ᠤᠷᠠᠳᠴᠣᠳ ᠳᠡᠭᠡᠳᠦᠰ ᠢᠶᠠᠨ ᠰᠢᠲᠦᠭᠡᠨ ᠪᠣᠯᠭᠠᠨ ᠲᠠᠬᠢᠵᠦ᠂ ᠳᠡᠭᠡᠳᠦᠰ ᠤᠨ ᠢᠶᠠᠨ ᠠᠯᠳᠠᠷ ᠨᠡᠷ᠎ᠡ᠂ ᠬᠡᠷᠢᠶᠡᠰᠦ ᠰᠣᠷᠭᠠᠯ ᠢ ᠪᠠᠲᠤ ᠴᠡᠭᠡᠵᠢᠯᠡᠵᠦ᠂ ᠲᠡᠭᠦᠨ ᠢᠶᠠᠷ | ᠠᠶᠢᠯ ᠭᠡᠷ ᠤᠨ ᠢᠶᠠᠨ ᠠᠮᠢᠳᠣᠷᠠᠯ ᠠᠬᠤᠢ ᠶᠢ ᠵᠢᠯᠤᠭᠤᠳᠤᠭᠤᠯᠵᠤ᠂ ᠪᠣᠲᠠᠲᠠᠢ ᠪᠠᠷ ᠪᠡᠶᠡᠯᠡᠬᠦᠯᠦᠨ ᠭᠦᠢᠴᠡᠳᠭᠡᠬᠦ ᠶᠢ ᠪᠣᠳᠤᠵᠤ ᠶᠠᠪᠤᠪᠠᠯ ᠳᠡᠭᠡᠳᠦᠰ ᠤᠨ ᠬᠢ ᠨᠢ | ᠰᠦᠨᠡᠰᠦ ᠰᠠᠬᠢᠭᠤᠰᠤ ᠨᠢ ᠬᠡᠵᠢᠶᠡᠳᠡ ᠦᠷ᠎ᠡ ᠠᠴᠢᠷ ᠢᠶᠠᠨ ᠢᠪᠡᠭᠡᠨ ᠬᠠᠮᠠᠭᠠᠯᠠᠵᠤ ᠲᠣᠰᠠᠯᠠᠳᠠᠭ ᠶᠤᠮ ᠭᠡᠵᠦ ᠦᠵᠡᠳᠡᠭ᠃ ᠡᠶᠢᠮᠦ ᠠᠴᠠ ᠲᠡᠳᠡ᠂ ᠡᠪᠦᠭᠡ ᠡᠮᠡᠭᠡ ᠶᠢᠨ | ᠢᠶᠠᠨ ᠬᠦᠷᠦᠭ ᠵᠢᠷᠤᠭ᠂ ᠬᠢᠷᠢᠶᠡᠰᠦ ᠰᠣᠷᠭᠠᠯ ᠤᠨ ᠨᠣᠮ ᠪᠢᠴᠢᠭ ᠪᠤᠶᠤ ᠠᠮᠢᠳᠤ ᠰᠡᠷᠡᠭᠦᠨ ᠪᠠᠶᠢᠬᠤ ᠳᠤ ᠨᠢ ᠡᠳ᠋ᠯᠡᠵᠦ ᠬᠡᠷᠡᠭᠯᠡᠵᠦ ᠪᠠᠶᠢᠭᠰᠠᠨ ᠡᠳ᠋ᠯᠡᠯ ᠬᠡᠷᠡᠭᠰᠡᠯ — | ᠬᠡᠳᠡ ᠬᠢᠳᠤᠭ᠎ᠠ᠂ ᠬᠤᠪᠴᠠᠰᠤ ᠮᠠᠯᠠᠭᠠᠢ᠂ ᠵᠠᠪᠰᠡᠭ᠂ ᠮᠣᠷᠢᠨ ᠤ ᠡᠮᠡᠭᠡᠯ ᠬᠠᠵᠠᠭᠠᠷ᠂ ᠳᠦᠷᠦᠭᠡ᠂ ᠲᠡᠷᠡᠴᠢᠯᠡᠨ ᠠᠯᠳᠠ ᠮᠦᠩᠭᠦᠨ ᠵᠠᠰᠠᠯ ᠴᠢᠮᠡᠭᠯᠡᠯ ᠤᠨ ᠵᠦᠢᠯ ᠢ ᠲᠠᠬᠢᠵᠤ | ᠪᠠᠶᠢᠵᠠᠢ᠃ | ᠳᠡᠭᠡᠳᠦᠰ ᠤᠨ ᠢᠶᠠᠨ ︽ᠰᠦᠨᠡᠰᠦ ᠰᠠᠬᠢᠭᠤᠰᠣ︾ ᠶᠢ ᠰᠢᠲᠦᠭᠡᠨ ᠪᠣᠯᠭᠠᠵᠤ ᠲᠠᠬᠢᠬᠤ ᠦᠭᠡᠷ᠎ᠡ ᠨᠢᠭᠡᠨ ᠠᠷᠭ᠎ᠠ ᠪᠣᠯ ᠠᠪᠤ ᠡᠵᠢ ᠨᠢ ᠨᠠᠰᠤ ᠪᠠᠷᠠᠬᠤ ᠦᠶᠡᠰ᠂ | ᠲᠡᠮᠡᠭᠡᠨ ᠤ ᠨᠣᠣᠰᠣ᠂ ᠬᠦᠪᠦᠩ ᠪᠤᠶᠤ ᠪᠦᠰ ᠤᠨ ᠦᠭᠡᠳᠡᠰᠦ ᠶᠢᠨ ᠠᠯᠢ ᠵᠦᠢᠯ ᠢ ᠬᠠᠮᠠᠷ ᠲᠤ ᠨᠢ ᠨᠠᠭᠠᠯᠳᠣᠭᠤᠯᠵᠤ᠂ ᠬᠠᠮᠤᠭ ᠰᠡᠭᠦᠯᠴᠢ ᠶᠢᠨ ᠠᠮᠢᠰᠬᠤᠯ ᠢ ᠨᠢ | ᠰᠢᠩᠭᠡᠭᠡᠨ ᠠᠪᠳᠠᠭ᠃ ᠡᠨᠡ ᠬᠦ ᠨᠣᠣᠰᠣ ᠬᠦᠪᠦᠩ ᠣᠷᠢᠶᠠᠮᠠᠯ ᠪᠤᠶᠤ ᠪᠦᠰ ᠤᠨ ᠲᠣᠳᠣᠷ᠎ᠠ ᠳᠠᠯᠠᠶᠢᠴᠢ ᠶᠢᠨ ᠠᠮᠢᠨ ᠰᠦᠨᠡᠰᠦ ᠨᠢ ᠦᠨᠢ ᠡᠭᠦᠷᠢᠳᠡ ᠣᠷᠤᠰᠢᠨ | ᠰᠠᠭᠠᠳᠠᠵᠤ ᠪᠠᠶᠢᠨ᠎ᠠ ᠭᠡᠳᠡᠭ᠃ ︽ᠰᠦᠨᠡᠰᠦ ᠰᠠᠬᠢᠭᠤᠰᠣ︾ ᠣᠷᠣᠰᠢᠭᠰᠠᠨ ᠵᠦᠢᠯ ᠢᠶᠠᠨ ᠲᠤᠰᠬᠠᠢ ᠢᠰᠡᠭᠡᠢ ᠤᠭᠤᠲᠠ ᠪᠤᠶᠤ ᠬᠠᠶᠢᠷᠴᠠᠭ ᠰᠠᠪᠠᠨ ᠳᠤ ᠰᠦᠰᠦᠭᠯᠡᠨ | ᠬᠠᠳᠠᠭᠠᠯᠠᠵᠤ᠂ ᠦᠭᠡᠷ᠎ᠡ ᠪᠣᠰᠣᠳ ᠲᠤ ᠦᠵᠡᠭᠦᠯᠦᠯ ᠦᠭᠡᠢ᠂ ᠴᠡᠪᠡᠷ ᠦᠨᠳᠦᠷ ᠭᠠᠵᠠᠷ ᠲᠤ ᠬᠠᠳᠠᠭᠠᠯᠠᠨ ᠳᠠᠯᠪᠢᠵᠤ ᠰᠢᠲᠦᠭᠡᠨ ᠪᠣᠯᠭᠠᠨ ᠳᠠᠬᠢᠳᠠᠭ᠃ | ᠡᠨᠡ ︽ᠰᠦᠨᠡᠰᠦ ᠰᠠᠬᠢᠭᠤᠰᠣ︾ ᠶᠢ ᠠᠳᠠᠭ᠎ᠠ ᠲᠠᠬᠢᠬᠤ ᠭᠡᠳᠡᠭ᠃ ᠠᠳᠠᠭ᠎ᠠ ᠳᠠᠬᠢᠳᠠᠭ ᠠᠶᠢᠯ ᠤᠨ ᠪᠠᠷᠠᠭᠤᠨ ᠬᠤᠶᠢᠭᠤᠷ ᠮᠣᠷᠢ ᠣᠨᠤᠭ᠎ᠠ ᠪᠠᠷ ᠰᠢᠷᠦᠭᠦᠨ | ᠭᠦᠶᠦᠯᠭᠡᠵᠦ ᠦᠩᠭᠡᠷᠡᠵᠦ ᠪᠣᠯᠳᠠᠭ ᠦᠭᠡᠢ᠃ ᠰᠢᠷᠦᠭᠦᠨ ᠦᠩᠭᠡᠷᠡᠭᠰᠡᠳ ᠵᠠᠪᠠᠯ ᠬᠤᠬᠢᠷᠠᠯ ᠠᠮᠰᠠᠨ᠎ᠠ ᠭᠡᠳᠡᠭ᠃ ᠨᠢᠭᠡ ᠬᠤᠳᠠ ᠶᠢᠨ ᠬᠢ ᠨᠢ ᠠᠳᠠᠭ᠎ᠠ ᠲᠠᠢ ᠠᠶᠢᠯ ᠤᠨ | ᠪᠠᠷᠠᠭᠤᠨ ᠬᠤᠶᠢᠭᠤᠷ ᠨᠣᠳᠤᠭᠰᠢᠬᠤ ᠶᠢ ᠴᠦ ᠲᠠᠰᠣ ᠴᠡᠭᠡᠷᠯᠡᠳᠡᠭ᠃ ᠨᠣᠲᠤᠭᠰᠢᠪᠠᠯ ᠨᠠᠰᠣᠨ ᠳᠤ ᠪᠠᠨ ᠦᠭᠡᠳᠡᠯᠡᠳᠡᠭ ᠦᠭᠡᠢ ᠭᠡᠳᠡᠭ ᠤᠨ ᠤᠯᠠ ᠮᠦᠷ ᠨᠢ ᠦᠨᠦᠬᠡᠨ | ᠬᠦᠷᠲᠡᠯ᠎ᠡ ᠬᠠᠳᠠᠭᠠᠯᠠᠭᠳᠠᠭᠰᠠᠭᠠᠷ ᠪᠠᠶᠢᠭᠰᠠᠨ ᠶᠤᠮ᠃ | ᠠᠳᠠᠭ᠎ᠠ ᠳᠠᠬᠢᠳᠠᠭ ᠠᠶᠢᠯ ᠨᠢ ᠠᠯᠢᠪᠠ ᠤᠴᠢᠷ ᠢ ᠠᠳᠠᠭ᠎ᠠ ᠰᠢᠳᠦᠭᠡᠨ ᠳᠤ ᠪᠠᠨ ᠳᠠᠭᠠᠳᠬᠠᠨ ᠰᠦᠰᠦᠭᠯᠡᠳᠡᠭ᠃ ᠡᠶᠢᠮᠦ ᠠᠴᠠ ᠠᠳᠠᠭ᠎ᠠ ᠲᠠᠬᠢᠭᠰᠠᠨ ᠠᠶᠢᠯ ᠢ | ᠲᠣᠭᠰᠢᠨ ᠰᠢᠲᠦᠭᠡᠨ ᠲᠠᠢ ᠭᠡᠳᠡᠭ᠃ | ᠳᠡᠭᠡᠳᠦᠰ ᠤᠨ ᠰᠢᠲᠦᠭᠡᠨ ᠲᠠᠢ ᠠᠶᠢᠯ ᠤᠳ ᠰᠢᠲᠦᠭᠡᠨ ᠳᠤ ᠪᠠᠨ ᠡᠳᠦᠷ ᠪᠦᠷᠢ ᠶᠢᠨ ᠬᠠᠷ᠎ᠠ ᠪᠦᠷᠦᠢ ᠪᠠᠷ ᠰᠠᠩ ᠲᠠᠯᠪᠢᠵᠤ᠂ ᠴᠠᠭ ᠤᠨ ᠴᠠᠢ᠂ ᠬᠤᠭᠤᠯᠠ | ᠢᠳᠡᠭᠡᠨ ᠤ ᠪᠠᠨ ᠳᠡᠭᠡᠵᠢ ᠶᠢ ᠫᠢᠯᠠ ᠰᠠᠪᠠᠨ ᠳᠤ ᠬᠢᠵᠦ ᠰᠢᠲᠦᠭᠡᠨ ᠤ ᠪᠠᠨ ᠡᠮᠦᠨ᠎ᠡ ᠨᠢ ᠲᠠᠬᠢᠯᠭ᠎ᠠ ᠪᠤᠯᠭᠠᠳᠠᠭ᠃ ᠵᠢᠯ ᠪᠦᠷᠢ ᠶᠢᠨ ᠬᠦᠬᠡᠬᠡ ᠰᠠᠷ᠎ᠠ ᠶᠢᠨ ᠪᠢᠳᠡᠭᠦᠨ ᠪᠠ | ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠲᠡᠭᠷᠢ ᠳᠤ ᠮᠦᠷᠬᠦᠬᠦ ᠳᠤ ᠪᠠᠨ ᠳᠡᠭᠡᠳᠦᠰ ᠲᠤ ᠪᠠᠨ ᠰᠢᠲᠦᠭᠡᠨ ᠤ ᠰᠠᠴᠣᠯᠢ ᠡᠷᠭᠦᠵᠦ᠂ ᠠᠷᠴᠠ | ᠣᠭᠤᠬᠢᠭᠤᠯᠳᠠᠭ᠃ ᠶᠠᠮᠠᠷ ᠨᠢᠭᠡᠨ ᠬᠤᠷᠢᠮ ᠨᠠᠶᠢᠷ ᠬᠢᠬᠦ ᠳᠤ ᠳᠡᠭᠡᠳᠦᠰ ᠲᠤ ᠪᠠᠨ ᠰᠠᠩ ᠲᠠᠯᠪᠢᠵᠤ᠂ ᠢᠳᠡᠭᠡᠨ ᠤ ᠪᠠᠨ ᠳᠡᠭᠡᠵᠢ ᠶᠢ ᠡᠷᠭᠦᠳᠡᠭ᠃ | | | | | | | | ᠮᠤᠩᠭᠤᠯ ᠲᠡᠤᠬᠡ ᠰᠣᠶᠣᠯ ᠤᠨ ᠰᠣᠩᠭᠤᠳᠠᠭ ᠵᠣᠬᠢᠶᠠᠯ ᠤᠨ ᠬᠦᠮᠦᠷᠭᠡ᠂ ᠵᠠᠩ | ᠦᠢᠯᠡ ᠶᠢᠨ ᠴᠣᠪᠣᠷᠠᠯ ︽ ᠤᠷᠠᠳ ᠵᠠᠩ ᠦᠢᠯᠡ︾ ᠠᠴᠠ ᠪᠠᠭᠤᠯᠭᠠᠪᠠ | | |