ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠤᠨ ᠤ ᠠᠷᠠᠳ ᠤᠨ ᠶᠠᠪᠤᠳᠠᠯ ᠤᠨ ᠲᠢᠩᠬᠢᠮ ᠤᠨ 1982 ᠣᠨ ᠤ 2 ᠰᠠᠷ᠎ᠠ ᠶᠢᠨ ᠪᠦᠷᠢᠳᠭᠡᠯ ᠳᠤ ᠤᠷᠠᠳ | ᠤᠨ ᠲᠤᠮᠳᠠᠳᠤ ᠬᠤᠰᠢᠭᠤ 1 ᠪᠠᠯᠭᠠᠰᠤ᠂ 19 ᠨᠢᠭᠡᠳᠦᠯ ᠲᠠᠢ ᠪᠠᠶᠢᠪᠠ᠃ 1984 ᠣᠨ ᠳᠤ ᠮᠠᠯᠵᠢᠬᠤ ᠤᠷᠤᠨ ᠤ ᠨᠢᠭᠡᠳᠦᠯ ᠢ ᠰᠣᠮᠣ ᠭᠡᠵᠦ ᠨᠡᠷᠡᠯᠡᠨ᠂ ᠲᠠᠷᠢᠶᠠᠯᠠᠬᠤ | ᠤᠷᠤᠨ ᠤ ᠨᠢᠭᠡᠳᠦᠯ ᠢ ᠰᠢᠶᠠᠩ ᠭᠡᠵᠦ ᠦᠭᠡᠷᠡᠴᠢᠯᠡᠪᠡ᠃ 1986 ᠣᠨ᠂ 2001 ᠤᠨ᠂ 2004 ᠣᠨ᠂ 2005 ᠣᠨ ᠤ ᠣᠷᠢᠳ ᠬᠤᠵᠢᠳ ᠭᠡᠲᠦ ᠤᠳᠠᠭᠠᠨ ᠤ | ᠲᠣᠬᠢᠷᠠᠭᠤᠯᠤᠯᠲᠠ ᠦᠭᠡᠷᠡᠴᠢᠯᠡᠯᠲᠡ ᠪᠠᠷ ᠳᠠᠮᠵᠢᠭᠠᠳ 3 ᠰᠣᠮᠣ ︵ᠪᠠᠶ᠋ᠬᠠᠤᠯᠠᠭᠠᠨ᠂ ᠬᠤᠯᠤᠰᠤᠲᠠᠢ᠂ ᠰᠢᠨᠡᠬᠦ᠋ᠷᠢᠶ᠎ᠡ︶᠂ 5 ᠪᠠᠯᠭᠠᠰᠤ ︵ᠬᠠᠯᠢᠭᠤᠲᠤ᠂ ᠦᠵᠦᠭᠦᠷ ᠭᠤᠣᠯ᠂ | ᠴᠣᠩᠵᠢ᠂ ᠳᠡᠯ ᠠᠭᠤᠯᠠ᠂ ᠰᠢᠬ᠎ᠠ ᠭᠤᠣᠯ ︶ ᠪᠣᠯᠭᠠᠨ ᠴᠣᠮᠬᠠᠳᠬᠠᠵᠠᠢ᠃ | ᠤᠷᠠᠳ ᠤᠨ ᠲᠤᠮᠳᠠᠳᠤ ᠬᠤᠰᠢᠭᠤᠨ ᠤ ᠬᠤᠰᠢᠭᠤᠨ ᠲᠦᠪ ᠬᠠᠯᠢᠭᠤᠲᠤ ᠪᠠᠯᠭᠠᠰᠤ ᠶᠢᠨ ᠭᠠᠵᠠᠷ ᠤᠨ ᠨᠡᠷᠡᠰ ᠢ ᠲᠣᠣᠷ᠎ᠠ ᠵᠢᠭᠰᠠᠭᠠᠶᠠ᠃ | ᠬᠠᠯᠢᠭᠤᠲᠤ ᠪᠠᠯᠭᠠᠰᠣ᠄ ᠤᠷᠠᠳ ᠤᠨ ᠲᠤᠮᠳᠠᠳᠤ ᠬᠤᠰᠢᠭᠤᠨ ᠤ ᠬᠤᠰᠢᠭᠤᠨ ᠲᠦᠪ ᠪᠠᠶᠢᠷᠢᠯᠠᠵᠤ ᠪᠠᠶᠢᠬᠤ ᠪᠠᠯᠭᠠᠰᠤ ᠪᠤᠯᠤᠨ᠎ᠠ᠃ ᠬᠠᠯᠢᠭᠤᠲᠤ ᠭᠡᠳᠡᠭ ᠨᠡᠷ᠎ᠡ ᠶᠢᠨ | ᠲᠤᠬᠠᠢ ᠲᠣᠰ ᠭᠠᠵᠠᠷ ᠤᠨ ᠠᠬᠠᠮᠠᠳ ᠨᠠᠰᠤᠲᠠᠳ ᠤᠨ ᠶᠠᠷᠢᠬᠤ ᠪᠠᠷ ᠦᠩᠭᠡᠷᠡᠭᠰᠡᠨ ᠳᠤ ᠡᠨᠡ ᠭᠠᠵᠠᠷ ᠬᠠᠯᠢᠭᠤ ᠭᠡᠳᠡᠭ ᠠᠮᠢᠲᠠᠨ ᠣᠷᠣᠰᠢᠨ ᠠᠮᠢᠳᠣᠷᠠᠵᠤ ᠪᠠᠶᠢᠭᠰᠠᠨ | ᠠᠴᠠ ᠬᠠᠯᠢᠭᠤᠲᠤ ᠭᠡᠵᠦ ᠨᠡᠷᠡᠯᠡᠪᠡ ᠭᠡᠨ᠎ᠡ᠃ ᠲᠣᠰ ᠪᠠᠯᠭᠠᠰᠤᠨ ᠳᠤ ᠬᠦᠷᠦᠮᠲᠦ᠂ ᠪᠠᠶᠠᠨᠮᠠᠨᠳᠣᠬᠤ᠂ ᠬᠠᠷᠠᠴᠢᠯᠠᠭᠤ᠂ ᠬᠠᠨ ᠠᠭᠤᠯᠠ᠂ ᠪᠣᠭᠳᠠ᠂ ᠠᠯᠳᠠᠨᠬᠤᠰᠢᠭᠤ᠂ | ᠰᠢᠷᠠᠴᠢᠯᠠᠭᠤ ᠵᠡᠷᠭᠡ ᠭᠠᠴᠠᠭ᠎ᠠ᠂ ᠪᠠᠷᠠᠭᠤᠨᠪᠤᠯᠠᠭ᠂ ᠪᠠᠶᠠᠨᠲᠠᠯ᠎ᠠ ᠵᠡᠷᠭᠡ ᠲᠣᠰᠬᠤᠨ᠂ ᠲᠣᠩᠬᠠᠲᠠᠢ ᠭᠡᠬᠦ ᠮᠠᠯᠵᠢᠯ ᠤᠨ ᠲᠠᠯᠠᠪᠠᠢ ᠲᠠᠢ ᠶᠤᠮ᠃ | ᠴᠠᠭᠠᠨ ᠦᠨᠳᠦᠷ᠂ ᠲᠤᠯᠤᠭᠠᠢ ᠶᠢᠨ ᠬᠤᠷᠢᠭ᠎ᠠ᠂ ᠴᠠᠭᠠᠨ ᠬᠤᠷᠢᠭ᠎ᠠ᠂ ᠲᠠᠪᠤᠨ ᠲᠤᠯᠤᠭᠠᠢ᠂ ᠰᠢᠬ᠎ᠠ᠂ ᠤᠯᠠᠭᠠᠨ ᠪᠣᠷᠭᠠᠰᠤᠲᠠᠢ᠂ ᠴᠠᠭᠠᠨ ᠬᠦᠲᠦᠯ᠂ ᠵᠡᠭᠦᠨ | ᠲᠡᠷᠡᠰᠦᠲᠡᠢ ᠪᠠᠶᠢᠰᠢᠩ᠂ ᠵᠠᠮ ᠤᠨ ᠬᠤᠳᠳᠤᠭ᠂ ᠬᠠᠷ᠎ᠠ ᠬᠦᠷᠢᠶ᠎ᠡ᠂ ᠤᠯᠠᠭᠠᠨ ᠬᠦᠷᠢᠶ᠎ᠡ᠂ ᠬᠦᠷᠢᠶ᠎ᠡ ᠣᠪᠣᠭ᠎ᠠ ᠠᠭᠤᠯᠠ᠂ ᠬᠤᠩᠭᠢᠯᠲᠠᠢ᠂ ᠭᠠᠴᠠᠭ᠎ᠠ᠂ ᠰᠣᠬᠠᠢ ᠠᠭᠤᠯᠠ᠂ | ᠰᠦᠵᠢ᠂ ᠲᠦᠩᠬᠡ ᠳ᠋ᠤᠤ᠂ ᠵᠡᠭᠦᠨ ᠲᠠᠷᠪᠠᠭ᠎ᠠ᠂ ᠴᠠᠭᠠᠨ ᠪᠠᠶᠢᠰᠢᠩ᠂ ᠮᠦᠩᠭᠦᠨ ᠲᠣᠯᠣᠭᠠᠢ᠂ ᠷᠠᠰᠢᠶᠠᠨᠲᠤ᠂ ᠪᠠᠷᠬ᠎ᠠ ᠶᠢᠨ ᠠᠭᠤᠯᠠ᠂ ᠵᠠᠪᠰᠠᠷ ᠤᠨ ᠬᠠᠰᠢᠶ᠎ᠠ᠂ ᠪᠣᠭᠳᠠ᠂ ᠬᠦᠨ | ᠬᠤᠳᠳᠤᠭ᠂ ᠤᠤᠪᠤᠯᠠᠭ᠂ ᠨᠡᠷᠡᠲᠦ᠂ ᠬᠠᠷ᠎ᠠ ᠬᠤᠰᠢᠭᠤ ᠶᠢᠨ ᠠᠶᠢᠯ᠂ ᠪᠠᠶ᠋ᠬᠠᠤᠯᠠᠭᠠᠨ᠂ ᠵᠢᠳᠠ᠂ ᠲᠠᠯ᠎ᠠ ᠶᠢᠨ ᠬᠤᠳᠳᠤᠭ᠂ ᠵᠣᠩᠰᠢ᠂ ᠬᠠᠨ ᠪᠣᠭᠳᠠ᠂ ᠱᠤᠪᠤᠩ ᠴᠢᠯᠠᠭᠤ᠂ | ᠤᠯᠠᠭᠠᠨ ᠲᠤᠯᠤᠭᠠᠢ᠂ ᠢᠩᠳᠡᠷᠲᠤ᠂ ᠤᠯᠢᠶᠠᠰᠣᠲᠠᠢ᠂ ᠪᠠᠶᠠᠨᠮᠠᠨᠳᠣᠬᠤ ᠭᠠᠴᠠᠭ᠎ᠠ᠂ ᠰᠠᠶᠢᠨᠬᠤᠳᠳᠤᠭ᠂ ᠤᠯᠢᠶᠠᠰᠤᠲᠠᠢ ᠠᠭᠤᠯᠠ᠂ ᠬᠠᠪᠢᠷᠭ᠎ᠠ᠂ ᠣᠩᠭᠤᠨ ᠨᠡᠭᠦᠷᠡᠰᠦᠨ | ᠠᠭᠤᠷᠬᠠᠢ᠂ ᠪᠢᠴᠢᠭᠲᠦ ᠶᠢᠨ ᠲᠠᠯ᠎ᠠ᠂ ᠲᠠᠯ᠎ᠠ ᠶᠢᠨ ᠬᠤᠳᠳᠤᠭ᠂ ᠠᠯᠳᠠᠨᠬᠤᠰᠢᠭᠤ ᠭᠠᠴᠠᠭ᠎ᠠ᠂ ᠤᠯᠠᠭᠠᠨ ᠬᠦᠲᠦᠯ᠂ ᠢᠷᠭᠠᠢ᠂ ᠦᠬᠡᠷᠲᠦ ᠶᠢᠨ ᠨᠢᠷᠤᠭᠤ᠂ ᠪᠠᠭᠠᠳᠤᠷ ᠤᠯᠠᠭᠠᠨ᠂ | ᠣᠪᠤᠭ᠎ᠠ ᠣᠷᠤᠢ᠂ ᠬᠦᠷᠦᠮᠲᠦ ᠭᠠᠴᠠᠭ᠎ᠠ᠂ ᠢᠮᠠᠭᠠᠲᠦ ᠶᠢᠨ ᠠᠭᠤᠯᠠ᠂ ᠬᠦᠯᠲᠦ ᠬᠤᠷᠢᠭ᠎ᠠ᠂ ᠬᠤᠩᠭᠤᠷ ᠣᠰᠣᠨ ᠴᠦᠭᠦᠷᠦᠮ᠂ ᠪᠣᠯᠣᠩ᠂ ᠪᠠᠶᠠᠨᠬᠡᠭᠡᠷᠡ᠂ ᠲᠡᠭᠷᠢᠲᠦ᠂ ᠮᠠᠨᠢᠲᠦ᠂ | ᠲᠤᠯᠤᠭᠠᠢ᠂ ᠭᠤᠷᠪᠠᠨ ᠬᠤᠳᠳᠤᠭ᠂ ᠬᠠᠷ᠎ᠠ ᠴᠢᠯᠠᠭᠤᠲᠤ᠂ ᠣᠩᠭᠤᠨ ᠠᠭᠤᠯᠠ᠂ ᠬᠤᠩᠭᠤᠷ ᠭᠤᠣᠯ᠂ ᠰᠢᠪᠠᠭ ᠤᠨ ᠠᠷᠣ᠂ ᠬᠡᠷᠢᠶᠡᠲᠦ ᠪᠠᠶᠢᠰᠢᠩ᠂ ᠦᠷᠲᠦᠩᠲᠦ | ᠬᠤᠳᠳᠤᠭ᠂ ᠤᠯᠠᠭᠠᠨ ᠣᠰᠤ᠂ ᠲᠦᠷᠪᠡᠯᠵᠢᠨ ᠬᠤᠭᠤᠯᠠᠢ᠂ ᠡᠷᠭᠢ ᠶᠢᠨ ᠬᠤᠷᠢᠭ᠎ᠠ᠂ ᠰᠢᠷᠠᠴᠢᠯᠠᠭᠤ ᠭᠠᠴᠠᠭ᠎ᠠ᠂ ᠬᠠᠷ᠎ᠠ ᠬᠤᠭᠤᠯᠠᠢ᠂ ᠭᠡᠵᠢᠭᠡ ᠶᠢᠨ ᠬᠤᠳᠳᠤᠭ᠂ ᠯᠠᠭ ᠰᠢᠷ᠎ᠠ᠂ | ᠮᠦᠷᠭᠦᠴᠡᠭ᠂ ᠪᠠᠶᠠᠨ ᠣᠪᠤᠭ᠎ᠠ᠂ ᠬᠠᠰᠢᠶᠠᠲᠤ᠂ ᠰᠦᠯᠳᠡ᠂ ᠣᠷᠤᠢ ᠬᠤᠸᠠ᠂ ᠰᠠᠶᠢᠨ ᠬᠤᠳᠳᠤᠭ᠂ ᠬᠠᠷᠠᠴᠢᠯᠠᠭᠤ ᠭᠠᠴᠠᠭ᠎ᠠ᠂ ᠠᠷᠤ ᠲᠠᠪᠤᠨ ᠲᠤᠯᠤᠭᠠᠢ᠂ ᠲᠠᠪᠤᠨ | ᠲᠤᠯᠤᠭᠠᠢ᠂ ᠬᠦᠬᠡ ᠦᠨᠳᠦᠷ᠂ ᠮᠣᠳᠤᠨ ᠣᠪᠤᠭ᠎ᠠ᠂ ᠲᠣᠩᠬᠠᠲᠠᠢ ᠮᠠᠯᠵᠢᠯ ᠤᠨ ᠲᠠᠯᠠᠪᠠᠢ᠂ ᠰᠢᠷᠠᠬᠠᠳᠠ᠂ ᠰᠠᠶᠢᠨ ᠬᠦᠷᠢᠶ᠎ᠡ᠂ ᠪᠠᠷᠠᠭᠤᠨᠪᠤᠯᠠᠭ ᠲᠣᠰᠬᠤᠨ᠂ ᠴᠠᠭᠠᠨ ᠪᠣᠩᠬᠤᠨ᠂ | ᠮᠤᠭᠠᠶᠢᠲᠦ ᠶᠢᠨ ᠰᠦᠮ᠎ᠡ᠂ ᠤᠯᠠᠭᠠᠨ ᠪᠣᠩᠬᠤᠨ᠂ ᠬᠠᠳᠠᠨᠬᠤᠰᠢᠭᠤ᠂ ᠤᠯᠠᠭᠠᠨ ᠪᠠᠶᠢᠰᠢᠩ᠂ ᠨᠡᠭᠦᠷᠡᠰᠦ ᠠᠭᠤᠯᠠ᠂ ᠬᠠᠯᠢᠭᠤᠲᠤ ᠭᠤᠤᠯ᠂ ᠳᠠᠯ ᠠᠭᠤᠯᠠ ᠤᠰᠤᠨ | ᠴᠦᠬᠦᠷᠦᠮ᠂ ᠵᠣᠰᠠ ᠶᠢᠨ ᠠᠮᠠ᠂ ᠯᠠᠮᠠ ᠶᠢᠨ ᠪᠤᠯᠤᠩ᠂ ᠤᠪᠤᠭᠠᠲᠤ ᠵᠡᠷᠭᠡ ᠭᠠᠵᠠᠷ ᠣᠷᠤᠰᠢᠵᠦ ᠪᠣᠢ᠃ | | | | | | ᠢᠷᠡᠯᠲᠡ᠄ ︽ ᠤᠷᠠᠳ ᠲᠡᠤᠬᠡ ᠰᠣᠶᠣᠯ︾ ᠠᠴᠠ ᠪᠠᠭᠤᠯᠭᠠᠪᠠ | | |