︽ᠬᠦᠭᠡ ᠰᠤᠶᠤᠯ︾ ᠤᠨ ︽ᠡᠪᠦᠭᠡᠨ ᠰᠢᠪᠠᠭᠤ》— ᠪᠤᠷᠵᠢᠬᠢᠨ ᠸᠠᠩᠵᠢᠯ ᠪᠠᠭᠰᠢ ᠶᠢ ᠰᠣᠷᠪᠤᠯᠵᠢᠯᠠᠭᠰᠠᠨ ᠨᠢ
ᠨᠡᠶᠢᠲᠡᠯᠡᠭᠰᠡᠨ ᠴᠠᠭ᠄
2025/4/22
     ᠮᠤᠩᠭᠤᠯ ᠨᠤᠲᠤᠭ ᠤᠨ ᠬᠠᠯᠠᠭᠤᠨ ᠬᠦᠷᠦᠰᠦᠨ ᠳᠤ ᠪᠦᠪᠡᠶᠢᠯᠡᠭᠲᠡᠵᠦ᠂ ᠮᠤᠩᠭᠤᠯ ᠨᠤᠲᠤᠭ ᠤᠨ ᠴᠡᠪᠠᠷ ᠠᠭᠠᠷ ᠢ ᠠᠮᠢᠰᠬᠤᠵᠤ᠂ ᠮᠤᠩᠭᠤᠯ ᠨᠤᠲᠤᠭ ᠤᠨ ᠰᠢᠪᠡᠷᠡᠭᠡ ᠬᠤᠷ᠎ᠠ ᠳᠤᠨᠢ ᠤᠮᠲᠠᠯᠠᠭᠲᠠᠵᠤ ᠦᠰᠦᠭᠰᠡᠨ ᠤ ᠬᠠᠷᠢᠭᠤ ᠳᠤ᠂ ᠦᠨᠲᠦᠰᠦᠲᠡᠨ ᠤ ᠪᠠᠨ ᠰᠤᠶᠤᠯ ᠰᠤᠷᠭᠠᠨ ᠬᠦᠮᠦᠵᠢᠯ ᠤᠨ ᠦᠢᠯᠡᠰ ᠲᠤ ᠶᠠᠭᠤ ᠨᠢᠭᠡ ᠶᠢ ᠰᠡᠲᠦᠵᠦ᠂ ᠶᠠᠭᠤ ᠨᠢᠭᠡ ᠶᠢ ᠪᠦᠲᠦᠭᠡᠵᠦ ᠶᠠᠪᠤᠨ᠎ᠠ ᠭᠡᠬᠦ ᠨᠢ ᠨᠢᠭᠡ ᠵᠦᠢᠯ ᠤᠨ ᠠᠵᠠ ᠵᠢᠷᠭᠠᠯ ᠭᠡᠵᠤ ᠦᠵᠡᠲᠡᠭ ᠪᠤᠯ᠂ ᠡᠬᠦᠨ ᠤ ᠲᠦᠯᠦᠭᠡ ᠨᠠᠰᠤ ᠪᠠᠷ ᠢᠶᠠᠨ ᠵᠢᠳᠬᠦᠵᠦ ᠶᠠᠪᠤᠨ᠎ᠠ ᠭᠡᠵᠤ ᠪᠠᠰᠠ ᠵᠦᠢᠯ ᠤᠨ ᠤᠶᠤᠨ ᠰᠠᠨᠠᠭᠠᠨ ᠤ ᠨᠢᠭᠤᠴᠠᠬᠠᠢ ᠬᠦᠴᠦᠨ ᠤ ᠤᠨᠲᠤᠷᠤᠯ ᠭᠡᠵᠤ ᠬᠡᠯᠡᠯᠲᠡᠢ᠃ ᠨᠠᠶᠢᠷ ᠤᠨ ᠲᠠᠯᠠᠪᠠᠢ ᠳᠤ ᠬᠦᠭ ᠨᠡᠮᠡᠨ᠂ ᠨᠠᠭᠠᠲᠤᠮᠴᠢᠨ ᠤᠯᠠᠨ ᠢᠶᠠᠨ ᠪᠠᠶᠠᠰᠬᠠᠵᠤ ᠶᠠᠪᠤᠭᠰᠠᠨ ᠤᠮᠤᠭᠰᠢᠯᠲᠤ ᠮᠦᠴᠡ ᠲᠠᠢ᠂ ᠰᠤᠲᠤ ᠰᠠᠶᠢᠬᠠᠨ ᠨᠤᠮ ᠵᠤᠬᠢᠶᠠᠯ ᠢᠶᠠᠷ ᠢᠶᠠᠨ ᠰᠤᠶᠤᠯ ᠤᠨ ᠦᠢᠯᠡᠰ ᠲᠤ ᠰᠢᠭᠤᠷᠬᠠᠶᠢᠯᠠᠵᠤ ᠶᠠᠪᠤᠭᠰᠠᠨ ᠬᠢᠯᠪᠠᠭᠠᠲᠤ ᠲᠡᠦᠭᠡ ᠲᠠᠢ᠂ ᠨᠠᠨᠲᠢᠨ ᠲᠤᠷᠰᠢᠯᠭ᠎ᠠ ᠰᠤᠷᠭᠠᠮᠵᠢ ᠪᠠᠨ ᠨᠡᠶᠢᠲᠡ ᠤᠯᠠᠨ ᠳᠠᠭᠠᠨ ᠬᠠᠶᠢᠷᠠᠯᠠᠵᠤ ᠶᠠᠪᠤᠭ᠎ᠠ ᠨᠠᠶᠠᠨ ᠨᠠᠰᠤᠲᠠᠢ ᠪᠤᠭᠤᠷᠤᠯ ᠪᠠᠭᠰᠢ ᠪᠤᠷᠵᠢᠬᠢᠨ ᠸᠠᠩᠵᠢᠯ ᠭᠡᠵᠤ ᠲᠤᠷᠠᠳᠬᠤ ᠳᠤ ᠤᠷᠠᠳ ᠨᠤᠲᠤᠭ ᠠᠴᠠ ᠤᠯᠤᠰ ᠬᠦᠷᠦᠨ ᠲᠠᠮᠵᠢᠭᠰᠠᠨ ᠴᠦ ᠲᠠᠨᠢᠵᠦ ᠮᠡᠲᠡᠲᠡᠭ ᠬᠦᠮᠦᠨ ᠮᠤᠩ ᠦᠭᠡᠢ ᠤᠯᠠᠨ ᠪᠠᠶᠢᠲᠠᠭ᠃    ᠤᠷᠤᠭ᠎ᠠ ᠪᠤᠰᠤᠭ᠎ᠠ ᠨᠡᠶᠢᠭᠡᠮ ᠳᠤ ᠬᠠᠷ᠎ᠠ ᠪᠠᠭ᠎ᠠ ᠨᠠᠰᠤ ᠪᠠᠨ ᠬᠠᠯᠠᠭᠤᠨ ᠴᠢᠯᠠᠭᠤ ᠲᠤᠯᠢᠶᠠᠯᠭᠠᠵᠤ᠂ ᠠᠯᠠᠭ ᠬᠤᠷᠸ᠎ᠠ ᠶᠢᠨ ᠠᠮᠢᠲᠤᠷᠠᠯ ᠤᠨ ᠬᠠᠯᠠ ᠭᠡᠲᠡᠭ ᠢ ᠲᠠᠩᠴᠦ ᠡᠷᠲᠡ ᠡᠳ᠋ᠯᠡᠨ᠂ ᠦᠪᠡᠷ ᠤᠨ ᠬᠦᠰᠡᠯᠡᠩ ᠢᠶᠠᠨ ᠪᠡᠶᠡᠯᠡᠬᠦᠯᠬᠦ ᠭᠡᠵᠤ ᠵᠦᠷᠢᠭᠦᠳᠯᠡᠵᠦ ᠶᠠᠪᠤᠭᠰᠠᠨ ᠁    ᠪᠤᠷᠵᠢᠬᠢᠨ ᠸᠠᠩᠵᠢᠯ ᠬᠠᠷᠠᠬᠴᠢᠨ ᠲᠠᠬᠢᠶ᠎ᠠ ᠵᠢᠯ(1933 ᠣᠨ) ᠲᠠᠢ᠂ ᠪᠠᠭᠠᠷᠢᠨ ᠵᠡᠬᠦᠨ ᠬᠤᠰᠢᠭᠤᠨ ᠤ ᠴᠠᠭᠠᠨ ᠬᠠᠳᠠ ᠰᠣᠮᠣᠨ ᠤ ᠪᠤᠷᠵᠢᠬᠢᠨ ᠣᠪᠣᠬᠳᠣ ᠪᠠᠭᠠᠷᠠᠩ ᠤᠨ ᠥᠷ᠎ᠡ ᠶᠢᠨ ᠭᠠᠭᠴᠠ ᠬᠥᠣ ᠨᠢ ᠪᠤᠯᠵᠤ ᠵᠠᠶᠠᠭᠠᠵᠠᠢ᠃ ᠪᠠᠭ᠎ᠠ ᠪᠠᠯᠴᠢᠷ ᠲᠣᠯᠣᠭᠠᠨ ᠨᠠᠰᠣᠨ ᠠᠴᠠ ᠪᠠᠨ ᠬᠡᠷ ᠤᠨ ᠰᠣᠷᠭᠠᠭᠤᠯᠢ ᠳᠤ ᠬᠤᠶᠠᠷ ᠵᠢᠯ ᠬᠡᠯᠡ ᠪᠢᠴᠢᠭ ᠰᠣᠷᠣᠯᠴᠠᠵᠣ᠂ ᠠᠷᠪᠠᠨ ᠭᠤᠷᠪᠠᠳᠠᠢ ᠵᠢᠯ ᠳᠤᠨᠢ ᠬᠠᠮᠤᠭ ᠰᠡᠬᠦᠯᠴᠢ ᠶᠢᠨ ᠭᠠᠵᠠᠷ ᠰᠢᠷᠣᠢ ᠶᠢᠨ ᠥᠬᠡᠷᠡᠴᠢᠯᠡᠯᠳᠡ ᠳᠤ ᠬᠠᠮᠤᠷᠣᠬᠳᠠᠭᠠᠳ ︽ᠪᠠᠶᠠᠨ ᠮᠠᠯᠴᠢᠨ︾  ᠤ ᠲᠤᠭᠠᠨ ᠳᠤ ᠤᠷᠤᠵᠠᠢ᠃   ᠠᠪᠤ ᠨᠢ ᠤᠤᠯ ᠠᠴᠠ ᠪᠠᠨ ᠪᠢᠴᠢᠭ ᠥᠰᠥᠭ ᠲᠠᠢ᠂ ᠨᠣᠳᠤᠭ ᠤᠨ ᠠᠶᠢᠯ ᠡᠷᠥᠬᠡ ᠳᠡᠭᠡᠨ ᠬᠥᠠᠳᠥᠳᠠᠢ ᠲᠣᠮᠣᠭᠠᠳᠠᠨ ᠪᠠᠶᠢᠵᠤ᠂ ᠥᠬᠡᠷ᠎ᠡ ᠠᠶᠢᠯ ᠤᠨ ᠰᠣᠷᠭᠠᠭᠤᠯᠢ  ᠳᠤ ᠪᠠᠭᠰᠢᠯᠠᠵᠤ ᠰᠢᠯᠵᠢᠭᠰᠡᠨ ᠢᠶᠠᠷ ᠬᠡᠷ ᠤᠨ ᠪᠥᠬᠦ ᠠᠮᠢᠳᠣᠷᠠᠯ ᠤᠨ ᠡᠬᠦᠷᠬᠡ ᠬᠢᠬᠡᠳ ᠣᠯᠣᠰ ᠲᠥᠷᠣ ᠶᠢᠨ ᠲᠠᠷᠣᠭᠠᠰᠣ ᠪᠥᠷ ᠸᠠᠩᠵᠢᠯ ᠤᠨ ᠮᠥᠷᠥᠨ ᠲᠡᠬᠡᠷ᠎ᠡ ᠤᠨᠤᠭᠲᠠᠨ᠂ ᠥᠯᠡᠳᠡᠬᠡᠵᠣ ᠥᠭᠬᠦᠭᠰᠡᠨ ᠭᠠᠭᠴᠠ ᠥᠬᠡᠷ ᠲᠡᠷᠬᠡ ᠪᠠᠨ  ᠬᠡᠯᠢᠵᠦ ᠬᠥᠳᠡᠭᠡ ᠠᠴᠠ ᠠᠷᠭᠠᠯ ᠲᠠᠬᠦᠵᠣ᠂ ᠲᠥᠯᠡᠭᠡ ᠲᠡᠬᠡᠬᠡᠵᠣ ᠬᠤᠳᠠᠯᠳᠣᠬᠤ ᠪᠤᠶᠤ ᠡᠵᠢ ᠨᠠᠭᠤᠷ ᠲᠤ ᠠᠶᠠᠯᠠᠨ ᠨᠣᠳᠤᠭ ᠣᠰᠣᠨ ᠤ ᠠᠶᠠᠨᠴᠢᠨ ᠲᠠᠢ ᠠᠵᠢᠯ ᠬᠤᠷᠰᠢᠵᠣ ᠲᠠᠪᠣᠰᠣ ᠲᠡᠬᠡᠬᠡᠬᠦ ᠪᠠᠷ ᠶᠠᠪᠤᠳᠠᠭ ᠪᠠ ᠪᠠᠰᠠ ᠨᠠᠮᠤᠬ᠎ᠠ ᠲᠠᠷᠢᠶ᠎ᠠ ᠲᠠᠷᠢᠬᠤ ᠵᠡᠷᠬᠡᠪᠡᠷ ᠡᠵᠢ ᠪᠤᠯᠤᠨ ᠡᠬᠡᠴᠢ ᠳᠡᠭᠡᠨ ᠲᠣᠰᠠᠯᠠᠨ ᠵᠦᠲᠡᠬᠦᠭᠡᠨ ᠠᠮᠢᠳᠣᠷᠠᠵᠣ ᠪᠠᠶᠢᠵᠠᠢ᠃   ᠠᠶᠠᠨ ᠵᠢᠩ ᠳᠤ ᠶᠠᠪᠤᠬᠤ ᠳᠠᠭᠠᠨ ᠭᠠᠯ ᠤᠨ ᠲᠠᠬᠦᠤ ᠨᠢ ᠪᠤᠯᠵᠤ ᠬᠠᠰᠢᠷ ᠠᠶᠠᠨᠴᠢᠳ ᠤᠨ ᠭᠠᠷ ᠤᠨ ᠥᠵᠥᠬᠦᠷ ᠲᠤ ᠪᠤᠰᠤᠭ᠎ᠠ ᠱᠣᠭᠰᠢᠭ᠎ᠠ ᠪᠠᠷ ᠬᠥᠶᠣᠨ᠎ᠡ᠃ ᠨᠡᠩ ᠢᠯᠠᠩᠭᠤᠶ᠎ᠠ ︽ᠪᠠᠶᠠᠨ ᠮᠠᠯᠴᠢᠨ︾ ᠤ ᠬᠥᠤ ᠪᠤᠯᠬᠤᠷ ᠬᠡᠯᠡᠬᠦ ᠶᠠᠭᠤᠨ᠃ ᠠᠶᠠᠨ ᠵᠢᠩ ᠪᠠᠭᠤᠬᠰᠠᠭᠠᠷ ᠯᠡ ᠤᠰᠣ ᠠᠪᠴᠢᠷᠠᠬᠤ᠂ ᠲᠥᠯᠡᠰᠢ ᠲᠡᠬᠦᠬᠦ᠂ ᠭᠤᠷᠪᠠᠨ ᠴᠢᠯᠠᠭᠤ ᠲᠣᠯᠬᠤ᠂ ᠡᠰᠡᠬᠦᠯ᠎ᠡ ᠭᠠᠵᠠᠷ ᠲᠤ ᠨᠥᠬᠡᠨ ᠵᠣᠤᠬ᠎ᠠ ᠮᠠᠯᠳᠠᠬᠤ᠂ ᠬᠤᠯᠠᠲᠤᠭᠰᠠᠨ ᠥᠬᠡᠷ ᠢ ᠡᠷᠬᠢᠬᠦᠯᠵᠦ᠂ ᠴᠠᠢ ᠪᠤᠳᠠᠭᠠᠨ ᠤ ᠦᠯᠡᠲᠡᠵᠦ ᠲᠤᠰᠤᠭᠰᠠᠨ ᠢᠶᠠᠷ  ᠨᠢ ᠬᠤᠲᠤᠭᠤᠲᠤ ᠭᠡᠲᠡᠰᠤ ᠪᠠᠨ ᠬᠠᠭᠠᠰ ᠲᠦᠭᠦᠷᠭᠡᠨ ᠪᠥᠭᠰᠡ ᠰᠢᠷᠥᠶᠢᠳᠠᠯᠬᠦᠢ ᠱᠣᠭᠰᠢᠳᠠᠭ ᠪᠠᠶᠢᠯ᠎ᠠ᠃ ᠵᠤᠨ ᠨᠠᠮᠤᠷ ᠤᠨ ᠠᠶᠠᠨ ᠵᠢᠩ ᠬᠡᠪᠡᠯ ᠡᠷᠳᠡᠯᠡᠵᠣ ᠣᠷᠣᠶᠢᠳᠠᠬᠤ ᠨᠢ ᠨᠡᠩ ᠬᠡᠴᠡᠭᠦᠦ ᠪᠤᠯᠵᠤ᠂ ᠵᠠᠯᠠᠭᠤ ᠬᠥᠮᠥᠨ ᠨᠣᠶᠢᠷ ᠲᠤᠲᠠᠬᠤ ᠬᠡᠭᠴᠢ ᠬᠤᠭᠤᠯᠠ ᠥᠬᠡᠢ ᠠᠴᠠ ᠲᠣᠯᠣᠭᠠᠨ ᠲᠣᠣᠷ᠎ᠠ ᠪᠠᠶᠢᠵᠤ᠂ ᠥᠶᠡᠷ ᠤᠨ ᠣᠰᠣ ᠬᠡᠪᠳᠡᠷᠢ ᠲᠣᠭᠤᠣᠷ ᠣᠷᠣᠰᠴᠣ ᠪᠠᠶᠢᠬᠤ ᠶᠢ ᠮᠡᠳᠡᠯ ᠥᠬᠡᠢ ᠣᠠᠳᠠᠵᠣ᠂ ᠭᠠᠷᠰᠢᠭᠰᠠᠨ ᠥᠬᠡᠷ ᠪᠠᠭᠤᠴᠠᠨ ᠳᠠᠭᠠᠨ ᠬᠥᠷᠣᠬᠡᠳ ᠵᠣᠬᠰᠣᠴᠢᠬᠠᠬᠰᠠᠨ ᠪᠠᠶᠢᠬᠤ ᠶᠢ ᠨᠢ ᠮᠡᠲᠡᠯ ᠥᠬᠡᠢ ᠭᠠᠯ ᠤᠨ ᠠᠬ᠎ᠠ ᠪᠠᠷ ᠵᠣᠳᠣᠭᠳᠠᠵᠣ᠂ ᠭᠠᠢ ᠢᠷᠡᠪᠡᠯ ᠭᠠᠭᠴᠠ ᠪᠢᠰᠢ ᠬᠡᠭᠴᠢ ᠪᠠᠷ ᠣᠠᠳᠠᠵᠤ ᠵᠣᠳᠣᠭᠳᠠᠵᠣ ᠵᠤᠪᠠᠯᠠᠩ ᠤᠨ ᠲᠡᠬᠡᠷ᠎ᠡ ᠤᠲᠠᠭᠠᠨ ᠡᠲᠦᠷ ᠬᠤᠪᠴᠠᠰᠤ ᠪᠠᠨ ᠰᠤᠯᠢᠵᠤ ᠪᠡᠶ᠎ᠡ ᠪᠠᠨ ᠤᠬᠢᠶᠠᠭᠰᠠᠨ ᠦᠭᠡᠢ ᠠᠴᠠ ᠪᠦᠭᠡᠰᠦᠨ ᠳᠤ ᠪᠠᠷᠢᠭᠲᠠᠨ᠂ ᠵᠠᠭᠠᠳᠣᠨᠠᠵᠣ ᠮᠠᠭᠠᠵᠢᠭᠰᠠᠨ ᠤ ᠳ᠋ᠦᠩ ᠳᠤ ᠰᠢᠷᠬ᠎ᠠ ᠰᠣᠷᠪᠢ ᠤᠯᠤᠭᠰᠠᠨ ᠠᠴᠠ ᠵᠤᠪᠠᠭᠤᠷᠢ ᠬᠡᠵᠣ ᠬᠡᠯᠡᠬᠦᠶ᠎ᠡ ᠪᠡᠷᠬᠡ ᠪᠠᠶᠢᠯ᠎ᠠ᠃    ᠸᠠᠩᠵᠢᠯ ᠪᠠᠭᠰᠢ ᠬᠠᠷ᠎ᠠ ᠪᠤᠷᠤ ᠬᠤᠯᠠ ᠤᠶᠢᠷ᠎ᠠ ᠶᠢᠨ ᠭᠡᠵᠤ ᠬᠢᠵᠣ ᠲᠠᠭᠤᠰᠳᠠᠭ ᠥᠬᠡᠢ ᠠᠶᠢᠯ ᠬᠡᠷ ᠤᠨ ᠠᠵᠢᠯ ᠳᠤ ᠮᠣᠩᠭᠠᠨᠢᠵᠣ ᠪᠠᠶᠢᠳᠠᠯ᠎ᠠ᠂ ᠭᠠᠴᠠᠭᠠᠨ ᠠᠴᠠ ᠥᠰᠥᠭ ᠤᠨ ᠪᠠᠯᠠᠢ ᠶᠢ ᠠᠷᠢᠯᠭᠠᠬᠤ ᠪᠠᠭᠰᠢ ᠪᠠᠷ ᠲᠣᠮᠢᠯᠠᠵᠣ᠂ ᠥᠳᠡ ᠲᠣᠮᠳᠠ ᠳᠤ ᠡᠮᠡᠭᠳᠡᠶᠢᠴᠥᠳ ᠲᠤ᠂ ᠥᠳᠡᠰᠢ ᠡᠷᠡᠭᠳᠡᠶᠢᠴᠥᠳ ᠲᠤ ᠪᠢᠴᠢᠭ ᠥᠰᠥᠭ ᠵᠢᠭᠠᠳᠠᠭ ᠪᠤᠯᠪᠠᠴᠣ ᠨᠣᠷᠮ᠎ᠠ ᠵᠣᠭᠤᠰ ᠬᠡᠵᠣ ᠶᠠᠭᠤ ᠴᠦ ᠥᠬᠡᠢ ᠬᠢᠬᠠᠭᠳᠠᠨ ᠵᠠᠷᠣᠬᠳᠠᠵᠣ ᠶᠠᠪᠤᠵᠠᠢ᠃    ᠸᠠᠩᠵᠢᠯ ᠪᠠᠭᠰᠢ ᠬᠡᠵᠣ ᠥᠰᠬᠦ ᠠᠴᠠ ᠪᠠᠨ ᠥᠠᠳᠥᠰᠥᠨ ᠬᠡᠯᠡ ᠳᠡᠭᠡᠨ ᠡᠷ᠎ᠡ ᠪᠠᠷᠰ᠂ ᠪᠡᠶ᠎ᠡ ᠨᠢ ᠪᠠᠭ᠎ᠠ ᠴᠦ ᠬᠡᠰᠡᠨ ᠰᠠᠨᠠᠭ᠎ᠠ ᠪᠠᠷ ᠦᠨᠲᠦᠷ᠂ ᠬᠡᠯᠡ ᠲᠠᠢ ᠠᠮᠠ  ᠲᠠᠢ ᠬᠢᠷᠢ ᠪᠠᠷᠤᠭ ᠤᠨ ᠬᠥᠮᠥᠰ ᠲᠠᠢ ᠲᠡᠬᠡᠭᠦᠷ ᠬᠡᠯᠡᠯᠴᠡᠵᠣ᠂ ᠲᠣᠭᠤᠣᠷ ᠱᠤᠭ ᠨᠠᠭᠠᠳᠣᠮ ᠬᠢᠵᠣ᠂ ᠡᠪᠤᠬᠡᠳ ᠵᠠᠯᠠᠭᠤᠰ ᠤᠨ ᠵᠠᠩ ᠤᠪᠤᠷ ᠲᠤᠨᠢ ᠡᠪᠳᠠᠢ ᠬᠠᠪᠤᠳᠠᠢ ᠲᠤᠬᠢᠷᠠᠭᠤᠯᠵᠣ ︽ᠲᠠᠬᠡᠭ︾ ᠤᠨ ᠬᠤᠯᠪᠣᠭ᠎ᠠ ᠵᠤᠬᠢᠶᠠᠵᠤ ︵ᠥᠨᠡᠨ ᠢ ᠬᠡᠯᠡᠳᠡᠭ ᠡᠩᠬᠡ ᠲᠡᠬᠡᠭ \ ᠥᠬᠡᠷ ᠲᠡᠨᠡᠭ ᠨᠡᠮᠡᠬᠦ ᠲᠡᠬᠡᠭ \ ᠥᠨᠡᠨ ᠬᠤᠳᠬᠤᠭᠤᠷ ᠬᠢᠯᠢᠩ ᠲᠡᠬᠡᠭ \ ᠥᠯᠪᠡᠷᠰᠢ ᠬᠡᠳᠡᠷ ᠸᠴᠢᠷ ᠲᠡᠬᠡᠭ ᠁︶ ᠶᠠᠷᠢᠴᠢᠬᠠᠭᠠᠳ ᠬᠡᠰᠢᠬᠦᠳ ᠤᠨ ᠶᠡᠭᠡ ᠬᠤᠷᠠᠯ ᠲᠡᠬᠡᠷ᠎ᠡ ᠮᠠᠰᠢ ᠴᠢᠩᠭ᠎ᠠ ᠪᠠᠷ ᠰᠢᠬᠦᠮᠵᠢᠯᠡᠭᠲᠡᠨ ᠪᠠᠶᠢᠴᠠᠭᠠᠭᠲᠠᠵᠤ ᠠᠵᠢᠯ ᠠᠴᠠ ᠪᠠᠨ ᠬᠦᠭᠡᠭᠡᠭᠲᠡᠵᠡᠢ᠃ ᠬᠥᠳᠡᠭᠡ ᠨᠣᠳᠤᠭ ᠲᠤ ᠣᠯᠠᠭᠠᠨ ᠲᠣᠭᠤᠰᠣᠨ ᠳᠤ ᠪᠤᠯᠠᠭᠳᠠᠬᠤ ᠲᠣᠷ᠎ᠠ ᠥᠬᠡᠢ ᠠᠴᠠ ᠭᠠᠳᠠᠬᠰᠢ ᠶᠠᠪᠤᠬᠤ ᠰᠤᠨᠢᠷᠬᠠᠯ ᠲᠠᠢ ᠪᠤᠯᠵᠤ᠂ ᠡᠯᠳᠡᠪ ᠡᠰᠡᠨ ᠢ ᠪᠤᠳᠤᠵᠤ ᠭᠡᠶᠦᠷᠠᠨ ᠪᠠᠶᠢᠳᠠᠯ᠎ᠠ ᠡᠩᠬᠡ ᠶᠢᠨ ᠵᠦᠪᠯᠡᠯᠭᠡ ᠪᠠᠷ ᠰᠣᠷᠭᠠᠭᠤᠯᠢ ᠳᠤ ᠣᠷᠣᠬᠤ ᠪᠠᠷ ᠰᠢᠢᠳᠪᠡ᠃ ᠡᠨᠡ ᠤᠴᠢᠷ ᠢ ᠭᠠᠴᠠᠭᠠᠨ ᠤ ᠱᠥᠵᠢ ᠮᠡᠳᠡᠴᠢᠬᠡᠬᠡᠳ ᠪᠠᠯᠠᠷ ᠤᠨ ᠪᠠᠭᠰᠢ ᠪᠠ ᠭᠠᠳᠠᠬᠰᠢ ᠠᠶᠠᠨ ᠵᠢᠩ ᠳᠤ ᠶᠠᠪᠤᠬᠤ ᠳᠤ ᠨᠢᠬᠳᠠᠯᠠᠨ ᠪᠤᠳᠤᠬᠴᠢ ᠪᠠᠷ ᠵᠠᠷᠣᠬᠤ ᠪᠠᠨ ᠪᠤᠳᠤᠵᠤ ᠨᠢᠬᠡ ᠡᠳᠣᠷ ᠠᠪᠤ ᠡᠵᠢ ᠶᠢ ᠡᠷᠢᠨ ᠢᠷᠡᠵᠣ᠄ ︽ᠬᠥᠤ ᠴᠢᠨᠢ ᠭᠠᠳᠠᠬᠰᠢ ᠰᠣᠷᠣᠯᠴᠠᠬᠤ ᠪᠠᠷ ᠶᠠᠪᠤᠬᠤ ᠴᠢᠮᠡᠭᠡ ᠲᠠᠢ᠂ ᠲᠠ ᠬᠤᠶᠠᠷ ᠡᠳᠣᠢ ᠥᠠᠳᠣᠷ ᠨᠠᠰᠣᠯᠠᠬᠰᠠᠨ᠂ ᠲᠡᠬᠦᠨ ᠢ ᠭᠠᠳᠠᠬᠰᠢ ᠶᠠᠪᠤᠭᠤᠯᠣᠭᠠᠳ ᠶᠠᠭᠠᠬᠢᠬᠤ ᠶᠤᠮ︖ ᠬᠠᠵᠠᠭᠤ ᠳᠠᠭᠠᠨ ᠰᠠᠭᠤᠯᠭᠠᠴᠢᠬ᠎ᠠ︾ ᠬᠡᠬᠦ ᠳᠤ ᠠᠪᠤ ᠡᠵᠢ ᠬᠤᠶᠠᠷ᠄ ︽ᠲᠡᠷᠡ ᠴᠢᠨᠢ ᠶᠠᠪᠤᠨ᠎ᠠ ᠬᠡᠳ ᠥᠬᠡ ᠰᠣᠨᠣᠰᠬᠤ ᠥᠬᠡᠢ ᠪᠠᠶᠢᠨ᠎ᠠ ᠰᠢᠳᠡ︾ ᠬᠡᠬᠦᠯᠡᠷ ᠨᠢ ᠱᠥᠵᠢ᠄ ︽ᠪᠡᠷᠢ ᠠᠪᠤᠭᠠᠳ ᠥᠭᠴᠢᠬᠡ᠂ ᠲᠡᠬᠡᠪᠡᠯ ᠶᠠᠪᠤᠬᠤ ᠥᠬᠡᠢ ᠲᠤᠭᠲᠠᠴᠢᠬᠠᠬᠤ ᠶᠣᠮ︾ ᠬᠡᠵᠣ ᠬᠡᠯᠡᠪᠡ᠃ ᠠᠪᠤ ᠡᠵᠢ ᠬᠤᠶᠠᠷ ᠤᠨ ᠬᠢᠨᠢ ᠱᠠᠭᠠᠷᠲᠠᠯᠭ᠎ᠠ ᠳᠤ ᠬᠥᠮᠥᠨ ᠤ ᠭᠠᠭᠴᠠ ᠬᠥᠤ ᠪᠤᠯᠤᠭᠰᠠᠨ ᠸᠠᠩᠵᠢᠯ ᠪᠠᠭᠰᠢ ᠪᠤᠯᠬᠤᠷ ᠠᠷᠭ᠎ᠠ ᠦᠭᠡᠢ ᠵᠥᠪᠰᠢᠶᠡᠷᠡᠵᠣ᠂ ᠨᠠᠨᠰᠧᠮᠡᠳᠡᠭ ᠭᠡᠲᠡᠭ 18 ᠨᠠᠰᠣᠳᠠᠢ ᠥᠬᠢᠨ ᠢ ᠵᠠᠭᠤᠴᠢᠯᠠᠵᠣ ᠠᠶᠢᠯ ᠪᠤᠯᠵᠤ ᠠᠮᠢᠲᠤᠷᠠᠯ᠎ᠠ᠃ ᠬᠡᠪᠡᠴᠣ ᠡᠨᠡ ᠨᠢ ᠬᠠᠯᠠ ᠵᠣᠪᠠᠯᠠᠩ ᠬᠠᠨᠤᠲᠠᠯ᠎ᠠ ᠠᠮᠰᠠᠭᠰᠠᠨ ᠸᠠᠩᠵᠢᠯ ᠪᠠᠭᠰᠢ ᠶᠢᠨ ᠰᠣᠶᠣᠯ ᠤᠨ ᠮᠥᠷ ᠬᠥᠬᠡᠬᠡᠬᠦ ᠵᠣᠷᠢᠯᠳᠠ ᠶᠢ ᠨᠣᠭᠤᠯᠵᠣ ᠴᠢᠳᠠᠬᠰᠠᠨ ᠥᠬᠡᠢ᠃ ᠠᠷᠪᠠ ᠶᠢᠰᠥᠨ ᠨᠠᠰᠣ ᠬᠥᠷᠴᠣ ᠠᠵᠣ ᠠᠮᠢᠳᠣᠷᠠᠯ ᠴᠦ ᠬᠡᠪ ᠢᠶᠠᠨ ᠣᠯᠵᠤ᠂ ᠴᠠᠭ ᠲᠦᠷᠦ ᠰᠠᠶᠢᠬᠠᠨ ᠪᠤᠯᠤᠭᠰᠠᠨ ᠠᠴᠠ ᠨᠣᠳᠤᠭ ᠤᠨ ᠥᠶ᠎ᠡ ᠬᠤᠷᠠᠭ ᠤᠨ ᠨᠥᠬᠦᠳ ᠤᠳ ᠨᠢ ᠪᠠᠷᠤᠭ ᠯᠡ ᠣᠯᠣᠰ ᠤᠨ ᠺᠠᠳ᠋ᠷ ᠪᠣᠯᠴᠠᠭᠠᠵᠠᠢ᠃ ᠸᠠᠩᠵᠢᠯ ᠪᠠᠭᠰᠢ ᠣᠯᠣᠰ ᠤᠨ ᠺᠠᠳ᠋ᠷ ᠪᠤᠯᠤᠶ᠎ᠠ ᠬᠡᠵᠣ ᠰᠠᠨᠠᠪᠠᠴᠣ ᠨᠡᠶᠢᠬᠡᠮ ᠲᠡᠬᠡᠷ᠎ᠡ ᠠᠴᠠ ᠣᠳᠣ ᠳᠠᠭᠠᠨ ᠺᠠᠳ᠋ᠷ ᠡᠯᠰᠡᠬᠦ ᠪᠠᠨ ᠪᠣᠯᠢᠵᠠᠢ᠃ ᠬᠠᠷᠢᠨ ᠰᠣᠷᠭᠠᠭᠤᠯᠢ ᠲᠡᠬᠦᠰᠣᠭ᠍ᠴᠢᠳ ᠠᠴᠠ ᠠᠪᠬᠤ ᠶᠤᠮ ᠭᠡᠨ᠎ᠠ ᠁      ᠲᠤᠬᠠᠢ ᠶᠢᠨ ᠦᠶ᠎ᠡ ᠸᠠᠩᠵᠢᠯ ᠪᠠᠭᠰᠢ ᠰᠣᠷᠭᠠᠭᠤᠯᠢ ᠳᠤ ᠣᠷᠣᠶ᠎ᠠ ᠬᠡᠬᠦ ᠳᠤ ᠲᠤᠭ᠎ᠠ ᠪᠤᠳᠣᠯᠭ᠎ᠠ ᠮᠡᠳᠡᠬᠦ ᠥᠬᠡᠢ ᠲᠣᠯᠠ ᠪᠠᠭ᠎ᠠ ᠰᠣᠷᠭᠠᠭᠤᠯᠢ ᠳᠤ ᠵᠢᠯ ᠰᠢᠬᠠᠮ ᠲᠤᠭ᠎ᠠ ᠪᠣᠳᠣᠯᠭ᠎ᠠ ᠪᠠᠨ ᠲᠠᠪᠳᠠᠭᠠᠳ ᠨᠠᠮᠤᠷ ᠨᠢ ᠲᠣᠮᠳᠠᠳᠣ ᠰᠣᠷᠭᠠᠭᠤᠯᠢ ᠳᠤ ᠰᠢᠯᠭᠠᠨ ᠣᠷᠣᠵᠠᠢ᠃ ᠲᠡᠬᠡᠬᠡᠳ ᠭᠤᠷᠪᠠᠨ ᠵᠢᠯ ᠢᠶᠠᠨ ᠠᠮᠵᠢᠯᠳᠠ ᠲᠠᠢ ᠲᠡᠬᠦᠰᠬᠡᠬᠡᠳ1957 ᠣᠨ ᠳᠤ ᠥᠪᠣᠷ ᠮᠣᠩᠭᠤᠯ ᠤᠨ ᠪᠠᠭᠰᠢ ᠶᠢᠨ ᠲᠡᠬᠡᠳᠣ ᠰᠣᠷᠭᠠᠭᠤᠯᠢ ᠳᠤ ᠰᠢᠯᠭᠠᠨ ᠣᠷᠣᠵᠣ ᠰᠣᠷᠣᠯᠴᠠᠬᠤ ᠬᠤᠭᠤᠴᠠᠭᠠᠨ ᠳᠤ ᠠᠷᠣ ᠠᠷᠣ  ᠠᠴᠠ ᠪᠠᠨ ᠢᠷᠡᠭᠰᠡᠨ ᠣᠯᠠᠨ ᠵᠥᠢᠯ ᠤᠨ ᠣᠯᠣᠰ ᠲᠥᠷᠣ ᠶᠢᠨ ︽ᠬᠥᠳᠡᠯᠬᠡᠬᠡᠨ︾ ᠨᠦᠭᠦᠳ ᠢ ᠠᠵᠢᠭ ᠥᠬᠡᠢ ᠲᠣᠭᠤᠯᠵᠣ᠂ ᠰᠣᠷᠣᠯᠭ᠎ᠠ ᠪᠠᠨ ᠰᠢᠯᠢᠳᠡᠭ ᠬᠢᠷᠢ ᠪᠥᠳᠤᠮᠵᠢᠳᠠᠢ ᠲᠡᠬᠦᠰᠣᠬᠡᠳ1961 ᠣᠨ ᠳᠤ ᠪᠠᠶᠠᠨᠨᠠᠭᠤᠷ ᠠᠶᠢᠮᠠᠭ ᠤᠨ ᠣᠷᠠᠳ ᠤᠨ ᠲᠣᠮᠳᠠᠳᠣ ᠬᠤᠶᠢᠳᠣ ᠬᠤᠯᠪᠣᠭᠠᠳᠣ ᠬᠤᠰᠢᠭᠤᠨ ᠤ ᠮᠣᠩᠭᠤᠯ ᠲᠣᠮᠳᠠᠳᠣ ᠰᠣᠷᠭᠠᠭᠤᠯᠢ ᠳᠤ ᠶᠡᠭᠡ ᠰᠣᠷᠭᠠᠭᠤᠯᠢ ᠲᠡᠬᠦᠰᠣᠭ᠍ᠰᠡᠨ ᠠᠩᠬᠠᠨ ᠤ ᠣᠶᠣᠳᠠᠨ ᠢᠶᠠᠷ ᠬᠤᠪᠢᠶᠠᠭᠲᠠᠨ ᠢᠷᠡᠵᠦ ᠪᠠᠭᠰᠢᠯᠠᠪᠠ᠃ 1962 ᠤᠨ ᠳᠤ ᠬᠡᠷ ᠪᠥᠯᠢ ᠪᠠᠨ ᠰᠢᠯᠵᠢᠬᠦᠯᠵᠣ ᠠᠪᠴᠢᠷᠠᠬᠰᠠᠨ ᠴᠦ ᠡᠬᠡᠨᠡᠷ ᠨᠢ ᠵᠠᠮ ᠳᠠᠭᠠᠨ ᠥᠯᠤ ᠲᠠᠨᠢᠬᠳᠠᠬᠤ ᠲᠥᠷᠬᠡᠨ ᠡᠪᠡᠳᠴᠢᠨ ᠢᠶᠠᠷ ᠨᠠᠰᠣ ᠪᠠᠷᠠᠪᠠ᠃ ᠡᠨᠡ ᠨᠢ ᠸᠠᠩᠵᠢᠯ ᠪᠠᠭᠰᠢ ᠳᠤ ᠨᠢᠬᠡᠨ ᠬᠡᠮᠵᠢᠶᠡᠨ ᠤ ᠠᠮᠢᠳᠣᠷᠠᠯ ᠥᠵᠡᠯ ᠳᠤᠨᠢ ᠲᠠᠷᠣᠭᠠᠰᠣ ᠪᠤᠯᠵᠤ ᠪᠠᠶᠢᠯ᠎ᠠ᠃ ᠬᠡᠪᠡᠴᠣ ᠸᠠᠩᠵᠢᠯ ᠪᠠᠭᠰᠢ ᠵᠠᠯᠠᠭᠤ ᠴᠠᠭ ᠤᠨ ᠰᠥᠰᠣ ᠵᠣᠷᠢᠭ ᠢᠶᠠᠷ ᠰᠠᠨᠠᠭ᠎ᠠ ᠰᠡᠳᠬᠢᠯ ᠰᠠᠭᠠᠷᠢᠯ ᠥᠬᠡᠢ ᠪᠠᠷ ᠪᠠᠭᠰᠢᠯᠠᠵᠣ᠂ ᠲᠡᠷᠡ ᠰᠣᠷᠣᠭᠴᠢᠳ ᠳᠠᠭᠠᠨ ︽ᠲᠠᠨᠠᠷ ᠮᠡᠳᠡᠬᠦ ᠥᠬᠡᠢ ᠵᠥᠢᠯ ᠢᠶᠠᠨ ᠠᠰᠠᠭᠤᠵᠣ ᠪᠠᠢ︕ ᠨᠠᠮᠠᠢᠢ ᠭᠠᠷᠳᠠᠭᠠᠵᠣ ᠪᠠᠶᠢᠪᠠᠯ ᠰᠠᠶ᠋ᠢ ᠰᠣᠷᠴᠣ ᠪᠠᠶᠢᠭ᠎ᠠ ᠶᠢᠨ ᠢᠯᠡᠷᠡᠯ︾ ᠬᠡᠵᠣ ᠰᠣᠷᠭᠠᠨ᠂ ᠰᠡᠳᠬᠢᠯ ᠢᠶᠠᠷ ᠬᠠᠶᠢᠯᠵᠣ᠂ ᠢᠳᠡᠬᠡᠯ ᠢᠶᠠᠷ ᠡᠷᠬᠦᠵᠣ ᠡᠷᠳᠡᠮ ᠢᠶᠠᠷ ᠬᠥᠮᠣᠵᠢᠬᠦᠯᠣᠭ᠍ᠰᠡᠨ ᠪᠤᠯᠬᠤᠷ ᠲᠡᠬᠦᠨ ᠤ ᠵᠢᠭᠠᠬᠰᠠᠨ ᠮᠤᠩᠭᠤᠯ ᠬᠡᠯᠡ ᠨᠢ ᠲᠣᠪᠣᠶᠢᠮ᠎ᠠ ᠠᠮᠵᠢᠯᠳᠠ ᠣᠯᠵᠣ᠂ ᠰᠣᠷᠣᠬᠴᠢᠳ ᠨᠢ ᠲᠥᠷᠪᠡᠨ ᠵᠢᠯ ᠲᠠᠷᠠᠭᠠᠯᠠᠨ ᠠᠶᠢᠮᠠᠭ ᠲᠠᠭᠠᠨ ᠲᠥᠷᠣᠬᠦᠯᠡᠵᠣ᠂ ᠰᠢᠯᠢᠳᠡᠭ ᠪᠠᠭᠰᠢ  ᠪᠠᠷ ᠥᠨᠡᠯᠡᠭᠳᠡᠪᠡ᠃ ᠲᠡᠬᠦᠨ ᠤ ᠬᠥᠮᠤᠵᠢᠬᠦᠯᠤᠭ᠍ᠰᠡᠨ ᠰᠣᠷᠣᠬᠴᠢᠳ᠂ ᠣᠯᠣᠰ ᠣᠷᠣᠨ ᠤ ᠡᠯ᠎ᠡ ᠹᠷᠦᠨᠲ ᠲᠤ ᠪᠥᠷ ᠥᠩᠬᠡ ᠬᠡᠷᠡᠯᠳᠡᠢ ᠥᠬᠡᠳᠡ ᠲᠠᠢ ᠶᠠᠪᠤᠵᠤ ᠪᠤᠢ᠃ ᠲᠡᠳᠡᠬᠡᠷ ᠰᠣᠷᠣᠬᠴᠢᠳ ᠠᠴᠠ ᠬᠡᠳᠣ ᠶᠢ ᠲᠣᠷᠠᠳᠪᠠᠯ᠄ ᠪᠥᠷᠢᠠᠳᠡᠬᠦᠰ᠂ ᠰᠡᠷᠡᠩ᠂ ᠰᠤᠳᠨᠠᠮᠸᠠᠩᠵᠢᠯ᠂ ᠬᠣ ᠲᠥᠪᠰᠢᠨ᠂ ᠠᠯᠳᠠᠨᠪᠣᠯᠠᠭ ᠵᠡᠷᠬᠡ ᠷᠣᠮᠠᠨᠴᠢ᠂ ᠵᠣᠬᠢᠶᠠᠯᠴᠢᠳ ᠭᠠᠷᠣᠬᠰᠠᠨ᠃ ᠲᠥᠪ ᠤᠨ ᠥᠠᠳᠥᠰᠥᠳᠠᠨ ᠤ ᠶᠡᠭᠡ ᠰᠣᠷᠭᠠᠭᠤᠯᠢ ᠳᠤ ᠥᠯᠵᠠᠶᠢᠪᠠᠶᠠᠷ᠂ ᠪᠠᠶᠠᠠᠴᠠᠭᠠᠨ ᠵᠡᠷᠬᠡ ᠫᠷᠦᠹᠧᠰᠰᠤᠷ᠂ ᠤᠷᠤᠨ ᠤ ᠲᠦᠪ ᠲᠤ ᠲᠣᠬᠳᠣᠨᠪᠢᠯᠢᠭ᠌᠂ ᠰᠠᠶᠢᠵᠢᠷᠠᠬᠤ ᠵᠡᠷᠭᠡ ᠪᠠ ᠪᠠᠶᠠᠨᠨᠠᠭᠤᠷ ᠠᠶᠢᠮᠠᠭ ᠤᠨ ᠲᠡᠬᠡᠳᠣ ᠰᠣᠷᠭᠠᠭᠤᠯᠢ ᠪᠠ ᠲᠣᠮᠳᠠᠳᠣ ᠰᠣᠷᠭᠠᠭᠤᠯᠢ ᠳᠤ ᠪᠥᠬᠡᠴᠢᠯᠠᠭᠤ᠂ ᠨᠠᠶᠢᠷᠠᠮᠳᠠᠯ ᠵᠡᠷᠭᠡ ᠨᠡᠷᠡᠲᠤ ᠪᠠᠭᠰᠢ᠂ ᠮᠥᠩᠬᠡᠵᠢᠳ᠂ ᠭᠡᠷᠡᠯᠵᠠᠮ ᠮᠡᠳᠣ ᠰᠣᠷᠣᠬᠴᠢᠳ ᠨᠢ ᠬᠤᠰᠢᠭᠤᠨ ᠤ ᠱᠥᠵᠢ᠂ ᠬᠤᠰᠢᠭᠤ ᠲᠠᠷᠤᠭ᠎ᠠ᠂ ᠴᠢᠨᠠᠭᠰᠢᠯᠠᠭᠠᠳ ᠲᠢᠩᠬᠢᠮ ᠤᠨ ᠲᠡᠰ ᠤᠨ ᠤᠲᠤᠷᠢᠳᠬᠤ ᠺᠠᠳ᠋ᠷ  ᠤᠨ ᠡᠩᠨᠡᠭᠡᠨ ᠳᠤ ᠬᠢᠯᠠᠷᠠᠭᠤᠯᠵᠤ ᠶᠠᠪᠤᠭᠰᠠᠨ ᠤᠮᠤᠭᠰᠢᠯᠲᠤ ᠰᠤᠷᠤᠭᠴᠢ ᠲᠠᠢ ᠰᠠᠨ᠃    1968 ᠣᠨ ᠳᠤ ᠬᠥᠳᠡᠭᠡ ᠪᠠᠭᠤᠵᠣ ᠰᠣᠷᠣᠬᠴᠢᠳ ᠲᠠᠢ ᠬᠠᠮᠳᠣ ᠸᠠᠩᠵᠢᠯ ᠪᠠᠭᠰᠢ ᠶᠢ ᠲᠠᠬᠢᠨ ᠰᠣᠷᠭᠠᠨ ᠬᠥᠮᠥᠵᠢᠯ ᠬᠥᠷᠳᠡᠬᠡᠬᠦ ᠪᠠᠷ ᠣᠯᠠᠭᠠᠨ ᠰᠣᠮᠣᠨ ᠤ ᠪᠠᠶ᠋ᠬᠠᠣᠪᠤᠭ᠎ᠠ ᠪᠠᠷᠢᠭᠠᠳᠠ ᠳᠤ ᠪᠠᠭᠤᠯᠭᠠᠪᠠ᠃ ᠸᠠᠩᠵᠢᠯ ᠪᠠᠭᠰᠢ ᠠᠳᠣᠭᠤ ᠬᠠᠷᠢᠭᠤᠯᠬᠤ᠂ ᠠᠶᠠᠨ ᠲᠡᠬᠡᠬᠡᠪᠤᠷᠢ ᠬᠢᠬᠦ᠂ ᠪᠣᠳᠠᠭ᠎ᠠ ᠪᠤᠷᠳᠤᠭ᠎ᠠ ᠠᠴᠢᠶᠠᠯᠠᠨ ᠬᠥᠷᠬᠡᠬᠦ᠂ ᠠᠶᠢᠯ ᠬᠡᠷ ᠨᠡᠬᠦᠯᠬᠡᠬᠦ᠂ ᠬᠤᠨᠢ ᠮᠠᠯ ᠬᠠᠷᠢᠭᠤᠯᠬᠤ ᠵᠡᠷᠬᠡ ᠪᠠᠷ ᠭᠤᠷᠪᠠᠨ ᠵᠢᠯ ᠶᠠᠪᠣᠵᠣ᠂ ᠲᠠᠷᠠᠭ᠎ᠠ ᠨᠢ ᠰᠤᠮᠤᠨ ᠳᠤ ᠰᠢᠯᠵᠢᠨ ᠲᠣᠯᠣᠭᠠᠨ ᠵᠢᠯ ᠠᠵᠢᠯᠯᠠᠵᠠᠢ᠃ ᠸᠠᠩᠵᠢᠯ ᠪᠠᠭᠰᠢ  ᠶᠢ ᠰᠣᠮᠣᠨ ᠳᠤ ᠠᠵᠢᠯᠯᠠᠬᠤ ᠥᠶ᠎ᠡ ᠳᠤ ᠲᠣᠰ ᠰᠣᠮᠣᠨ ᠳᠤ ︽ᠬᠤᠯᠣᠭᠠᠨ᠎ᠠ ᠶᠢᠨ ᠬᠢᠵᠢᠭ︾ ᠲᠡᠯᠬᠡᠷᠡᠯ᠎ᠡ ᠬᠡᠮᠡᠨ ᠶᠡᠭᠡ ᠠᠵᠢᠯ ᠭᠠᠷᠴᠣ ᠸᠠᠩᠵᠢᠯ ᠪᠠᠭᠰᠢ ᠡᠨᠡ ᠥᠶ᠎ᠡ ᠳᠤ ᠬᠤᠯᠣᠭᠠᠨ᠎ᠠ ᠣᠳᠣᠬᠤ ᠵᠣᠬᠢᠶᠠᠮᠠᠯ ᠴᠠᠭᠠᠰᠣᠨ ᠫᠣᠣ ᠬᠡᠬᠦ ᠠᠵᠢᠯ ᠢᠶᠠᠷ ᠰᠣᠮᠣᠨ ᠤ ᠠᠯᠪᠠᠨ ᠬᠡᠷ ᠤᠨ ᠡᠮᠡᠭᠳᠠᠢ ᠨᠠᠷᠢᠨ ᠪᠢᠴᠢᠬᠡᠴᠢ ᠠᠴᠠ ᠪᠠᠭ᠋ᠠᠨ ᠠᠷᠪᠢᠨ ᠴᠠᠭᠠᠰᠣ ᠠᠪᠴᠣ ᠦᠨᠦᠬᠢ ᠴᠠᠭᠠᠰᠣ ᠪᠠᠨ ᠲᠢᠭᠯᠡᠵᠦ ᠪᠠᠶᠢᠳᠠᠯ᠎ᠠ ᠡᠨᠡ ᠡᠮᠡᠭᠳᠠᠢ ᠨᠠᠷᠢᠨ ᠪᠢᠴᠢᠬᠡᠴᠢ ᠮᠣᠩᠭᠤᠯ ᠣᠯᠣᠰ ᠤᠨ ᠡᠮᠣᠨᠡᠭᠤᠪᠢ ᠠᠶᠢᠮᠠᠭ ᠤᠨ ᠨᠠᠮ ᠤᠨ ᠬᠤᠷᠢᠶᠠᠨ ᠤ ᠨᠢᠬᠡᠳᠣᠬᠡᠷ ᠨᠠᠷᠢᠨ ᠪᠢᠴᠢᠬᠡᠴᠢ ᠶᠢᠨ ᠲᠠᠷᠤᠭ᠎ᠠ ᠲᠠᠢ ᠬᠠᠮᠳᠣ ᠲᠠᠳᠠᠭᠤᠯᠣᠭᠰᠠᠨ ᠰᠡᠬᠦᠳᠡᠷ ᠭᠠᠷᠴᠣ ᠢᠷᠡᠭᠰᠡᠨ ᠳᠤ ᠸᠠᠩᠵᠢᠯ ᠪᠠᠭᠰᠢ ᠶᠢ ᠲᠡᠷᠡ ᠲᠠᠷᠣᠢ  ᠳᠤᠨᠢ ᠰᠣᠮᠣᠨ ᠤ ᠵᠡᠪᠰᠡᠭᠳᠣ ᠬᠥᠴᠣᠨ ᠤ ᠺᠠᠳ᠋ᠷ ᠲᠤ ᠬᠥᠷᠬᠡᠵᠣ ᠥᠭᠴᠠᠢ᠃    ᠸᠠᠩᠵᠢᠯ ᠪᠠᠭᠰᠢ ᠡᠨᠡ ᠬᠤᠭᠤᠴᠠᠭᠠᠨ ᠳᠠᠭᠠᠨ ᠡᠴᠩᠬᠡᠢ ᠬᠠᠯᠳᠠᠷ ᠮᠣᠷᠢ ᠣᠨᠣᠵᠣ ᠠᠷᠣ ᠬᠤᠷᠮᠣᠢ ᠨᠢ ᠰᠡᠮᠡᠷᠬᠡᠢ ᠬᠥᠬᠡ ᠲᠠᠪᠣᠣ ᠲᠡᠷᠯᠢᠭ ᠢ ᠨᠤᠭᠤᠭᠠᠨ ᠥᠩᠬᠡ  ᠲᠠᠢ ᠰᠡᠮᠡᠷᠬᠡᠢ ᠪᠥᠰᠡ ᠪᠠᠷ ᠪᠥᠰᠡᠯᠡᠵᠣ ᠥᠷᠣᠬᠡᠰᠣᠨ ᠲᠤᠷᠠᠨ ᠡᠭᠡᠯᠲᠤᠷᠭᠡᠯᠡᠨ ᠮᠣᠬᠢᠷ ᠣᠷᠭ᠎ᠠ ᠰᠤᠭᠤᠪᠴᠢᠯᠠᠵᠤ ᠬᠡᠳᠣ ᠬᠡᠳᠣᠨ ᠲᠠᠶᠢᠭᠠᠨ ᠨᠣᠬᠠᠢ ᠲᠠᠭᠠᠭᠤᠯᠴᠢᠬᠠᠬᠰᠠᠨ ᠬᠠᠯᠢᠭᠤᠳᠣ ᠶᠢᠨ ᠵᠡᠬᠡᠯᠢ ᠲᠡᠬᠡᠷ᠎ᠡ ᠶᠠᠪᠣᠵᠣ ᠪᠠᠶᠢᠵᠣ ᠪᠢᠯᠡ︕   ᠨᠠᠷᠠ ᠮᠠᠨᠲᠤᠵᠤ ᠨᠠᠪᠴᠢ ᠲᠡᠯᠭᠡᠷᠡᠯ᠎ᠠ᠃ 1977 ᠣᠨ ᠤ ᠡᠪᠣᠯ ᠬᠤᠰᠢᠭᠤᠨ ᠳᠠᠭᠠᠨ ᠪᠤᠴᠠᠵᠣ ᠬᠤᠰᠢᠭᠤᠨ ᠤ ᠰᠣᠷᠭᠠᠨ ᠬᠥᠮᠣᠵᠢᠯ ᠤᠨ ᠵᠢᠭᠠᠬᠤ ᠶᠢ ᠰᠣᠳᠣᠯᠬᠤ ᠭᠠᠵᠠᠷ ᠲᠤ ᠠᠵᠢᠯᠯᠠᠵᠣ ᠪᠠᠶᠢᠭᠠᠳ 1980 ᠣᠨ ᠳᠤ ᠬᠤᠰᠢᠭᠤᠨ ᠤ ᠮᠣᠩᠭᠤᠯ ᠬᠡᠯᠡ ᠪᠢᠴᠢᠭ ᠤᠨ ᠠᠯᠪᠠᠨ ᠬᠡᠷ ᠤᠨ ᠡᠷᠬᠢᠯᠡᠭᠴᠢ ᠪᠠᠷ ᠰᠢᠯᠵᠢᠨ ᠠᠵᠢᠯᠯᠠᠵᠠᠢ᠃ ᠡᠨᠡ ᠬᠤᠭᠤᠴᠠᠭᠠᠨ ᠳᠤ᠂ ︿︿ᠰᠤᠶᠤᠯ ᠤᠨ ᠬᠤᠪᠢᠰᠬᠠᠯ﹀﹀ ᠳᠤ ᠬᠠᠰᠤᠭᠳᠠᠭᠰᠠᠨ ᠤᠷᠴᠢᠭᠤᠯᠭ᠎ᠠ ᠶᠢᠨ ᠰᠠᠯᠠᠭ᠎ᠠ ᠬᠢᠭᠡᠳ ᠤᠳᠬ᠎ᠠ ᠤᠷᠠᠯᠢᠭ ᠤᠨ ᠬᠤᠯᠪᠤᠭ᠎ᠠ ᠵᠡᠷᠭᠡ ᠪᠠᠶᠢᠭᠤᠯᠭ᠎ᠠ ᠶᠢ ᠰᠡᠷᠭᠦᠭᠡᠭᠰᠡᠨ ᠪᠠᠶᠢᠨ᠎ᠠ᠃    ᠸᠠᠩᠵᠢᠯ ᠪᠠᠭᠰᠢ ᠡᠨᠡ ᠥᠶ᠎ᠡ ᠳᠤ ᠪᠥᠬᠦ ᠬᠤᠰᠢᠭᠤᠨ ᠤ ᠬᠡᠪᠴᠢᠶᠡᠨ ᠳᠤ ᠵᠢᠯ ᠪᠥᠷᠢ ᠶᠠᠪᠣᠬᠳᠠᠳᠠᠭ ᠬᠡᠯᠡ ᠪᠢᠴᠢᠭ ᠤᠨ ᠰᠤᠲᠤᠯᠯᠠᠭᠠᠨ ᠤ ᠬᠤᠷᠠᠯ ᠢ ᠵᠣᠬᠢᠶᠠᠨ ᠪᠠᠶᠢᠭᠤᠯᠵᠣ ᠲᠣᠮᠳᠠᠳᠣ ᠪᠠ ᠪᠠᠭ᠎ᠠ ᠰᠣᠷᠭᠠᠭᠤᠯᠢ ᠶᠢᠨ ᠪᠠᠭᠰᠢ ᠨᠠᠷ᠂ ᠨᠡᠶᠢᠬᠡᠮ ᠲᠡᠬᠡᠷᠡᠬᠢ ᠰᠣᠶᠣᠯ ᠲᠡᠣᠬᠡ ᠶᠢᠨ ᠮᠡᠳᠡᠯᠬᠡ ᠲᠠᠢ ᠺᠠᠳ᠋ᠷ ᠨᠠᠷ ᠢ ᠵᠣᠬᠢᠶᠠᠨ ᠪᠠᠶᠢᠭᠤᠯᠵᠣ ᠬᠡᠯᠨ ᠪᠢᠴᠢᠭ ᠤᠨ ᠡᠷᠳᠡᠮ ᠰᠢᠨᠵᠢᠯᠡᠬᠡᠨ ᠤ ᠬᠤᠷᠠᠯ ᠢ ᠬᠢᠯᠭᠡᠲᠡᠭ ᠪᠠᠶᠢᠯ᠎ᠠ᠃ ᠡᠨᠡ ᠨᠢ ᠶᠡᠭᠡ ᠯᠡ ᠬᠥᠷ ᠨᠠᠷᠬᠢᠶᠠᠨ ᠲᠠᠢ᠂ ᠣᠷᠣᠯᠴᠠᠬᠰᠠᠳ ᠥᠪᠡᠷ ᠥᠪᠡᠷ ᠤᠨ ᠣᠠᠴᠠᠯᠢᠭ ᠪᠥᠬᠦᠢ ᠶᠠᠷᠢᠶ᠎ᠠ ᠢᠯᠡᠳᠬᠡᠯ ᠬᠢᠳᠡᠭ ᠪᠠᠶᠢᠯ᠎ᠠ᠃ ᠸᠠᠩᠵᠢᠯ ᠪᠠᠭᠰᠢ ᠲᠣᠰ ᠠᠯᠪᠠᠨ ᠠᠴᠠ ᠰᠠᠯᠣᠬᠰᠠᠨ ᠠᠴᠠ ᠬᠤᠶᠢᠰᠢ ᠬᠤᠰᠢᠭᠤᠨ ᠤ ᠬᠡᠯᠡ ᠪᠢᠴᠢᠭ ᠤᠨ ᠠᠵᠢᠯ ᠴᠦ ᠲᠡᠬᠡᠰᠣᠨ ᠲᠥᠷᠣᠬᠡ ᠲᠠᠢ ᠨᠤᠤᠰᠣᠨ ᠨᠤᠭᠳᠣ ᠲᠠᠢ ᠲᠡᠳᠣᠢ ᠪᠤᠯᠤᠭᠰᠠᠨ ᠪᠠᠶᠢᠨ᠎ᠠ᠃    ᠸᠠᠩᠵᠢᠯ ᠪᠠᠭᠰᠢ ᠦᠨᠲᠦᠰᠦᠲᠡᠨ ᠤ ᠰᠤᠶᠤᠯ ᠢᠶᠠᠨ ᠬᠠᠶᠢᠷᠠᠯᠠᠨ ᠬᠦᠭᠵᠢᠬᠦᠯᠵᠦ᠂ ᠰᠢᠯᠦᠭ ᠵᠤᠬᠢᠶᠠᠯ ᠢᠶᠠᠷ ᠤᠶᠤᠨ ᠢᠶᠠᠨ ᠲᠡᠵᠢᠭᠡᠨ᠂ ᠦᠨᠲᠦᠰᠦᠲᠡᠨ ᠤ ᠦᠪ ᠰᠤᠶᠤᠯ ᠤᠨ ᠬᠦᠷᠢᠶᠡᠯᠡᠩ ᠳᠤ ᠦᠪᠡᠷ ᠤᠨ ᠢᠶᠠᠨ ᠭᠡᠰᠡᠨ ᠬᠤᠪᠢ ᠨᠡᠮᠡᠬᠦᠷᠢ ᠪᠠᠨ ᠦᠵᠡᠬᠦᠯᠵᠦ ᠶᠠᠪᠤᠨ᠎ᠠ ᠁    ᠸᠠᠩᠵᠢᠯ ᠪᠠᠭ᠎ᠠ ᠠᠴᠠ ᠪᠠᠨ ᠰᠢᠯᠣᠭ᠌ ᠲᠤ ᠶᠡᠭᠡ ᠰᠣᠨᠢᠷᠬᠠᠯ ᠲᠠᠢ᠂ ᠰᠣᠨᠢᠨ ᠰᠡᠳᠬᠦᠯ ᠳᠤ ︽ᠵᠠᠪᠰᠢᠬᠴᠢ ᠭᠤᠸᠠᠢ︾ ︽ᠴᠠᠭᠠᠰᠣᠨ ᠰᠥᠮᠪᠣᠷ ᠴᠣᠬᠴᠠᠯᠠᠬᠳᠠᠨ᠎ᠠ︾ ︽ᠲᠥᠯ ᠲᠣᠰᠣᠬᠴᠢ ᠬᠡᠣᠬᠡᠨ︾ ᠵᠡᠷᠬᠡ ᠠᠷᠪᠠ ᠭᠠᠷᠣᠢ ᠰᠢᠯᠣᠭ᠌ ᠨᠡᠶᠢᠳᠡᠯᠡᠬᠦᠯᠵᠣ᠂ ᠢᠳᠡᠷ ᠥᠶ᠎ᠡ ᠳᠡᠭᠡᠨ ︽ᠲᠠᠯ᠎ᠠ ᠳᠤ ᠲᠣᠭᠤᠰ ᠨᠢᠰᠬᠦ ᠨᠢ︾ ︽ᠰᠢᠭᠤᠷᠭᠠᠨ ᠲᠣᠮᠳᠠᠭᠤᠷ︾ ᠮᠡᠳᠣ ᠵᠢᠷᠭᠤᠭ᠎ᠠ ᠲᠣᠯᠣᠭᠠᠨ ᠨᠠᠶᠢᠷᠠᠭᠤᠯᠣᠯ ᠬᠢᠬᠡᠳ ︽ᠬᠤᠶᠠᠷ ᠡᠷᠬᠢᠯᠡᠭᠴᠢ︾ ︽ᠰᠣᠯᠢᠵᠢᠷ ᠬᠢᠯᠮᠡᠭ︾ ︽ᠥᠷ ᠴᠥᠷ︾ ︽ᠬᠥᠳᠡᠭᠡ ᠶᠢᠨ ᠵᠣᠭᠤᠭ︾ ᠬᠡᠬᠦ ᠮᠡᠳᠣ ᠠᠷᠪᠠ ᠰᠢᠬᠠᠮ ᠥᠬᠦᠯᠡᠯᠬᠡ ᠨᠡᠶᠢᠳᠡᠯᠡᠬᠦᠯᠵᠠᠢ᠃ ᠲᠥᠴᠢ ᠶᠢᠨ ᠲᠠᠪᠠᠭ᠎ᠠ ᠶᠢ ᠲᠠᠪᠠᠵᠣ ᠡᠷᠳᠡᠮ ᠰᠢᠠᠵᠢᠯᠡᠬᠡᠨ ᠤ ᠠᠵᠢᠯ ᠢᠶᠠᠨ ᠡᠬᠢᠯᠡᠬᠦᠯᠵᠣ︽ᠬᠥᠬᠡ ᠲᠥᠯᠬᠢᠬᠦᠷ︾ ᠡᠷᠳᠡᠨ ᠤ ᠥᠬᠡᠰ ᠤᠨ ᠲᠣᠯᠢ᠂ ︽ᠬᠥᠬᠡ ᠵᠣᠯᠠ︾ ᠮᠣᠩᠭᠤᠯᠴᠣᠳ ᠤᠨ ᠠᠮᠢᠳᠣᠷᠠᠯ ᠠᠬᠤᠢ ᠶᠢᠨ ᠲᠣᠯᠢ᠂ ︽ᠬᠥᠬᠡ ᠲᠥᠰᠢ︾ ᠬᠡᠬᠦ ᠥᠪᠡᠷ ᠤᠨ ᠬᠢᠨᠢ ᠡᠷᠳᠡᠮ ᠰᠢᠠᠵᠢᠯᠡᠬᠡᠨ ᠤ ᠥᠬᠦᠯᠡᠯ᠂ ︽ᠬᠥᠬᠡ ᠲᠠᠷᠢᠶᠠᠯᠠᠩ︾ ᠬᠡᠬᠦ ᠮᠣᠩᠭᠤᠯᠴᠣᠳ ᠤᠨ ᠲᠠᠷᠢᠶ᠎ᠠ ᠲᠠᠷᠢᠬᠰᠠᠨ ᠲᠡᠣᠬᠡ᠂ ︽ᠮᠠᠯ ᠤᠨ ᠶᠠᠰᠣᠨ ᠤ ᠨᠡᠷ᠎ᠡ︾ ᠬᠡᠬᠦ ᠨᠠᠷᠢᠨ ᠲᠣᠭᠠᠴᠢᠯᠳᠠ᠂ ︽ᠣᠷᠠᠳ ᠲᠡᠣᠬᠡ ᠶᠢᠨ ᠲᠣᠪᠴᠢᠶ᠎ᠠ︾ ᠶᠢ ᠰᠢᠨ᠎ᠡ ᠮᠣᠩᠭᠤᠯ ᠥᠰᠣᠭ᠌ ᠲᠤ ᠣᠷᠴᠢᠭᠤᠯᠣᠨ ᠬᠡᠪᠯᠡᠬᠦᠯᠵᠠᠢ᠃ ᠪᠠᠰᠠ ︽ᠴᠢᠩᠬᠢᠰ ᠬᠡᠮᠡᠬᠦ ᠥᠬᠡ ᠶᠢᠨ ᠲᠣᠬᠠᠢ︾ ᠬᠡᠬᠦ ᠥᠬᠦᠯᠡᠯ ᠨᠢ 1988 ᠣᠨ ᠳᠤ ᠪᠠᠭᠰᠢ ᠶᠢᠨ ᠶᠡᠭᠡ ᠰᠣᠷᠭᠠᠭᠤᠯᠢ ᠳᠤ ᠪᠤᠯᠤᠬᠰᠠᠨ ᠣᠯᠠᠨ ᠣᠯᠣᠰ ᠤᠨ ᠡᠷᠳᠡᠮᠳᠡᠳ  ᠤᠨ ︽ᠨᠢᠭᠤᠴᠠ ᠲᠣᠪᠴᠢᠶᠠᠨ︾ ᠤ ᠬᠤᠷᠠᠯᠳᠣᠭᠠᠨ ᠳᠤ ᠰᠣᠩᠭᠤᠬᠳᠠᠨ ᠡᠷᠳᠡᠮᠳᠡᠳ ᠤᠨ ᠰᠣᠨᠢᠷᠬᠠᠯ ᠢ ᠲᠠᠳᠠᠪᠠ᠃ ︽ᠪᠣᠳᠣᠨᠴᠢᠷ ᠬᠡᠬᠦ ᠥᠬᠡ ᠶᠢᠨ ᠲᠣᠬᠠᠢ︾ ︽ᠬᠠᠪᠴᠠᠭ ᠰᠣᠶᠣᠭᠠᠯᠠᠩ︾ ᠬᠡᠬᠦ ᠥᠬᠦᠯᠡᠯ ᠨᠢ 1992 ᠣᠨ ᠤ 8 ᠰᠠᠷ᠎ᠠ ᠶᠢᠨ 18 ᠳᠤ ᠥᠪᠥᠷ ᠮᠣᠩᠭᠤᠯ ᠤᠨ ᠶᠡᠭᠡ ᠰᠣᠷᠭᠠᠭᠤᠯᠢ ᠳᠤ ᠪᠤᠯᠤᠬᠰᠠᠨ ᠣᠯᠠᠨ ᠣᠯᠣᠰ ᠤᠨ ᠮᠣᠩᠭᠤᠯᠴᠢ ᠡᠷᠳᠡᠮᠳᠡᠳ ᠤᠨ ︽ᠮᠣᠩᠭᠤᠯ ᠰᠣᠳᠣᠯᠣᠯ︾ ᠤᠨ ᠶᠡᠭᠡ ᠬᠤᠷᠠᠯᠳᠣᠭᠠᠨ ᠳᠤ ᠣᠩᠰᠢᠭᠠᠳ ᠣᠯᠠᠨ ᠤ ᠪᠠᠭ᠋ᠠᠷᠬᠠᠯ ᠢ ᠲᠠᠳᠠᠪᠠ᠃ ︽ᠣᠷᠠᠳᠴᠣᠳ ᠮᠤᠨᠢ ᠶᠢᠨ ᠥᠪᠣᠷ ᠲᠤ ᠬᠡᠳᠥᠢ ᠳᠤ ᠢᠷᠡᠭᠰᠡᠨ︖︾ ᠬᠡᠬᠦ ᠮᠡᠳᠣ ᠶᠢᠨ ᠬᠤᠷᠢᠭᠠᠳ ᠥᠬᠦᠯᠡᠯ ᠨᠡᠶᠢᠳᠡᠯᠡᠬᠦᠯᠪᠡ᠃ ᠲᠣᠮᠣᠬᠠᠨ ᠪᠥᠳᠣᠬᠡᠯ ᠤᠳ ᠬᠡᠪᠡᠯ᠂ ᠬᠠᠮᠤᠭ ᠤᠨ ᠲᠥᠷᠣᠬᠦᠨ ᠳᠤ ᠬᠥᠮᠥᠨ ᠣᠩᠰᠢᠭᠠᠳ ᠲᠡᠶᠢᠯᠬᠦ ᠥᠬᠡᠢ ᠬᠡᠰᠡᠨ ︽ᠡᠷᠳᠡᠨᠢ ᠲᠣᠪᠴᠢ︾ ᠶᠢ ᠣᠳᠣᠬᠢ ᠬᠡᠯᠡᠨ ᠳᠤ ᠪᠠᠭᠤᠯᠭᠠᠭᠠᠳ ᠠᠷᠠᠳ ᠤᠨ ᠬᠡᠪᠯᠡᠯ  ᠤᠨ ᠬᠤᠷᠢᠶᠠᠨ ᠳᠤ 1972 ᠣᠨ ᠳᠤ ᠥᠭᠬᠦᠭᠰᠡᠨ ᠴᠢᠨᠢ ᠰᠠᠶᠢᠬᠠᠨ ᠪᠠᠭᠤᠯᠭᠠᠵᠠᠢ᠂ ᠬᠡᠪᠯᠡᠶ᠎ᠡ ᠬᠡᠪᠯᠡᠶ᠎ᠡ ᠭᠡᠳ ︿︿ᠳᠦᠷᠪᠡᠨ ᠬᠦᠮᠦᠨ ᠤ ᠪᠦᠯᠦᠭ﹀﹀ ᠠᠴᠠ ᠪᠤᠯᠭᠤᠮᠵᠢᠯᠠᠨ ᠬᠤᠶᠢᠰᠢᠯᠠᠭᠰᠠᠭᠠᠷ 1979 ᠤᠨ ᠳᠤ ᠲᠦᠯᠦᠪᠯᠡᠭᠡ ᠳᠤ ᠤᠷᠤᠭᠤᠯᠵᠤ ᠬᠠᠪᠢᠰᠤ ᠶᠢ ᠬᠦᠷᠲᠡᠯ᠎ᠡ ᠬᠢᠴᠢᠭᠡᠳ᠂ ᠸᠠᠩᠵᠢᠯ ᠳᠤ ᠬᠤᠶᠠᠷ ᠤᠳᠠᠭ᠎ᠠ ᠵᠠᠬᠢᠲᠠᠯ ᠢᠷᠡᠭᠦᠯᠵᠦ᠂ ︿︿ᠬᠡᠪᠯᠡᠬᠦ ᠪᠤᠯᠵᠠᠢ᠂ ᠤᠳᠤ ᠲᠡᠷ᠎ᠡ ᠪᠠᠨ ᠦᠨᠳᠦᠷᠬᠡᠨ ᠵᠠᠰᠠᠭᠠᠳ ᠤᠨᠳᠠᠵᠤ ᠪᠠᠢ︕﹀﹀ ᠭᠡᠵᠦ ᠬᠡᠯᠡ ᠦᠭᠴᠡᠢ᠃ ᠲᠡᠭᠡᠭᠡᠳ ᠴᠢᠮᠡᠭᠡ ᠠᠯᠳᠠᠷᠠᠵᠠᠢ᠃ ᠬᠤᠵᠢᠮ ᠨᠢ ᠡᠬᠡ ᠪᠢᠴᠢᠭ ᠢᠶᠠᠨ ᠠᠪᠤᠶ᠎ᠠ ᠭᠡᠵᠦ ᠬᠤᠶᠠᠷ ᠤᠳᠠᠭ᠎ᠠ ᠤᠴᠢᠵᠤ ᠡᠷᠢᠭᠦᠯᠵᠡᠢ᠂ ᠤᠯᠳᠠᠬᠤ ᠦᠭᠡᠢ ᠪᠠᠶᠢᠨ᠎ᠠ ᠭᠡᠵᠦ ᠬᠤᠶᠢᠰᠢᠯᠠᠭᠰᠠᠭᠠᠷ 1987 ᠤᠨ ᠳᠤ ᠦᠭᠡᠷ᠎ᠡ ᠬᠦᠮᠦᠨ ᠤ ᠨᠡᠷ᠎ᠡ ᠪᠠᠷ ᠬᠡᠪᠯᠡᠭᠳᠡᠨ ᠲᠠᠷᠬᠠᠭᠳᠠᠭᠰᠠᠨ ᠳᠤ᠂ ᠸᠠᠩᠵᠢᠯ ᠪᠠᠭᠰᠢ ᠳᠤ ᠶᠡᠭᠡᠭᠡᠨ ᠴᠤᠬᠢᠯᠲᠠ ᠪᠤᠯᠪᠠ᠃      ᠮᠤᠩᠭᠤᠯ ᠡᠷ᠎ᠡ ᠶᠢᠨ ᠠᠭᠤᠲᠠᠮᠠᠴᠢ ᠰᠡᠳᠬᠢᠯᠭᠡ ᠪᠠᠷ ᠠᠭᠤᠴᠢᠯᠠᠯ ᠦᠭᠴᠦ ᠴᠢᠨᠠᠭᠰᠢ ᠨᠢ ᠭᠦᠭᠡᠭᠡᠯᠴᠡᠲᠦᠭᠡ ᠦᠭᠡᠢ᠃ ᠲᠡᠭᠡᠭᠡᠳ ᠡᠮᠦᠨᠡᠬᠢ ᠤᠷᠤᠯᠳᠤᠵᠤ ᠪᠠᠶᠢᠭᠰᠠᠨ ᠰᠠᠭᠤᠷᠢ ᠳᠡᠭᠡᠷ᠎ᠡ ᠪᠠᠨ ᠡᠷᠳᠡᠨ ᠤ ᠮᠤᠩᠭᠤᠯ ᠨᠤᠮ ᠢ ᠴᠤᠭᠯᠠᠭᠤᠯᠵᠤ ᠤᠷᠤᠯᠳᠤᠭᠠᠳ ︿︿ᠬᠦᠬᠡ ᠲᠦᠯᠬᠢᠭᠦᠷ﹀﹀ ᠭᠡᠮᠡᠬᠦ ᠡᠷᠳᠡᠨ ᠤ ᠮᠤᠩᠭᠤᠯ ᠦᠭᠡᠰ ᠤᠨ ᠲᠠᠶᠢᠯᠪᠤᠷᠢ ᠲᠤᠯᠢ ᠶᠢ ᠪᠢᠴᠢᠵᠤ᠂ 1987 ᠤᠨ ᠳᠤ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶᠠᠨ ᠳᠤ ᠬᠡᠪᠯᠡᠭᠦᠯᠪᠡ᠃ ᠡᠨᠡ ᠨᠢ 1989 ᠤᠨ ᠳᠤ ᠤᠷᠤᠨ ᠤ ᠬᠤᠶᠠᠳᠤᠭᠠᠷ ᠳᠡᠰ᠂ ᠠᠶᠢᠮᠠᠭ ᠤᠨ ᠨᠢᠭᠡᠳᠦᠭᠡᠷ ᠲᠡᠰ ᠤᠨ ᠱᠠᠩᠨᠠᠯ ᠢ ᠲᠤᠰ ᠲᠤᠰ ᠬᠦᠷᠲᠡᠪᠡ᠃ ᠠᠮᠵᠢᠯᠲᠠ ᠪᠦᠲᠦᠭᠡᠯ ᠤᠨ ᠬᠢᠨᠢ ᠬᠠᠷᠢᠭᠤ ᠳᠤ 1990 ᠤᠨ ᠳᠤ᠂ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠠᠴᠠ ᠸᠠᠩᠵᠢᠯ ᠪᠠᠭᠰᠢ ᠳᠤ ︿︿ᠲᠡᠳ᠋ ᠰᠤᠲᠤᠯᠤᠭᠴᠢ﹀﹀ ᠶᠢᠨ ᠴᠤᠯᠠ ᠬᠦᠷᠲᠡᠪᠡ᠃ ᠬᠦᠳᠡᠭᠡ ᠪᠠᠭᠤᠭᠰᠠᠨ ᠠᠷᠪᠠᠨ ᠵᠢᠯ ᠤᠨ ᠲᠤᠷᠰᠢᠯᠭ᠎ᠠ ᠪᠠᠨ ᠦᠨᠳᠦᠰᠦᠯᠡᠨ ︿︿ᠬᠦᠬᠡ ᠵᠤᠯᠠ﹀﹀ ᠭᠡᠮᠡᠭᠦ ᠮᠤᠩᠭᠤᠯ ᠤᠨ ᠤᠯᠠᠮᠵᠢᠯᠠᠯᠲᠤ ᠠᠮᠢᠳᠤᠷᠠᠯ ᠤᠨ ᠲᠤᠯᠢ ᠶᠢ 1990 ᠤᠨ ᠳᠤ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠠᠴᠠ ᠭᠡᠪᠯᠡᠪᠡ᠃ ᠡᠨᠡ ᠨᠢ ᠨᠡᠶᠢᠭᠡᠮ ᠤᠨ ᠬᠡᠷᠡᠭᠴᠡᠭᠡ ᠳᠤ ᠲᠤᠩ ᠲᠤᠬᠢᠷᠠᠵᠤ᠂ ᠲᠦᠷᠦᠭᠦᠴᠢ ᠶᠢᠨ ᠬᠡᠪᠯᠡᠭᠰᠡᠨ ᠨᠢ ᠲᠤᠰ ᠵᠢᠯ ᠳᠡᠭᠡᠨ ᠪᠠᠷᠠᠵᠤ᠂ 1991ᠤᠨ ᠳᠤ ᠳᠠᠬᠢᠨ ᠬᠤᠶᠠᠳᠡᠬᠢ ᠤᠳᠠᠭ᠎ᠠ ᠪᠠᠨ ᠬᠡᠪᠯᠡᠭᠳᠡᠪᠡ᠃ ᠲᠤᠰ ᠨᠤᠮ ᠨᠢ ᠤᠷᠤᠰ ᠤᠨ ᠫᠦᠷᠪᠦᠶ᠋ᠸᠧ᠂ ᠭᠧᠷᠮᠠᠨ ᠤ ᠬᠠᠶᠢᠰᠢᠭ᠂ ᠶᠠᠫᠤᠨ ᠤ ᠬᠠᠰᠢᠮᠤᠲ᠋ᠤ᠋᠂ ᠬᠠᠰᠤᠮᠢ᠂ ᠮᠤᠩᠭᠤᠯ ᠤᠨ ᠱ᠊᠂ ᠨᠠᠴᠤᠭᠳᠤᠷᠵᠢ᠂ ᠪᠢᠷ᠎ᠡ᠂ ᠴᠢ᠊ ᠳᠠᠯᠠᠢ ᠵᠡᠷᠭᠡ ᠶᠢᠨ ᠳᠡᠯᠡᠬᠡᠢ ᠶᠢᠨ 9 ᠤᠯᠤᠰ  ᠤᠨ 14 ᠡᠷᠳᠡᠮᠲᠡᠨ ᠤᠨ ᠠᠩᠬᠠᠷᠤᠯ ᠢ ᠲᠠᠲᠠᠨ᠂ ᠵᠠᠬᠢᠲᠠᠯ ᠢᠷᠡᠭᠦᠯᠵᠦ ᠢᠯᠡᠭᠡᠵᠦ ᠦᠭᠬᠦ ᠪᠤᠯᠪᠠᠤ ᠭᠡᠰᠡᠨ ᠪᠠᠶᠢᠨ᠎ᠠ᠃ 1992ᠤᠨ ᠤ 6 ᠰᠠᠷ᠎ᠠ ᠲᠠᠶᠢᠸᠠᠨ ᠳᠤ ᠪᠤᠯᠤᠭᠰᠡᠨ ᠳᠡᠯᠡᠬᠡᠢ ᠶᠢᠨ ᠮᠤᠩᠭᠤᠯᠴᠢ ᠡᠷᠳᠡᠮᠲᠡᠳ ᠤᠨ ᠬᠤᠷᠠᠯᠳᠤᠭᠠᠨ ᠠᠴᠠ ︿︿ᠬᠦᠬᠡ ᠵᠤᠯᠠ﹀﹀ ᠠᠴᠠ ᠪᠠᠨ 30 ᠳᠡᠪᠲᠡᠷ ᠢᠷᠡᠭᠦᠯᠵᠦ ᠦᠭᠬᠦᠨ᠎ᠡ ᠤᠤ ᠭᠡᠰᠡᠨ ᠵᠠᠬᠢᠶ᠎ᠠ ᠴᠦ ᠢᠷᠡᠵᠦ ᠪᠠᠶᠢᠭᠰᠠᠨ ᠪᠢᠯᠡ᠃ ᠮᠦᠨ ᠤᠨ ᠳᠤ ᠲᠤᠰ ᠨᠤᠮ ᠨᠢ ᠤᠷᠤᠨ ᠤ ᠡᠯ᠎ᠡ ᠬᠡᠪᠯᠡᠯ ᠤᠨ ᠬᠤᠷᠢᠶᠠᠨ ᠤ ᠰᠢᠯᠢᠳᠡᠭ ᠨᠤᠮ ᠤᠨ ᠠᠳᠠᠯᠢᠳᠬᠠᠯ ᠳᠤ ᠰᠢᠯᠭᠠᠷᠠᠵᠤ ᠨᠢᠭᠡᠳᠦᠭᠡᠷ ᠲᠡᠰ ᠤᠨ ᠱᠠᠩᠨᠠᠯ ᠬᠦᠷᠲᠡᠭᠰᠡᠨ ᠪᠠ 11 ᠰᠠᠷ᠎ᠠ ᠳᠤ ᠨᠢ ᠲᠦᠪ ᠤᠨ ᠬᠡᠪᠯᠡᠯ ᠤᠨ ᠶᠠᠮᠤᠨ ᠤ ᠭᠤᠷᠪᠠᠳᠤᠭᠠᠷ ᠲᠡᠰ ᠤᠨ ᠱᠠᠩᠨᠠᠯ ᠢ ᠬᠦᠷᠲᠡᠪᠡ᠃ ᠠᠭᠤᠯᠭ᠎ᠠ ᠨᠢ ᠰᠤᠨᠢᠷᠬᠠᠯᠲᠠᠢ ᠲᠡᠭᠡᠷ᠎ᠡ ᠪᠠᠨ ᠪᠦᠷ ᠮᠤᠩᠭᠤᠯᠴᠤᠳ ᠤᠨ ᠮᠠᠷᠲᠠᠵᠤ ᠪᠠᠶᠢᠭ᠎ᠠ ᠵᠠᠩ ᠦᠢᠯᠡ ᠪᠠᠭᠲᠠᠭᠳᠠᠭᠰᠠᠨ ᠲᠤᠯᠠ ᠮᠤᠩᠭᠤᠯ ᠤᠯᠤᠰ ᠤᠨ ᠬᠢᠨ ᠴᠦ ᠪᠠᠭ᠋ᠠᠷᠬᠠᠵᠤ ᠰᠢᠨ᠎ᠡ ᠦᠰᠦᠭ ᠲᠤ ᠪᠠᠭᠤᠯᠭᠠᠪᠠ᠃ ᠮᠦᠨ ᠦᠪᠦᠷ ᠮᠤᠩᠭᠤᠯ ᠤᠨ ᠮᠤᠩᠭᠤᠯ ᠬᠡᠯᠡ ᠪᠢᠴᠢᠭ ᠰᠡᠳᠬᠦᠯ ᠳᠤ᠂ ᠶᠡᠷᠦᠩᠬᠡᠢ ᠨᠠᠶᠢᠷᠠᠭᠤᠯᠤᠭᠴᠢ ᠷᠡ᠊ ᠰᠦᠬᠡ᠄ ︿︿︿ᠬᠦᠬᠡ ᠵᠤᠯᠠ﹀ ᠭᠡᠳᠡᠭ ᠡᠨᠡ ᠨᠤᠮ ᠬᠡᠳᠦᠶᠢᠪᠡᠷ ᠨᠢᠮᠭᠡᠬᠡᠨ ᠴᠦ ᠠᠭᠤᠯᠭ᠎ᠠ ᠶᠢᠨ ᠬᠤᠪᠢ ᠳᠤ ᠮᠤᠩᠭᠤᠯ ᠦᠨᠳᠦᠰᠦᠲᠡᠨ ᠤ ᠠᠮᠢᠳᠤᠷᠠᠯ ᠤᠨ ᠨᠡᠪᠲᠡᠷᠬᠡᠢ ᠲᠤᠯᠢ﹀﹀ ᠭᠡᠵᠤ ᠬᠡᠯᠡᠵᠤ ᠪᠤᠯᠤᠨ᠎ᠠ ᠭᠡᠵᠤ ᠦᠨᠡᠯᠡᠭᠰᠡᠨ ᠪᠢᠯᠡ᠃ 1995 ᠤᠨ ᠳᠤ ︿︿ᠮᠠᠯ ᠤᠨ ᠶᠠᠰᠤᠨ ᠤ ᠨᠡᠷᠡᠰ ᠤᠨ ᠲᠤᠯᠢ﹀﹀ ᠪᠠᠨ ᠰᠤᠶᠤᠯ ᠤᠨ ᠬᠡᠪᠯᠡᠯ ᠤᠨ ᠬᠤᠷᠢᠶᠠᠨ  ᠳᠤ ᠬᠡᠪᠯᠡᠭᠦᠯᠵᠦ᠂ 1998 ᠤᠨ ᠳᠤ ︿︿ᠬᠦᠬᠡ ᠲᠠᠷᠢᠶᠠᠯᠠᠩ﹀﹀ ᠭᠡᠮᠡᠬᠦ ᠮᠤᠩᠭᠤᠯ ᠲᠠᠷᠢᠶᠠᠯᠠᠩ ᠤᠨ ᠲᠡᠦᠬᠡ ᠶᠢ ᠪᠢᠴᠢᠵᠤ᠂ ᠠᠷᠠᠳ ᠤᠨ ᠬᠡᠪᠯᠡᠯ ᠬᠤᠷᠢᠶᠠᠨ ᠳᠤ ᠬᠡᠪᠯᠡᠭᠦᠯᠪᠡ᠃ ᠮᠦᠨ ᠵᠢᠯ ︿︿ᠬᠦᠬᠡ ᠲᠤᠱᠢ﹀﹀ ᠭᠡᠮᠡᠬᠦ ᠵᠢᠵᠢᠭ ᠡᠮᠬᠢᠳᠬᠡᠯ ᠢᠶᠠᠨ ᠬᠡᠪᠯᠡᠭᠦᠯᠪᠡ᠃ ᠲᠤᠲᠤᠭᠠᠲᠤ ᠬᠡᠪᠯᠡᠯ ᠢᠶᠠᠷ ︿︿ᠤᠷᠠᠳ ᠤᠨ ᠲᠡᠥᠬᠡ ᠲᠤᠪᠴᠢᠶ᠎ᠠ﹀﹀ ᠪᠠ ︿︿ᠤᠷᠠᠳ ᠰᠤᠶᠤᠯ ᠤᠨ ᠲᠡᠭᠡᠵᠢ﹀﹀ ᠭᠡᠮᠡᠬᠦ 65 ᠮᠢᠨᠦ᠋ᠲ ᠤᠨ ᠵᠢᠷᠤᠭᠲᠤ ᠹᠢᠯᠢᠮ ᠵᠡᠷᠭᠡ ᠶᠢ ᠰᠢᠩᠭᠡᠭᠡᠵᠡᠢ᠃ ᠤᠳᠤ ᠸᠠᠩᠵᠢᠯ ᠭᠤᠸᠠᠢ ᠵᠢᠷᠭᠤᠭᠠᠳᠠᠬᠢ ︿︿ᠬᠦᠬᠡ ﹀﹀ ᠪᠠᠨ ᠪᠢᠴᠢᠴᠢᠭᠡᠳ ᠬᠡᠪᠯᠡᠭᠦᠯᠬᠦ ᠳᠤ ᠪᠡᠯᠡᠨ ᠪᠤᠯᠭᠠᠭᠠᠳ ᠪᠠᠶᠢᠨ᠎ᠠ᠃  ᠸᠠᠩᠵᠢᠯ ᠪᠠᠭᠰᠢ ᠵᠦᠪᠬᠡᠨ ᠦᠪᠡᠷ ᠢᠶᠠᠨ ᠰᠤᠳᠤᠯᠭ᠎ᠠ ᠬᠢᠬᠡᠳ ᠵᠤᠭᠰᠤᠭᠰᠡᠨ ᠪᠢᠰᠢ᠂ ᠪᠠᠰᠠ ᠪᠤᠰᠤᠳ ᠢ ᠴᠦ ᠬᠠᠪᠰᠤᠷᠴᠤ ᠳᠠᠶᠢᠴᠢᠯᠠᠳᠠᠭ᠃ ᠨᠤᠭᠤᠭᠠᠨᠨᠠᠪᠴᠢ ᠶᠢ ᠵᠤᠷᠢᠭᠵᠢᠭᠤᠯᠤᠨ ︿︿ᠶᠤᠸᠠᠨ ᠲᠦᠷᠦ ᠳᠠᠬᠢ ᠨᠡᠷᠡᠲᠦ ᠬᠦᠮᠦᠰ ᠤᠨ ᠨᠠᠮᠳᠠᠷ﹀﹀ ᠭᠡᠮᠡᠬᠦ ᠨᠤᠮ ᠢ ᠤᠷᠴᠢᠭᠤᠯᠤᠭᠠᠳ᠂ ᠰᠤᠶᠤᠯ ᠤᠨ ᠬᠡᠪᠯᠡᠯ ᠤᠨ ᠬᠤᠷᠢᠶᠠᠨ ᠳᠤ ᠬᠡᠪᠯᠡᠭᠦᠯᠬᠦ ᠪᠠᠷ ᠳᠡᠪᠰᠢᠭᠦᠯᠦᠭᠰᠡᠨ᠃ ᠪᠦᠷᠢᠨᠲᠡᠬᠦᠰ᠂ ᠰᠠᠷᠠᠩ ᠤᠨ ᠵᠤᠬᠢᠶᠠᠯ ᠳᠤ ᠰᠠᠨᠠᠯ ᠵᠦᠪᠯᠡᠭᠡ ᠦᠭᠴᠦ ᠬᠠᠪᠰᠤᠷᠴᠤ ᠪᠠᠶᠢᠭᠰᠠᠨ ᠤᠳᠠᠭ᠎ᠠ ᠲᠠᠢ᠃ ᠡᠬᠦᠨ ᠤ ᠤᠯᠠᠮ  ᠢᠶᠠᠷ 1990 ᠤᠨ ᠳᠤ ︽ᠳᠤᠮᠳᠠᠲᠤ ᠤᠯᠤᠰ ᠤᠨ ᠨᠡᠷᠡᠲᠦ ᠬᠦᠮᠦᠰ ᠤᠨ ᠲᠤᠯᠢ︾ ᠳᠤ᠂ 2002 ᠤᠨ ᠳᠤ ︿︿ᠳᠡᠯᠡᠬᠡᠢ ᠶᠢᠨ ᠴᠤᠯᠭᠤᠷᠠᠭᠰᠠᠨ ᠡᠷᠳᠡᠮᠲᠡᠳ ᠤᠨ ᠨᠡᠷᠡᠳᠦ ᠲᠤᠯᠢ﹀﹀ ᠳᠤ ᠨᠡᠷ᠎ᠡ ᠪᠠᠨ ᠲᠡᠮᠲᠡᠭᠯᠡᠭᠦᠯᠦᠭᠰᠡᠨ ᠪᠠᠶᠢᠨ᠎ᠠ᠃   ᠠᠲᠤᠭᠤᠨ ᠳᠠᠭᠠᠨ ᠬᠠᠶᠢᠷᠠᠲᠠᠢ᠂ ᠪᠦᠭᠡᠴᠢᠨ ᠳᠡᠭᠡᠨ ᠬᠠᠶᠢᠷᠠᠲᠠᠢ ᠪᠠᠶᠢᠲᠠᠭ ᠨᠢ ᠮᠤᠩᠭᠤᠯ ᠲᠦᠮᠡᠨ ᠤ ᠮᠠᠨᠢ ᠨᠡᠶᠢᠲᠡ ᠶᠢᠨ ᠤᠨᠴᠠᠯᠢᠭ ᠭᠡᠵᠤ ᠭᠡᠯᠡᠬᠦ ᠳᠤ ᠢᠯᠡᠬᠦᠲᠡᠮᠡᠷ ᠦᠭᠡᠢ ᠪᠠᠶᠢᠬ᠎ᠠ᠃ ᠲᠡᠷᠡᠴᠢᠯᠡᠨ ᠦᠪᠡᠷ ᠤᠨ ᠪᠡᠶ᠎ᠡ ᠪᠠᠷ ᠢᠶᠠᠨ ᠤᠷᠤᠯᠴᠠᠵᠤ᠂ ᠤᠯᠠᠮᠵᠢᠯᠠᠨ ᠬᠦᠭᠵᠢᠬᠦᠯᠦᠨ᠎ᠡ ᠭᠡᠭᠴᠢ ᠨᠢᠭᠡ ᠶᠤᠰᠤᠨ ᠤ ᠠᠷᠢᠭᠤᠨ ᠦᠢᠯᠡᠰ ᠰᠠᠨ ᠁       ᠪᠣᠷᠵᠢᠬᠢᠨ ᠸᠠᠩᠵᠢᠯ ᠬᠡᠣᠬᠡᠳ ᠪᠠᠶᠢᠬᠤ ᠥᠶ᠎ᠡ ᠠᠴᠠ ᠪᠠᠨ ᠠᠳᠣᠭᠤᠨ ᠳᠤ ᠮᠠᠰᠢ ᠲᠣᠷ᠎ᠠ ᠪᠠᠭ᠋ᠠᠳᠠᠢ ᠪᠠᠶᠢᠵᠣ ᠲᠠᠪᠤᠨ ᠨᠠᠰᠣ ᠲᠠᠢ ᠳᠠᠭᠠᠨ ᠵᠡᠬᠦᠨ ᠪᠠᠶᠠᠨ ᠤ ᠠᠳᠣᠭᠤ ᠣᠰᠣᠨ ᠳᠤ ᠣᠷᠣᠬᠤ ᠥᠶ᠎ᠡ ᠪᠠᠷ ᠰᠥᠷᠣᠭ᠌ ᠢ ᠨᠢ ᠲᠠᠭᠠᠵᠣ ᠬᠥᠶᠣᠬᠡᠳ ᠠᠬᠠᠰ ᠵᠠᠬᠠᠰ ᠳᠠᠭᠠᠨ ᠠᠭᠠᠰᠢᠯᠠᠭᠤᠯᠵᠣ ᠪᠠᠶᠢᠵᠠᠢ᠃   ᠲᠣᠮᠳᠠᠳᠣ ᠰᠣᠷᠭᠠᠭᠤᠯᠢ ᠳᠤ ᠪᠠᠭᠰᠢᠯᠠᠵᠣ ᠪᠠᠶᠢᠬᠤ ᠳᠠᠭᠠᠨ ᠬᠤᠰᠢᠭᠤ ᠬᠠᠪᠢ ᠶᠢᠨ ᠪᠠᠷᠢᠭᠠᠳᠠ ᠨᠤᠭᠤᠳ ᠲᠤ ᠲᠠᠭ᠎ᠠ ᠲᠠᠮᠠᠭᠠᠯᠠᠬᠤ᠂ ᠥᠷᠢᠶ᠎ᠡ ᠬᠠᠭᠠᠷᠢᠬᠤ ᠰᠣᠷᠠᠭ ᠭᠠᠷᠣᠮᠠᠬᠴᠠ ᠠᠩᠬᠠᠨ ᠳᠠᠭᠠᠨ ᠲᠠᠷᠤᠭ᠎ᠠ ᠠᠴᠠ ᠪᠠᠨ ᠴᠢᠯᠣᠬᠡ ᠭᠤᠶᠣᠵᠣ ᠰᠡᠬᠦᠯᠳᠡᠵᠣ ᠢᠷᠡᠬᠡᠳ ᠪᠠᠭᠰᠢ ᠨᠠᠷ ᠲᠠᠢ ᠬᠢᠴᠢᠶᠡᠯ ᠤᠨ ᠴᠠᠭ ᠢᠶᠠᠨ ᠰᠣᠯᠢᠵᠣ ᠲᠣᠬᠢᠷᠠᠭᠤᠯᠣᠭᠠᠳ ᠶᠠᠪᠤᠲᠠᠭ ᠪᠠᠶᠢᠭᠰᠠᠨ ᠢ ᠨᠢ ᠶᠠᠭᠤᠮᠠᠨ ᠳᠤ ᠲᠤᠷᠠᠲᠡᠢ ᠨᠢᠭᠡ ᠨᠢ ᠲᠠᠷᠤᠭ᠎ᠠ ᠪᠠᠭᠰᠢ ᠳᠤ ᠵᠠᠭᠠᠯᠲᠤᠭᠰᠠᠨ ᠠᠴᠠ ᠰᠢᠬᠦᠮᠵᠢᠯᠡᠬᠦᠯᠵᠣ ᠶᠠᠪᠣᠵᠠᠢ᠃ ᠣᠯᠠᠮ  ᠢᠶᠠᠷ ᠠᠳᠣᠭᠤ ᠮᠣᠷᠢᠨ ᠳᠤ ᠰᠢᠨᠣᠯᠳᠠᠢ ᠪᠣᠯᠵᠣ ᠥᠪᠡᠷ ᠤᠨ ᠬᠢᠨᠢ ᠬᠠᠷᠢᠭᠤᠴᠠᠨ ᠤᠶᠠᠵᠤ ᠪᠠᠶᠢᠭᠰᠠᠨ ᠮᠣᠷᠢ ᠨᠢ ᠪᠠᠶᠠᠨᠨᠠᠭᠤᠷ ᠤᠨ ᠣᠷᠣᠯᠳᠣᠭᠠᠨ ᠮᠣᠷᠢ ᠬᠡᠮᠡᠨ ᠣᠯᠣᠰ ᠣᠷᠣᠨ ᠤ ᠲᠡᠮᠳᠡᠭᠯᠡᠯ ᠢ ᠲᠣᠰ ᠲᠣᠰ ᠡᠪᠳᠡᠵᠣ ᠶᠠᠪᠣᠬᠰᠠᠨ ᠳᠤ ᠪᠠᠨ ᠪᠠᠶᠠᠷᠯᠠᠨ ︽ᠣᠷᠠᠳ ᠤᠨ ᠣᠯᠠᠭᠠᠨ ᠬᠡᠬᠡᠷ ᠬᠤᠷᠳᠣᠨ ᠮᠣᠷᠢᠨ ᠤ ᠨᠡᠶᠢᠬᠡᠮᠯᠢᠭ︾ ᠢ 1996 ᠣᠨ ᠳᠤ ᠪᠠᠶᠢᠭᠤᠯᠵᠤ᠂ 1997 ᠤᠨ ᠳᠤ ᠣᠷᠠᠳ ᠤᠨ ᠲᠣᠮᠳᠠᠳᠣ ᠬᠤᠰᠢᠭᠤᠨ ᠤ ᠪᠠᠷᠠᠭᠤᠨᠪᠤᠯᠠᠭ ᠣᠰᠣᠨ ᠴᠥᠬᠦᠷᠣᠮ ᠤᠨ ᠲᠣᠳᠣᠷᠠᠬᠢ ᠴᠡᠴᠡᠷᠯᠢᠭ ᠲᠤ ᠬᠠᠳᠠᠨ ᠬᠥᠰᠢᠶ᠎ᠡ ᠪᠣᠰᠬᠠᠵᠣ ᠣᠷᠠᠳ ᠤᠨ ᠬᠤᠷᠳᠣᠨ ᠮᠣᠷᠢᠨ ᠤ ᠨᠡᠶᠢᠬᠡᠮᠯᠢᠭ ᠪᠠᠶᠢᠭᠤᠯᠣᠬᠳᠠᠬᠰᠠᠨ ᠢ ᠲᠤᠷᠠᠰᠬᠠᠭᠰᠠᠨ ᠪᠠᠶᠢᠨ᠎ᠠ᠃ ᠸᠠᠩᠵᠢᠯ ᠪᠠᠭᠰᠢ ᠡᠬᠦᠨ ᠢᠶᠠᠨ ᠨᠢᠬᠡ︽ᠷᠣᠮᠠᠨ︾ ᠪᠢᠴᠢᠭᠰᠡᠨ ᠲᠠᠢ ᠲᠡᠩᠴᠡᠨ᠎ᠡ ᠬᠡᠵᠣ ᠶᠠᠷᠢᠳᠠᠭ ᠰᠠᠨ︕  ᠪᠣᠷᠵᠢᠬᠢᠨ ᠸᠠᠩᠵᠢᠯ ᠬᠠᠷ᠎ᠠ ᠪᠠᠭ᠎ᠠ ᠠᠴᠠ ᠪᠠᠨ ᠪᠥᠬᠡ ᠪᠠᠷᠢᠯᠳᠣᠬᠤ ᠲᠣᠷ᠎ᠠ ᠲᠠᠢ᠂ ᠲᠡᠷᠡ ᠲᠣᠮᠳᠠᠳᠣ ᠰᠣᠷᠭᠠᠭᠤᠯᠢ ᠳᠤ ᠪᠠᠶᠢᠬᠤ ᠳᠠᠭᠠᠨ ᠪᠠᠷᠠᠭᠤᠨ ᠪᠠᠭᠠᠷᠢᠨ ᠳᠤ ᠪᠤᠯᠤᠬᠰᠠᠠ ᠠᠶᠢᠮᠠᠭ ᠤᠨ ᠨᠠᠶᠢᠷ ᠲᠤ ᠪᠥᠬᠡ ᠲᠣᠳᠠᠵᠣ ᠪᠠᠶᠢᠨ᠎ᠠ ᠬᠡᠵᠣ ᠸᠠᠩᠵᠢᠯ ᠢ ᠠᠷᠣ ᠬᠤᠷᠴᠢᠨ ᠬᠤᠰᠢᠭᠤᠨ ᠤ ᠨᠡᠷᠡᠳᠣ ᠪᠥᠬᠡ ᠶᠢ ᠬᠠᠶᠠᠵᠤ ᠤᠬᠢᠯᠠᠭᠤᠯᠣᠭᠠᠳ᠂ ᠬᠢᠨᠠᠬᠴᠢ ᠶᠢᠨ ᠠᠯᠪᠠᠳᠠᠯᠭ᠎ᠠ ᠪᠠᠷ ᠥᠳᠡ ᠬᠤᠶᠢᠨ᠎ᠠ ᠨᠢ ᠲᠠᠬᠢᠨ ᠪᠠᠷᠢᠯᠳᠣᠭᠤᠯᠵᠣ ᠣᠶᠢᠴᠢᠬᠰᠠᠨ ᠳᠤ᠂ ᠬᠢᠨᠠᠬᠴᠢ ᠲᠡᠬᠦᠨ ᠢ ᠪᠢᠯᠠᠭᠤ ᠬᠤᠯᠠ ᠰᠢᠳᠡᠬᠦ ᠤᠷᠤᠯᠲᠤᠭᠠᠨ  ᠳᠤ ᠣᠷᠣᠭᠤᠯᠣᠬᠰᠠᠨ ᠳᠤ 70 ᠭᠠᠷᠣᠢ ᠮᠧᠲᠷ ᠬᠤᠯᠠ ᠰᠢᠳᠡᠵᠣ ᠲᠥᠷᠣᠬᠦᠯᠡᠵᠠᠢ᠃   1957 ᠣᠨ ᠳᠤ ᠬᠤᠰᠢᠭᠤᠨ ᠤ ᠪᠠᠨ ᠨᠠᠶᠢᠷ ᠬᠢᠭᠰᠡᠨ ᠳᠤ ᠭᠠᠳᠠᠨ᠎ᠠ ᠠᠴᠠ ᠢᠷᠡᠭᠰᠡᠨ ᠬᠤᠰᠢᠭᠤ ᠲᠡᠷᠢᠬᠦᠨ ᠪᠥᠬᠡ ᠶᠢ ᠬᠠᠶᠠᠵᠣ ᠭᠤᠳᠠᠭᠠᠷ ᠲᠤ ᠣᠷᠣᠵᠣ ᠶᠡᠬᠡᠳᠡ ᠣᠷᠮᠠᠰᠢᠵᠠᠢ᠃ 1960 ᠣᠨ ᠳᠤ ᠪᠥᠬᠦ ᠣᠷᠣᠨ ᠤ ᠵᠠᠯᠠᠭᠤᠴᠣᠳ ᠤᠨ ᠪᠥᠬᠡ ᠶᠢᠨ ᠣᠷᠣᠯᠳᠣᠭᠠᠨ ᠳᠤ ᠲᠡᠳ᠋ᠯᠡᠪᠡ᠃ ᠡᠨᠡ ᠨᠢ ᠸᠠᠩᠵᠢᠯ ᠤᠨ ᠪᠠᠷᠢᠯᠳᠣᠭᠠᠨ  ᠤ ᠣᠷᠬᠢᠯ ᠪᠣᠯᠪᠠ᠃ ᠬᠥᠮᠥᠰ ᠸᠠᠩᠵᠢᠯ ᠤᠨ ᠣᠶᠢᠴᠢᠬᠤ ᠶᠢ ᠣᠯᠵᠣ ᠥᠵᠡᠶ᠎ᠡ ᠬᠡᠵᠣ ᠨᠠᠶᠢᠷ ᠲᠠᠮᠵᠢᠨ ᠶᠠᠪᠤᠲᠠᠭ ᠪᠠᠶᠢᠵᠠᠢ᠃ ᠨᠢᠬᠡ ᠣᠳᠠᠭ᠎ᠠ ᠴᠣᠩᠵᠢ ᠰᠣᠮᠣᠨ ᠤ ᠨᠠᠶᠢᠷ ᠲᠤ᠂ ᠥᠷᠯᠣᠬᠡ ᠠᠴᠠ ᠡᠬᠢᠯᠡᠨ ᠣᠶᠠᠭᠠᠳ᠂ ᠢᠳᠡᠬᠦᠯᠵᠣ ᠣᠣᠭᠤᠯᠭᠠᠬᠤ ᠥᠬᠡᠢ ᠪᠠᠷ᠂ ᠠᠮᠠᠷᠠᠭᠤᠯᠬᠤ ᠥᠬᠡᠢ ᠪᠠᠷ ᠥᠳᠡᠰᠢ ᠪᠤᠯᠵᠤ᠂ ᠯᠠᠪᠯᠠᠭᠤᠯᠣᠬᠰᠠᠨ ᠳᠤ ᠨᠦᠬᠦᠭᠡ ᠲᠠᠯ᠎ᠠ ᠢᠶᠠᠨ ᠬᠠᠶᠠᠬᠤ ᠳᠤ᠂ ᠨᠠᠶᠢᠷ ᠤᠨ ᠪᠥᠬᠡ ᠪᠠᠨ ᠥᠨᠣᠳᠥᠷ ᠲᠤᠨᠢ ᠪᠠᠷᠠᠭᠠᠨ᠎ᠠ ᠬᠡᠳ ᠲᠠᠯᠠᠪᠠᠢ ᠠᠴᠠ ᠭᠠᠷᠭᠠᠯ ᠥᠬᠡᠢ ᠪᠠᠷ ᠪᠠᠷᠢᠯᠳᠣᠭᠤᠯᠬᠤ ᠳᠤ ᠮᠥᠨ ᠯᠡ ᠬᠡᠳᠣ ᠬᠡᠳᠣ ᠶᠢ ᠲᠠᠷᠠᠭᠠᠯᠠᠨ ᠬᠠᠶᠠᠵᠣ᠂ ᠲᠡᠳ᠋ ᠲᠡᠷᠢᠬᠦᠨ ᠲᠡᠬᠡᠷ᠎ᠡ ᠬᠥᠷᠬᠦ ᠳᠤ ᠶᠠᠭ ᠬᠠᠷᠠᠩᠭᠤᠢ ᠪᠣᠯᠣᠬᠰᠠᠨ ᠲᠣᠯᠠ ᠸᠠᠩᠵᠢᠯ ᠭᠤᠸᠠᠢ ᠶᠢᠨ ᠬᠥᠯ ᠲᠡᠬᠡᠷ᠎ᠡ ᠨᠢ ᠭᠠᠷ ᠳ᠋ᠧᠩ ᠲᠣᠰᠬᠠᠨ ᠪᠠᠷᠢᠵᠣ᠂ ᠨᠦᠬᠦᠭᠡ ᠡᠲᠡᠭᠡᠳ ᠢᠶᠠᠷ ᠨᠢ ᠸᠠᠩᠵᠢᠯ ᠪᠠᠭᠰᠢ ᠶᠢᠨ ᠬᠤᠶᠠᠷ ᠬᠥᠯ ᠢ ᠬᠠᠪᠤᠳᠳᠠᠯ᠎ᠠ ᠢᠰᠬᠦᠯᠡᠬᠦᠯᠵᠣ ᠪᠠᠶᠢᠭᠠᠳ ᠬᠠᠶᠠᠭᠤᠯᠪᠠ᠃ ᠨᠠᠶᠢᠷ ᠲᠠᠮᠵᠢᠨ ᠲᠠᠭᠠᠵᠣ ᠶᠠᠪᠣᠬᠰᠠᠨ ᠪᠥᠬᠡᠴᠣᠳ᠂ ᠦᠵᠡᠭᠴᠢᠳ᠄ ︽ᠮᠠᠨᠠᠶᠢᠬᠢᠨ ᠨᠣᠬᠠᠶᠢᠯᠠᠬᠰᠠᠨ ᠢᠶᠠᠷ ᠥᠨᠥᠳᠣᠷ ᠸᠠᠩᠵᠢᠯ ᠤᠨ ᠣᠨᠠᠬᠤ ᠶᠢ ᠨᠢᠬᠡ ᠣᠯᠵᠣ ᠥᠵᠡᠯ᠎ᠡ ᠭᠡᠵᠡᠭᠡᠵᠦ ᠪᠠᠶᠢᠵᠠᠢ᠃ ᠸᠠᠩᠵᠢᠯ ᠪᠠᠭᠰᠢ ᠪᠤᠯ ᠥᠨᠡᠬᠡᠷ ᠨᠢᠬᠡᠨ ᠡᠷ᠎ᠡ ᠪᠢᠷ᠎ᠠ ᠲᠠᠢ ᠰᠠᠶᠢᠨ ᠪᠥᠬᠡ ᠪᠠᠶᠢᠬᠰᠠᠨ ᠨᠢ ᠶᠠᠭᠠᠬᠢᠬᠤ ᠶᠢᠨ ᠠᠷᠭ᠎ᠠ ᠥᠬᠡᠢ ᠥᠨᠡᠨ ᠶᠣᠮ᠃ ᠨᠠᠶᠢᠷ ᠲᠠᠷᠬᠠᠬᠰᠠᠨ ᠤ ᠮᠠᠷᠭᠠᠰᠢ ᠨᠢ ᠸᠠᠩᠵᠢᠯ ᠭᠤᠸᠠᠢ ᠪᠤᠴᠠᠬᠤ ᠬᠡᠳ ᠠᠯᠬᠤᠵᠣ ᠲᠡᠶᠢᠯᠬᠦ ᠥᠬᠡᠢ ᠳᠤ ᠠᠳᠣᠭᠤᠴᠢᠨ ᠰᠢᠷᠣᠪᠳᠣᠷᠵᠢ ᠭᠤᠸᠠᠢ ᠶᠢᠨ ᠣᠷᠣᠯᠳᠣᠭᠠᠨ ᠮᠣᠷᠢ ᠶᠢ ᠵᠠᠶᠢᠲᠠᠯᠠᠵᠤ ᠲᠥᠩᠬᠡᠵᠣ ᠬᠠᠷᠢᠵᠣ ᠢᠷᠡᠭᠰᠡᠨ ᠶᠣᠮ ᠪᠢᠯᠡ᠃    ᠦᠨᠲᠦᠰᠦᠲᠡᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠲᠤ ᠦᠷᠬᠦᠯᠵᠢᠯᠡᠨ ᠵᠢᠳᠬᠦᠵᠦ᠂ ᠦᠷ᠎ᠡ ᠬᠤᠶᠢᠴᠢᠰ ᠤᠨ ᠢᠶᠠᠨ ᠲᠦᠯᠦᠭᠡ ᠦᠲᠡᠯᠦᠭᠡ ᠨᠠᠰᠤᠨ  ᠤ ᠦᠭᠬᠢᠶᠡᠮᠦᠷ ᠬᠠᠶᠢᠷ᠎ᠠ ᠪᠠᠨ ᠢᠪᠢᠯᠦᠬᠦᠯᠦᠭᠰᠡᠭᠡᠷ ᠁     2010 ᠤᠨ ᠤ 9 ᠰᠠᠷ᠎ᠠ ᠳᠤ᠂ ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠰᠤᠷᠭᠠᠭᠤᠯᠢ ᠶᠢᠨ ︽ᠪᠢᠴᠢᠬᠠᠨ ᠵᠤᠬᠢᠶᠠᠯᠴᠢᠳ ᠤᠨ ᠠᠩᠬᠢ︾ ᠪᠠᠶᠢᠭᠤᠯᠤᠭᠲᠠᠭᠰᠠᠨ ᠴᠢᠮᠡᠭᠡ ᠶᠢ ᠰᠤᠨᠤᠰᠤᠭᠠᠳ ᠸᠠᠩᠵᠢᠯ ᠪᠠᠭᠰᠢ ᠲᠤᠩ ᠪᠠᠶᠠᠷᠯᠠᠨ᠂ ᠠᠶᠠᠨ ᠵᠠᠮ ᠢ ᠬᠤᠯᠠ ᠭᠡᠵᠤ ᠬᠠᠶᠢᠬᠤᠷᠤᠯ ᠦᠭᠡᠢ᠂ ᠨᠠᠰᠤ ᠠᠭᠰᠢᠷᠠᠵᠤ ᠪᠡᠶ᠎ᠡ ᠠᠨᠠᠢ ᠪᠤᠯᠤᠭᠰᠠᠨ ᠭᠡᠵᠤ ᠪᠤᠲᠤᠯ ᠦᠭᠡᠢ ᠭᠦᠬᠡᠬᠤᠲᠠ ᠠᠴᠠ ᠡᠭᠡ ᠰᠤᠷᠭᠠᠭᠤᠯᠢ ᠳᠠᠭᠠᠨ ᠢᠷᠡᠵᠦ᠂ ᠦᠰᠪᠦᠷᠢ ᠶᠢᠨ ᠵᠢᠭᠠᠬᠠᠨ ᠭᠡᠤᠭᠡᠳ ᠲᠤ ᠤᠷᠠᠨ ᠵᠤᠬᠢᠶᠠᠯ ᠪᠢᠴᠢᠬᠦ ᠲᠤᠬᠠᠢ ᠬᠢᠴᠢᠶᠡᠯ ᠤᠷᠤᠭᠰᠠᠨ ᠨᠢ ᠪᠠᠭᠰᠢ ᠠᠵᠢᠯᠲᠠᠨ ᠠᠴᠠ ᠡᠬᠢᠯᠡᠨ ᠦᠷᠭᠡᠨ ᠤᠯᠠᠨ ᠰᠤᠷᠤᠭᠴᠢᠳ ᠲᠤ ᠲᠤᠩ ᠶᠡᠭᠡ ᠵᠤᠷᠢᠭᠵᠢᠭᠤᠯᠤᠯ ᠪᠤᠯᠤᠭᠰᠠᠨ ᠪᠠᠶᠢᠨ᠎ᠠ᠃ ᠢᠯᠠᠩᠭᠤᠶ᠎ᠠ 2011 ᠤᠨ ᠤ 11 ᠰᠠᠷ᠎ᠠ ᠳᠤ᠂ ᠡᠭᠡ ᠰᠤᠶᠤᠯ ᠳᠠᠭᠠᠨ ᠬᠠᠶᠢᠷᠠᠲᠠᠢ ᠬᠦᠮᠦᠰ ᠤᠨ ᠪᠡᠯᠡ ᠮᠦᠩᠬᠦ ᠶᠢᠨ ᠬᠠᠪᠰᠤᠷᠤᠯᠭ᠎ᠠ ᠲᠤᠤᠷ᠎ᠠ 8 ᠰᠠᠷ᠎ᠠ ᠭᠠᠷᠤᠢ  ᠶᠢᠨ ᠬᠦᠴᠦ ᠬᠦᠯᠦᠰᠦ ᠶᠢ ᠤᠷᠤᠰᠬᠠᠨ᠂ ᠪᠡᠶ᠎ᠡ ᠰᠡᠳᠬᠢᠯ ᠢᠶᠠᠨ ᠵᠦᠲᠡᠭᠡᠨ ᠪᠠᠶᠢᠵᠤ᠂ ᠦᠨᠲᠦᠰᠦᠲᠡᠨ ᠤ ᠢᠷᠡᠭᠡᠲᠦᠢ᠂ ᠦᠪ ᠰᠤᠶᠤᠯ ᠤᠨ ᠲᠠᠷᠬᠠᠨ ᠭᠤᠯᠤᠮᠲᠠ ᠶᠢ ᠵᠠᠯᠭᠠᠮᠵᠢᠯᠠᠨ ᠬᠦᠭᠵᠢᠬᠦᠯᠬᠦ ᠬᠦᠨᠲᠦ ᠡᠭᠦᠷᠭᠡ ᠶᠢ ᠲᠤᠰᠴᠦ ᠶᠠᠪᠤᠭ᠎ᠠ ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠦᠨᠲᠦᠰᠦᠲᠡᠨ ᠤ ᠰᠤᠷᠭᠠᠭᠤᠯᠢ ᠳᠤ︽ᠤᠷᠠᠳ ᠰᠤᠶᠤᠯ ᠤᠨ ᠶᠢᠰᠦᠨ ᠪᠠᠲᠠᠷᠠᠯᠲᠤ ᠪᠦᠲᠦᠭᠡᠯ᠂ ᠦᠪᠦᠷ ᠮᠤᠩᠭᠤᠯ ᠤᠨ ᠷᠤᠮᠡᠨ ᠤ ᠦᠯᠦᠭᠡᠢ︾ ᠭᠡᠬᠦ ᠲᠤᠷᠠᠰᠬᠠᠯ ᠤᠨ ᠬᠦᠰᠢᠶ᠎ᠡ ᠶᠢ ᠪᠤᠰᠬᠠᠨ᠂ ᠵᠤᠬᠢᠶᠠᠯᠴᠢ᠂ ᠲᠡᠤᠭᠡᠴᠢᠨ᠂ ᠲᠤᠯᠢᠴᠢᠨ᠂ ᠪᠦᠵᠢᠭᠴᠢᠨ᠂ ᠤᠷᠠᠨ ᠲᠠᠷᠬᠠᠳ᠂ ᠤᠷᠴᠢᠭᠤᠯᠤᠭᠴᠢ᠂ ᠲᠠᠭᠤᠴᠢᠨ᠂ ᠪᠦᠭᠡᠴᠢᠨ᠂ ᠤᠷᠠᠨ ᠵᠢᠷᠤᠭᠴᠢᠨ᠂ ᠪᠠᠭᠰᠢ ᠵᠡᠷᠭᠡ ᠤᠷᠠᠳ ᠰᠤᠶᠤᠯ ᠤᠨ ᠬᠦᠭᠵᠢᠯᠲᠡ ᠳᠤ ᠭᠠᠷᠮᠠᠭᠠᠢ ᠵᠢᠳᠬᠦᠯ ᠦᠵᠡᠬᠦᠯᠦᠭᠰᠡᠨ ᠬᠦᠮᠦᠰ ᠢᠶᠠᠨ ᠮᠦᠩᠭᠡᠯᠡᠨ ᠲᠡᠮᠲᠡᠭᠯᠡᠵᠦ᠂ ᠬᠤᠶᠢᠴᠢ ᠦᠶ᠎ᠡ ᠶᠢᠨ ᠬᠢᠨ ᠳᠡᠭᠡᠨ ᠤᠷᠠᠳ ᠰᠤᠶᠤᠯ ᠤᠨ ᠬᠦᠭᠵᠢᠯᠲᠡ ᠶᠢ ᠭᠡᠰᠡᠭ ᠲᠠᠯ᠎ᠠ ᠠᠴᠠ ᠲᠠᠨᠢᠯᠴᠠᠭᠤᠯᠤᠭᠰᠠᠨ ᠪᠦᠭᠡᠳ ᠰᠤᠷᠤᠭᠴᠢᠳ ᠤᠨ ᠤᠷᠮᠠᠰᠢᠯ ᠢ ᠬᠦᠭᠵᠢᠭᠡᠭᠰᠡᠨ ᠪᠠᠶᠢᠨ᠎ᠠ᠃     ᠲᠡᠬᠡᠳᠣ ᠵᠡᠷᠬᠡ ᠶᠢᠨ ᠪᠠᠭᠰᠢ᠂ ᠰᠣᠶᠣᠯ ᠭᠡᠭᠡᠷᠡᠭᠦᠯᠦᠭᠴᠢ᠂ ᠣᠷᠠᠳ ᠰᠣᠶᠣᠯ ᠤᠨ ᠲᠡᠣᠬᠡᠨ ᠬᠥᠭᠵᠢᠯ ᠳᠤ ᠪᠠᠯᠠᠷᠠᠰᠢ ᠥᠬᠡᠢ ᠭᠠᠪᠢᠶ᠎ᠠ ᠵᠢᠳᠬᠦᠯ ᠦᠵᠡᠬᠦᠯᠦᠭᠰᠡᠨ ᠪᠣᠷᠵᠢᠬᠢᠨ ᠸᠠᠩᠵᠢᠯ ᠪᠠᠭᠰᠢ ᠭᠡᠲᠦᠶᠢᠪᠡᠷ ᠨᠠᠶᠠ ᠬᠦᠷᠦᠭᠰᠡᠨ ᠴᠦ᠂ ᠦᠨᠲᠦᠰᠦᠲᠡᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠲᠤ ᠦᠷᠦᠴᠡᠨ ᠤ ᠬᠠᠶᠢᠷ᠎ᠠ ᠪᠠᠨ ᠠᠭᠤᠳᠠᠯᠵᠤ ᠶᠠᠪᠤᠨ᠎ᠠ᠃     ᠡᠪᠣᠬᠡᠨ ᠪᠠᠭᠰᠢ ᠶᠢᠨ ᠢᠶᠠᠨ ᠨᠡᠩ ᠣᠷᠳᠣ ᠨᠠᠰᠣᠯᠠᠵᠣ ᠣᠳᠠᠭᠠᠨ ᠵᠢᠷᠭᠠᠬᠤ ᠶᠢ ᠢᠷᠣᠬᠡᠶ᠎ᠡ︕                                   ︵2012 ᠣᠨ ᠳᠤ᠂ ᠤᠶᠤᠨᠲᠠᠯᠠᠢ ᠮᠥᠩᠬᠡᠰᠥ᠋ᠮᠪᠥᠷ ᠲᠠᠢ ᠬᠠᠮᠲᠤ ᠰᠤᠷᠪᠤᠯᠵᠢᠯᠠᠨ ᠪᠢᠴᠢᠪᠡ︶                                                                                                              ᠪᠠ᠊ ᠊ ᠪᠦᠬᠡ  ᠶᠢᠨ ︽ᠬᠠᠶᠢᠷ᠎ᠠ  ᠪᠠᠷ ᠢᠪᠢᠯᠬᠦ ᠬᠤᠷᠸ᠎ᠠ︾ ᠭᠡᠬᠦ                                                         ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ      
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ