ᠤᠷᠠᠳᠴᠣᠳ ᠤᠨ ᠣᠪᠣᠭ ᠤᠭᠰᠠᠭ᠎ᠠ ᠶᠢᠨ ᠳᠡᠭᠡᠳᠦᠰ ᠤᠨ ᠲᠠᠬᠢᠯᠭ᠎ᠠ
ᠨᠡᠶᠢᠲᠡᠯᠡᠭᠰᠡᠨ ᠴᠠᠭ᠄
2025/4/18
    ᠤᠷᠠᠳᠴᠣᠳ ᠪᠣᠯ ᠬᠠᠪᠤᠲᠤ ᠬᠠᠰᠠᠷ ᠤᠨ ᠬᠤᠶᠢᠴᠢᠰ᠂ ᠦᠶ᠎ᠡ ᠵᠠᠯᠭᠠᠮᠵᠢ ᠶᠢᠨ ᠦᠷᠡᠰ ᠤᠳ ᠪᠣᠯᠣᠨ᠎ᠠ᠃    ᠬᠠᠪᠤᠲᠤ ᠬᠠᠰᠠᠷ ᠤᠨ ᠲᠠᠬᠢᠯᠭ᠎ᠠ ᠶᠢ ᠵᠢᠯ ᠤᠨ ᠳᠦᠷᠪᠡᠨ ᠤᠯᠠᠷᠢᠯ ᠳᠤ ᠲᠣᠭᠲᠠᠭᠰᠠᠨ ᠡᠳᠦᠷ ᠲᠤ ᠶᠠᠪᠤᠭᠤᠯᠳᠠᠭ᠃ ᠲᠠᠬᠢᠬᠤ ᠡᠳᠦᠷ ᠨᠢ ᠪᠢᠯᠢᠭ ᠤᠨ ᠤᠯᠠᠷᠢᠯ  ᠤᠨ ᠬᠤᠶᠠᠳᠣᠭᠠᠷ ᠰᠠᠷ᠎ᠠ ᠶᠢᠨ ᠬᠤᠷᠢᠨ ᠲᠣᠯᠣᠭᠠᠨ᠂ ᠲᠠᠪᠤᠳᠣᠭᠠᠷ ᠰᠠᠷ᠎ᠠ ᠶᠢᠨ ᠬᠤᠷᠢᠨ ᠲᠣᠯᠣᠭᠠᠨ᠂ ᠲᠣᠯᠣᠳᠣᠭᠠᠷ ᠰᠠᠷ᠎ᠠ ᠶᠢᠨ ᠬᠤᠷᠢᠨ ᠲᠣᠯᠣᠭᠠᠨ᠂ ᠠᠷᠪᠠᠳᠣᠭᠠᠷ ᠰᠠᠷ᠎ᠠ ᠶᠢᠨ ᠬᠤᠷᠢᠨ ᠲᠣᠯᠣᠭᠠᠨ ᠳᠤ ᠲᠣᠰ ᠪᠦᠷᠢ ᠪᠠᠭ᠎ᠠ ᠲᠠᠬᠢᠯᠭ᠎ᠠ᠂ ᠲᠤᠮᠳᠠ ᠲᠠᠬᠢᠯᠭ᠎ᠠ᠂ ᠶᠡᠭᠡ ᠲᠠᠬᠢᠯᠭ᠎ᠠ ᠭᠡᠵᠦ ᠬᠤᠪᠢᠶᠠᠨ ᠶᠠᠪᠤᠭᠳᠠᠭᠤᠯᠳᠠᠭ᠃ ᠭᠡᠪᠡᠴᠦ ᠡᠪᠡᠳᠴᠢᠨ ᠵᠣᠪᠠᠯᠠᠩ ᠲᠡᠯᠭᠡᠷᠡᠵᠦ᠂ ᠭᠠᠢ ᠪᠠᠷᠴᠢᠳ ᠲᠣᠬᠢᠶᠠᠯᠳᠣᠪᠠᠯ ᠬᠡᠵᠢᠶ᠎ᠡ ᠪᠣᠯᠪᠠᠴᠣ ᠴᠦᠮ ᠲᠠᠶᠢᠯ ᠪᠤᠭᠳᠠ ᠶᠢ ᠲᠠᠬᠢᠵᠤ ᠪᠣᠯᠳᠠᠭ᠃      ᠬᠤᠷᠢᠨ ᠲᠣᠯᠣᠭᠠᠨ  ᠢ ᠡᠷᠬᠢᠮᠯᠡᠨ ᠵᠠᠪᠠᠯ ᠡᠨᠡ ᠡᠳᠦᠷ ᠢ ᠲᠠᠬᠢᠯᠭ᠎ᠠ ᠶᠢᠨ ᠡᠳᠦᠷ ᠢᠶᠠᠷ ᠲᠤᠭᠲᠠᠭᠰᠠᠨ ᠤᠴᠢᠷ ᠪᠣᠯ ᠮᠦᠩᠬᠡ ᠲᠡᠭᠷᠢ ᠶᠢᠨ ᠰᠢᠲᠦᠯᠭᠡ ᠪᠣᠯᠣᠨ ᠮᠤᠩᠭᠤᠯ ᠬᠠᠭᠠᠨᠲᠤ  ᠲᠦᠷᠦ ᠶᠢᠨ ᠶᠣᠰᠣ ᠪᠡᠯᠭᠡ ᠶᠢᠨ ᠠᠭᠤᠯᠭ᠎ᠠ ᠳᠤ ︽ᠶᠢᠰᠦ︾ ᠭᠡᠬᠦ ᠡᠷᠬᠢᠮ ᠲᠤᠭ᠎ᠠ ᠪᠠᠨ ᠬᠠᠮᠤᠭ ᠤᠨ ᠲᠣᠮᠣ ᠲᠤᠭ᠎ᠠ ᠪᠣᠯᠬᠤ ᠭᠡᠳᠡᠭ ᠲᠠᠢ ᠬᠤᠯᠪᠤᠭᠳᠠᠭᠤᠯᠤᠨ᠂ ᠦᠨᠢ ᠡᠭᠦᠷᠢᠲᠡ ᠮᠠᠷᠲᠠᠬᠤ ᠦᠭᠡᠢ ᠭᠡᠵᠦ ᠬᠠᠪᠤᠳᠤ ᠬᠠᠰᠠᠷ ᠤᠨ ᠠᠮᠢᠳᠣᠷᠠᠯ ᠲᠡᠤᠬᠡ ᠶᠢ ᠳᠣᠷᠠᠰᠬᠠᠬᠤ ᠶᠢᠨ ᠲᠦᠯᠦᠭᠡ ᠬᠤᠷᠢᠨ ᠲᠤᠯᠤᠭᠠᠨ ᠤ ᠡᠳᠦᠷ ᠢ ᠲᠠᠶᠢᠯ ᠪᠤᠭᠳᠠ ᠶᠢᠨ ᠲᠠᠬᠢᠯᠭ᠎ᠠ ᠶᠢᠨ ᠡᠳᠦᠷ ᠢᠶᠠᠷ ᠰᠤᠩᠭᠤᠭᠰᠠᠨ ᠭᠡᠳᠡᠭ ᠨᠢ ᠲᠣᠳᠣᠷᠬᠠᠢ ᠪᠠᠶᠢᠨ᠎ᠠ᠃     ᠤᠷᠠᠳᠴᠣᠳ ᠣᠪᠣᠭ ᠤᠭᠰᠠᠭ᠎ᠠ ᠶᠢᠨ ᠳᠡᠭᠡᠳᠦᠰ ᠤᠨ  ᠢᠶᠠᠨ ︽ᠰᠦᠨᠡᠰᠦ︾ ᠪᠤᠶᠤ ᠬᠡᠷᠡᠭᠯᠡᠵᠦ ᠪᠠᠶᠢᠭᠰᠠᠨ ᠡᠳ᠋ ᠬᠡᠷᠡᠭᠰᠡᠯ᠂ ᠬᠤᠪᠴᠠᠰᠣ ᠬᠤᠨᠠᠷ᠂ ᠵᠠᠷ ᠵᠡᠪᠰᠡᠭ ᠮᠡᠲᠦ ᠶᠢᠨ ᠶᠠᠭᠤᠮᠠᠰ ᠢ ᠣᠪᠤᠭ᠎ᠠ ᠪᠣᠰᠬᠠᠵᠤ ᠲᠣᠳᠣᠷ᠎ᠠ ᠨᠢ ᠰᠢᠲᠦᠭᠡᠨᠴᠢᠯᠡᠨ ᠲᠠᠯᠪᠢᠵᠦ᠂ ᠲᠤᠭᠲᠠᠭᠰᠠᠨ ᠡᠳᠦᠷ ᠶᠡᠭᠡ ᠪᠠᠭ᠎ᠠ ᠲᠠᠬᠢᠯᠭ᠎ᠠ ᠶᠢᠨ ᠶᠣᠰᠣ ᠶᠢ ᠭᠦᠢᠴᠡᠳᠭᠡᠵᠦ᠂ ᠠᠯᠢᠪᠠ ᠤᠴᠢᠷ ᠢᠶᠠᠨ ᠳᠠᠭᠠᠳᠬᠠᠨ ᠵᠠᠯᠪᠠᠷᠢᠵᠦ ᠰᠢᠳᠦᠳᠡᠭ ᠪᠠᠶᠢᠭᠰᠠᠨ ᠶᠤᠮ᠃ ᠵᠢᠱᠢᠶᠡᠯᠡᠬᠦ ᠳᠤ᠂ ᠤᠷᠠᠳ ᠤᠨ ᠪᠠᠷᠠᠭᠤᠨ ᠭᠦᠩ ᠤᠨ ᠬᠤᠰᠢᠭᠤᠨ ᠤ ᠭᠦᠩ ᠨᠤᠶᠠᠨ ᠣᠪᠤᠨ ᠤ ᠡᠳ᠋ᠯᠡᠯ ᠬᠡᠷᠡᠭᠰᠡᠯ᠂ ᠰᠡᠯᠡᠮ᠎ᠡ᠂ ᠬᠤᠶᠠᠭ ᠲᠣᠭᠤᠯᠠᠭ᠎ᠠ᠂ ᠡᠮᠡᠭᠡᠯ ᠬᠠᠵᠠᠭᠠᠷ ᠵᠡᠷᠭᠡ ᠶᠢ ᠬᠤᠰᠢᠭᠤ ᠣᠪᠤᠭᠠᠨ ᠲᠣᠳᠣᠷ᠎ᠠ ᠰᠢᠩᠭᠡᠭᠡᠨ ᠬᠠᠳᠠᠭᠠᠯᠠᠵᠤ᠂ ᠭᠤᠷᠪᠠᠨ ᠵᠢᠯ ᠳᠤ ᠨᠢᠭᠡ ᠤᠳᠠᠭ᠎ᠠ ᠲᠠᠬᠢᠵᠦ  ᠪᠠᠶᠢᠭᠰᠠᠨ ᠪᠦᠭᠡᠳ ᠶᠢᠰᠦᠨ ᠰᠠᠷ᠎ᠠ ᠶᠢᠨ ᠰᠢᠨ᠎ᠡ ᠢ ᠬᠤᠶᠠᠷ ᠤᠨ ᠲᠡᠭᠷᠢ ᠰᠠᠬᠢᠭᠤᠯᠰᠣᠨ ᠨᠠᠷ ᠤᠨ ᠳᠡᠭᠡᠵᠢᠯᠡᠭᠡ ᠶᠢᠨ ᠴᠢᠭᠤᠯᠭᠠᠨ ᠡᠳᠦᠷ ᠲᠤ ᠪᠤᠶᠤ ᠶᠢᠰᠦᠨ ᠰᠠᠷ᠎ᠠ ᠶᠢᠨ ᠠᠯᠢ ᠨᠢᠭᠡ ᠦᠯᠵᠡᠶᠢᠲᠦ ᠰᠠᠶᠢᠨ ᠡᠳᠦᠷ ᠢ ᠰᠤᠩᠭᠤᠨ ᠲᠠᠬᠢᠳᠠᠭ᠃ ᠲᠡᠷᠡ ᠣᠪᠤᠭ᠎ᠠ ᠪᠣᠯ ᠬᠤᠰᠢᠭᠤ ᠣᠪᠤᠭ᠎ᠠ ᠲᠤᠯᠠ ᠬᠤᠰᠢᠭᠤ ᠵᠠᠰᠠᠭ ᠠᠴᠠ ᠡᠷᠬᠢᠯᠡᠨ᠂ ᠪᠦᠬᠦ ᠠᠷᠠᠳ ᠣᠷᠤᠯᠴᠠᠨ ᠲᠠᠬᠢᠳᠠᠭ᠃ ᠲᠡᠭᠡᠬᠦ ᠳᠤ ᠪᠠᠨ ᠮᠢᠩᠭᠠᠨ ᠦᠬᠡᠷ ᠤᠨ ᠮᠠᠩᠯᠠᠢ᠂ ᠲᠦᠮᠡᠨ ᠦᠭᠡᠷ ᠤᠨ ᠲᠦᠷᠦᠭᠦᠦ ᠭᠡᠵᠦ ᠪᠣᠬ᠎ᠠ ᠪᠠᠷ ᠲᠠᠬᠢᠯᠭ᠎ᠠ ᠲᠠᠬᠢᠬᠤ ᠦᠪᠡᠷᠮᠢᠴᠡ ᠲᠠᠬᠢᠯᠭ᠎ᠠ ᠪᠡᠯᠡᠳᠭᠡᠨ ᠲᠠᠬᠢᠬᠤ ᠣᠨᠴᠠᠯᠢᠭ ᠲᠠᠢ ᠶᠤᠮ᠃                                                                          ᠮᠤᠩᠭᠤᠯ ᠲᠡᠤᠬᠡ ᠰᠣᠶᠣᠯ ᠤᠨ ᠰᠣᠩᠭᠤᠳᠠᠭ ᠵᠣᠬᠢᠶᠠᠯ ᠤᠨ ᠬᠦᠮᠦᠷᠭᠡ᠂ ᠵᠠᠩ                                        ᠦᠢᠯᠡ  ᠶᠢᠨ  ᠴᠣᠪᠣᠷᠠᠯ  ︽ᠤᠷᠠᠳ ᠵᠠᠩ ᠦᠢᠯᠡ︾ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ