᠶᠢᠨ᠎ᠠ ᠮᠠᠯᠴᠢᠳ ᠲᠤ ᠬᠢᠴᠢᠶᠠᠯ ᠤᠷᠤᠭᠠᠳ ᠦᠭᠬᠦᠨ᠎ᠠ ᠤᠤ︖︾ ᠭᠡᠬᠦ ᠳᠤ ᠸᠠᠩ ᠪᠠᠭᠰᠢ ᠶᠠᠮᠡᠷ ᠴᠦ ᠰᠢᠯᠲᠠᠭ ᠡᠷᠢᠯ ᠦᠭᠡᠢ ᠬᠦᠯᠢᠶᠡᠨ ᠠᠪᠤᠭᠰᠠᠨ ᠶᠤᠮ᠃ ᠴᠠᠭ ᠢᠶᠠᠨ ᠬᠠᠷᠠᠬᠤ ᠳᠤ ᠡᠮ ᠢᠶᠠᠨ ᠶᠡᠭᠦᠯᠡᠭᠦᠯᠵᠦ ᠪᠠᠷᠠᠪᠠᠯ ᠵᠠᠪᠲᠤᠬᠤ ᠦᠭᠡᠢ ᠪᠤᠯᠤᠭᠰᠠᠨ ᠳᠤ᠂ ᠰᠤᠪᠢᠯᠠᠭᠴᠢ ᠶᠢ ᠲᠠᠭᠤᠲᠠᠨ ᠡᠮ  ᠶᠡᠭᠦᠯᠡᠬᠦᠯᠬᠦ ᠪᠠᠨ ᠵᠤᠭᠰᠤᠭᠠᠵᠤ᠂ ᠺᠣᠮᠫᠢᠦ᠋ᠲ᠋ᠧᠷ᠂ ᠵᠢᠭᠠᠬᠤ ᠲᠦᠯᠦᠪᠯᠡᠭᠡ ᠵᠡᠷᠭᠡ ᠪᠠᠨ ᠠᠪᠤᠭᠠᠳ ᠲᠠᠷᠤᠢ  ᠳᠤᠨᠢ ᠮᠤᠷᠲᠠᠯ᠎ᠠ᠃ ︽ᠮᠠᠯᠵᠢᠬᠤ ᠤᠷᠤᠨ ᠦᠷᠭᠡᠨ ᠠᠭᠤᠲᠠᠮ᠂ ᠮᠠᠯᠴᠢᠳ ᠢ ᠨᠢᠭᠡ ᠤᠲᠠᠭ᠎ᠠ ᠲᠦᠪᠯᠡᠷᠡᠬᠦᠯᠵᠦ ᠪᠠᠶᠢᠭᠠᠳ ᠬᠢᠴᠢᠶᠡᠯ ᠰᠤᠨᠤᠰᠤᠭᠤᠯᠬᠤ ᠭᠡᠵᠤ ᠲᠡᠶᠢᠮᠦ ᠬᠢᠯᠪᠡᠷ ᠪᠢᠰᠢ᠂ ᠲᠡᠶᠢᠮᠦ ᠳᠤ ᠪᠠᠨ ᠪᠢ ᠡᠷᠭᠡᠪᠰᠢ ᠤᠴᠢᠬᠤ ᠭᠡᠷᠡᠭᠲᠡᠢ︾ ᠭᠡᠪᠡ᠃ ᠲᠠᠪᠢ ᠬᠦᠷᠦᠭᠡ ᠨᠢᠭᠡᠨ ᠡᠮᠡᠭᠲᠡᠢ ᠬᠦᠮᠦᠨ ᠳᠤ ᠠᠪᠴᠤ ᠭᠡᠯᠡᠪᠡᠯ ᠢᠩᠬᠢᠵᠦ ᠬᠠᠯᠠᠭᠤᠨ ᠰᠡᠳᠬᠢᠯ ᠢᠶᠠᠷ ᠠᠵᠢᠯᠯᠠᠨ᠎ᠠ ᠭᠡᠵᠤ ᠲᠡᠶᠢᠮᠦ ᠬᠢᠯᠪᠡᠷ ᠶᠠᠪᠤᠲᠠᠯ ᠪᠢᠰᠢ᠂ ᠭᠡᠴᠢᠨᠠᠨ ᠵᠢᠯ ᠢ ᠨᠢᠭᠡ ᠡᠲᠦᠷ ᠠᠲᠠᠯᠢ ᠪᠠᠷᠢᠮᠲᠠᠯᠠᠨ᠎ᠠ ᠭᠡᠵᠤ ᠨᠡᠩ ᠴᠦ ᠬᠦᠴᠢᠷ᠃     ᠸᠠᠩ ᠪᠠᠭᠰᠢ ᠶᠢᠨ ᠰᠢᠷᠭᠠᠭᠤ ᠬᠦᠲᠡᠯᠮᠦᠷᠢ ᠬᠠᠲᠠᠭᠤᠵᠢᠯᠲᠠᠢ ᠴᠢᠷᠮᠠᠶᠢᠯᠭ᠎ᠠ ᠪᠠᠷ ᠲᠡᠮᠵᠢᠨ ᠤᠷᠠᠳ ᠤᠨ ᠲᠤᠮᠲᠠᠲᠤ ᠬᠤᠰᠢᠭᠤ ᠨᠢ ︽ᠦᠪᠡᠷᠲᠡᠭᠡᠨ ᠵᠠᠰᠠᠬᠤ ᠤᠷᠤᠨ ᠤ ᠦᠨᠲᠦᠰᠦᠨ ᠱᠠᠲᠤᠨ ᠤ ᠤᠬᠠᠭᠤᠯᠤᠨ ᠲᠠᠶᠢᠯᠪᠤᠷᠢᠯᠠᠬᠤ ᠰᠢᠯᠢᠲᠡᠭ ᠵᠤᠬᠢᠶᠠᠨ ᠪᠠᠶᠢᠭᠤᠯᠤᠯᠲᠠ︾ ︽ᠪᠠᠶᠠᠠᠨᠠᠭᠤᠷ ᠬᠤᠲᠠ ᠶᠢᠨ ᠰᠢᠯᠢᠲᠡᠭ ᠤᠬᠠᠭᠤᠯᠤᠨ ᠲᠡᠶᠢᠯᠪᠦᠷᠢᠯᠡᠬᠤ ᠬᠤᠪᠢᠶᠠᠷᠢ ᠠᠩᠬᠢ︾ ᠵᠡᠷᠭᠡ ᠪᠠᠷ ᠦᠨᠡᠯᠡᠭᠲᠡᠵᠦ᠂ ᠲᠡᠷᠡ ᠦᠪᠡᠷ ᠢᠶᠠᠨ ᠴᠦ ︽ᠦᠪᠡᠷᠲᠡᠭᠡᠨ ᠵᠠᠰᠠᠬᠤ ᠤᠷᠤᠨ ᠤ ᠰᠢᠯᠢᠲᠡᠭ ᠤᠬᠠᠭᠤᠯᠤᠨ ᠲᠡᠶᠢᠯᠪᠦᠷᠢᠯᠠᠭᠴᠢ︾ ︽ᠪᠠᠶᠠᠠᠨᠠᠭᠤᠷ ᠬᠤᠲᠠ ᠶᠢᠨ ᠦᠨᠲᠦᠰᠤᠨ ᠱᠠᠲᠤᠨ ᠤ ᠰᠢᠯᠢᠲᠡᠭ ᠤᠬᠠᠭᠤᠯᠤᠨ ᠲᠠᠶᠢᠯᠪᠤᠷᠢᠯᠠᠭᠴᠢ︾ ︽ᠪᠠᠶᠠᠠᠨᠠᠭᠤᠷ ᠬᠤᠲᠠ ᠶᠢᠨ ᠦᠨᠲᠦᠰᠤᠨ ᠱᠠᠲᠤᠨ ᠤ ᠤᠨᠤᠯ ᠤᠨ ᠤᠬᠠᠭᠤᠯᠭ᠎ᠠ ᠶᠢᠨ ᠲᠡᠷᠢᠬᠦᠨ ᠤ ᠬᠤᠪᠢ ᠬᠦᠮᠦᠨ︾ ︽ᠤᠷᠠᠳ ᠤᠨ ᠲᠤᠮᠲᠠᠲᠤ ᠬᠤᠰᠢᠭᠤᠨ ᠤ ᠰᠢᠯᠢᠲᠡᠭ ᠨᠠᠮ ᠤᠨ ᠠᠵᠢᠯᠲᠠᠨ︾︽ᠤᠷᠠᠳ ᠤᠨ ᠲᠤᠮᠲᠠᠲᠤ ᠬᠤᠰᠢᠭᠤᠨ ᠤ ᠶᠤᠰᠤ ᠰᠤᠷᠲᠠᠬᠤᠨ ᠤ ᠲᠠᠭᠤᠷᠢᠶᠠᠯ︾ ᠵᠡᠷᠭᠡ ᠱᠠᠩᠨᠠᠯ ᠬᠦᠬᠢᠬᠦᠯᠦᠯ ᠢ ᠬᠦᠷᠲᠡᠨ᠂ ︽ᠦᠪᠡᠷᠲᠡᠭᠡᠨ ᠵᠠᠰᠠᠬᠤ ᠤᠷᠤᠨ ᠤ ᠠᠷᠠᠳ ᠤᠨ ᠤᠷᠠᠨ ᠭᠡᠯᠡᠲᠠᠨ︾ ︽ᠪᠠᠶᠠᠠᠨᠠᠭᠤᠷ ᠬᠤᠲᠠ ᠶᠢᠨ ᠠᠷᠠᠳ ᠤᠨ ᠤᠷᠠᠨ ᠭᠡᠯᠡᠲᠠᠨ︾  ᠭᠡᠮᠡᠬᠦ ᠴᠤᠯᠠ ᠬᠦᠷᠲᠡᠨ᠂ ᠬᠢᠯᠠᠯᠵᠠᠭᠰᠠᠨ ᠠᠮᠵᠢᠯᠲᠠ ᠶᠢ ᠤᠯᠤᠭᠰᠠᠨ ᠶᠤᠮ᠃                                                                         ᠪᠠ᠊ ᠊ ᠪᠦᠬᠡ  ᠶᠢᠨ ︽ᠬᠠᠶᠢᠷ᠎ᠠ  ᠪᠠᠷ ᠢᠪᠢᠯᠬᠦ ᠬᠤᠷᠸ᠎ᠠ︾ ᠭᠡᠬᠦ                                                        ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ      
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ