ᠰᠣᠨᠳᠣᠷ᠂ ᠪᠠᠭᠤᠪᠴᠢ᠂ ᠪᠥᠭᠡᠵᠢ ᠪᠠ ᠲᠡᠳᠡᠭᠡᠷ ᠢ ᠵᠡᠭᠦᠬᠦ ᠶᠣᠰᠣ ᠵᠠᠩᠰᠢᠯ ᠤᠷᠠᠳ ᠤᠨ ᠵᠠᠷᠢᠮ ᠡᠷᠡᠭᠲᠡᠶᠢᠴᠦᠳ ᠢᠯᠠᠩᠭᠤᠶ᠎ᠠ ᠬᠡᠦᠬᠡᠳ ᠪᠠᠭᠠᠴᠤᠳ | ᠬᠦᠵᠦᠭᠦᠨ ᠳᠡᠭᠡᠨ ᠱᠠᠰᠢᠨ ᠰᠢᠲᠦᠯᠭᠡ ᠶᠢᠨ ᠪᠡᠯᠭᠡ ᠳᠡᠮᠪᠡᠷᠡᠯ ᠲᠠᠢ ᠭᠠᠤᠯᠢ ᠪᠤᠶᠤ ᠵᠡᠰ ᠪᠤᠷᠬᠠᠨ ᠢ ᠤᠲᠠᠰᠤ ᠪᠤᠶᠤ ᠲᠤᠰᠬᠠᠢ ᠡᠮᠵᠢᠵᠦ ᠣᠶᠣᠭᠰᠠᠨ ᠪᠦᠰ | ᠰᠢᠯᠢᠮᠡ ᠪᠠᠷ ᠣᠭᠤᠰᠣᠷᠯᠠᠵᠤ ᠵᠡᠭᠦᠳᠡᠭ ᠳᠠᠳᠬᠠᠯ ᠲᠠᠢ ᠪᠠᠶᠢᠪᠠ᠃ ᠲᠡᠷᠡ ᠨᠢ ᠰᠢᠷ᠎ᠠ ᠶᠢᠨ ᠱᠠᠰᠢᠨ ᠤ ᠰᠢᠲᠦᠯᠭᠡ ᠪᠢᠰᠢᠷᠡᠯ ᠠᠴᠠ ᠡᠭᠦᠰᠦᠯ ᠲᠠᠢ ᠬᠦᠰᠡᠯ ᠵᠥᠩᠨᠡᠯ ᠢᠶᠠᠨ | ᠪᠣᠯᠭᠠᠭᠰᠠᠨ ᠨᠢᠭᠡ ᠵᠦᠢᠯ ᠤᠨ ᠵᠠᠰᠠᠯ ᠵᠢᠮᠰᠡᠭ ᠶᠤᠮ᠃ ᠯᠠᠮᠠ ᠬᠥᠮᠦᠨ ᠬᠦᠵᠦᠭᠦᠨ ᠳᠡᠭᠡᠨ ᠡᠷᠢᠬᠡ ᠵᠡᠭᠦᠳᠡᠭ ᠵᠠᠩᠰᠢᠯ ᠲᠠᠢ᠃ ᠲᠡᠷᠡ ᠨᠢ ᠯᠠᠮᠠ ᠬᠥᠮᠦᠨ ᠤ ᠮᠠᠨᠢ | ᠲᠣᠭᠠᠯᠠᠬᠤ ᠳᠤ ᠳᠥᠭᠦᠮ ᠳᠥᠲᠡ ᠪᠠᠶᠢᠬᠤ᠂ ᠡᠷᠢᠬᠡ ᠪᠠᠨ ᠬᠠᠮᠢᠶ᠎ᠠ ᠦᠭᠡᠢ ᠬᠠᠶᠠᠵᠤ ᠲᠠᠯᠪᠢᠬᠤ ᠦᠭᠡᠢ ᠪᠠᠷ ᠡᠷᠬᠢᠮᠯᠡᠨ ᠨᠠᠨᠳᠢᠩᠨᠠᠵᠤ ᠪᠠᠶᠢᠬᠤ ᠢᠯᠡᠷᠡᠯ ᠪᠠ ᠰᠤᠳᠤᠷ ᠢ | ᠣᠷᠣᠯᠠᠭᠤᠯᠵᠤ ᠪᠠᠶᠢᠬᠤ ᠶᠠᠪᠤᠳᠠᠯ ᠪᠣᠯᠣᠨ᠎ᠠ᠃ ᠰᠠᠬᠢᠯ ᠠᠪᠤᠭᠰᠠᠨ ᠨᠠᠰᠤᠲᠠᠶᠢᠴᠤᠳ ᠲᠣᠯᠣᠭᠠᠢ ᠶᠢᠨ ᠵᠠᠰᠠᠯ ᠵᠢᠮᠰᠡᠭ ᠢᠶᠠᠨ ᠵᠡᠭᠦᠬᠦ ᠪᠠᠨ ᠵᠣᠭᠰᠣᠵᠤ ᠬᠦᠵᠦᠭᠦᠨ ᠳᠡᠭᠡᠨ | ᠡᠷᠢᠬᠡ ᠵᠡᠭᠦᠳᠡᠭ ᠳᠠᠳᠬᠠᠯ ᠲᠠᠢ ᠪᠠᠶᠢᠵᠠᠢ᠃ | ᠤᠷᠠᠳ ᠡᠮᠡᠭᠲᠡᠶᠢᠴᠦᠳ ᠵᠢᠷᠠ ᠬᠦᠷᠪᠡᠯ ᠰᠠᠬᠢᠯ ᠠᠪᠳᠠᠭ ᠶᠣᠰᠣ ᠲᠠᠢ ᠪᠠᠶᠢᠪᠠ᠃ ᠰᠠᠬᠢᠯ ᠠᠪᠬᠤ ᠭᠡᠳᠡᠭ ᠨᠢ ᠯᠠᠮᠠ ᠪᠠᠷ ᠦᠰᠦ ᠭᠡᠵᠢᠭᠡ ᠪᠠᠨ ᠬᠤᠰᠤᠭᠤᠯᠵᠤ | ᠴᠢᠪᠠᠭᠠᠨᠴᠠ ᠪᠣᠯᠬᠤ ᠶᠢ ᠬᠡᠯᠡᠳᠡᠭ᠃ ᠲᠡᠷᠡ ᠨᠢ ᠬᠢᠲᠠᠳ ᠦᠨᠳᠦᠰᠦᠲᠡᠨ ᠤ ᠴᠢᠪᠠᠭᠠᠨᠴᠠ ᠲᠠᠢ ᠠᠳᠠᠯᠢ ᠦᠭᠡᠢ᠂ ᠵᠥᠪᠬᠡᠨ ᠪᠦᠰᠡᠭᠦᠢ ᠠᠴᠠ ᠪᠠᠨ ᠲᠣᠮᠣᠭᠠᠲᠠᠨ ᠪᠣᠯᠤᠯ᠎ᠠ | ᠭᠡᠰᠡᠨ ᠢ ᠢᠯᠡᠳᠬᠡᠨ ᠲᠣᠳᠣᠷᠬᠠᠶᠢᠯᠠᠭᠰᠠᠨ ᠨᠢᠭᠡ ᠵᠦᠢᠯ ᠤᠨ ᠵᠠᠩᠰᠢᠯ ᠶᠤᠮ᠃ ᠬᠠᠷᠢᠨ ᠤᠷᠠᠳ ᠡᠮᠡᠭᠲᠡᠶᠢᠴᠦᠳ ᠱᠢᠷᠦ᠂ ᠰᠤᠪᠤᠳ᠂ ᠣᠭ᠍ᠶᠤ᠂ ᠮᠠᠨᠤ ᠮᠡᠲᠦ ᠶᠢᠨ ᠬᠤᠪᠣᠷ | ᠡᠷᠳᠡᠨᠢᠰ ᠢ ᠪᠥᠬᠡᠯᠢᠭ ᠤᠲᠠᠰᠤ ᠪᠠᠷ ᠬᠡᠯᠬᠢᠵᠦ ᠬᠦᠵᠦᠭᠦᠨ ᠳᠡᠭᠡᠨ ᠵᠡᠭᠦᠳᠡᠭ ᠵᠠᠩᠰᠢᠯ ᠲᠠᠢ ᠪᠠᠶᠢᠵᠠᠢ᠃ ᠲᠡᠷᠡ ᠨᠢ ᠡᠮᠡᠭᠲᠡᠢ ᠬᠥᠮᠦᠰ ᠤᠨ ᠪᠡᠶ᠎ᠡ ᠮᠠᠬᠠᠪᠣᠳ ᠢᠶᠠᠨ | ᠭᠤᠶᠤᠴᠢᠯᠠᠨ ᠵᠠᠰᠠᠬᠤ ᠵᠠᠩᠰᠢᠯ ᠳᠠᠳᠬᠠᠯ ᠠᠴᠠ ᠡᠭᠦᠰᠦᠭᠰᠡᠨ ᠵᠠᠰᠠᠯ ᠵᠢᠮᠰᠡᠭ ᠶᠤᠮ᠃ ᠪᠠᠭᠤᠪᠴᠢ ᠳᠤ ᠵᠡᠰ᠂ ᠭᠠᠤᠯᠢ᠂ ᠠᠯᠲᠠ᠂ ᠮᠥᠩᠭᠦ᠂ ᠮᠠᠨᠤ ᠵᠡᠷᠭᠡ ᠪᠠᠷ ᠤᠷᠠᠯᠠᠵᠤ | ᠦᠢᠯᠡᠳᠦᠭᠰᠡᠨ ᠣᠯᠠᠨ ᠲᠥᠷᠥᠯ ᠵᠦᠢᠯ ᠤᠨ ᠬᠢ ᠪᠠᠶᠢᠳᠠᠭ᠃ ᠡᠷᠡᠭᠲᠡᠶᠢᠴᠦᠳ ᠵᠥᠪᠬᠡᠨ ᠵᠡᠭᠦᠨ ᠭᠠᠷ ᠤᠨ ᠪᠠᠭᠤᠤ ᠳᠠᠭᠠᠨ ᠪᠠᠭᠤᠪᠴᠢ ᠵᠡᠭᠦᠳᠡᠭ ᠪᠠᠶᠢᠬᠤ ᠳᠤ ᠬᠠᠷᠢᠨ | ᠡᠮᠡᠭᠲᠡᠶᠢᠴᠦᠳ ᠬᠤᠶᠠᠷ ᠭᠠᠷ ᠤᠨ ᠪᠠᠭᠤᠤ ᠳᠠᠭᠠᠨ ᠪᠦᠷ ᠵᠡᠭᠦᠵᠦ ᠪᠣᠯᠳᠠᠭ ᠶᠣᠰᠣ ᠵᠢᠷᠤᠮ ᠲᠠᠢ ᠪᠠᠶᠢᠵᠠᠢ᠃ ᠪᠠᠭᠤᠤ ᠵᠡᠭᠦᠵᠦ ᠪᠠᠶᠢᠭ᠎ᠠ ᠨᠢ ᠭᠤᠶᠣᠯᠠᠯ ᠵᠠᠰᠠᠯ | ᠪᠣᠯᠭᠠᠬᠤ ᠶᠢᠨ ᠳᠠᠭᠠᠤ ᠪᠡᠶ᠎ᠡ ᠮᠠᠬᠠᠪᠣᠳ ᠤᠨ ᠴᠢᠰᠤᠨ ᠤ ᠡᠷᠭᠢᠯᠲᠡ ᠶᠢ ᠬᠡᠪ ᠢᠶᠠᠷ ᠪᠠᠶᠢᠯᠭᠠᠬᠤ᠂ ᠲᠡᠮᠦᠷᠯᠢᠭ ᠤᠨ ᠵᠦᠢᠯ ᠢ ᠨᠥᠬᠦᠵᠦ᠂ ᠡᠷᠡᠭᠦᠯ ᠴᠢᠭᠢᠷᠠᠭ ᠲᠤ ᠶᠡᠬᠡᠬᠡᠨ | ᠠᠰᠢᠭ ᠲᠤᠰᠠ ᠲᠠᠢ ᠭᠡᠵᠦ ᠶᠠᠷᠢᠳᠠᠭ ᠶᠤᠮ᠃ ᠤᠷᠠᠳ ᠤᠨ ᠮᠥᠩᠭᠦᠨ ᠪᠠᠭᠤᠪᠴᠢ ᠳᠣᠲᠣᠷ᠎ᠠ ᠣᠨᠴᠠ ᠭᠤᠶᠣᠮᠰᠤᠭ ᠬᠢᠴᠡᠲᠡᠢ ᠪᠠᠭᠤᠪᠴᠢ ᠠᠷᠪᠢᠨ ᠪᠠᠶᠢᠵᠤ᠂ | ᠳᠡᠭᠡᠷ᠎ᠡ ᠨᠢ ᠣᠯᠠᠨ ᠵᠦᠢᠯ ᠤᠨ ᠤᠭᠠᠯᠵᠠ ᠬᠤᠸᠠᠷ ᠤᠷᠠᠯᠠᠭᠰᠠᠨ ᠱᠢᠷᠦ ᠣᠭ᠍ᠶᠤᠨ ᠰᠢᠭᠢᠳᠬᠡᠭᠡᠷᠢ ᠲᠠᠢ ᠭᠤᠶᠣ ᠰᠠᠶᠢᠬᠠᠨ ᠪᠠᠶᠢᠳᠠᠭ᠃ ᠪᠥᠭᠡᠵᠢ ᠨᠢ ᠮᠥᠨ ᠵᠡᠰ᠂ ᠭᠠᠤᠯᠢ᠂ | ᠮᠥᠩᠭᠦ᠂ ᠮᠠᠨᠤ᠂ ᠠᠯᠲᠠ ᠪᠠᠷ ᠤᠷᠠᠨ ᠳᠠᠷᠬᠠᠨ ᠤᠷᠠᠯᠠᠨ ᠦᠢᠯᠡᠳᠦᠭᠰᠡᠨ᠂ ᠳᠡᠭᠡᠷ᠎ᠡ ᠪᠠᠨ ᠰᠢᠭᠢᠳᠬᠡᠭᠡᠷᠢ ᠲᠠᠢ ᠪᠤᠶᠤ ᠰᠢᠭᠢᠳᠬᠡᠭᠡᠷᠢ ᠦᠭᠡᠢ ᠭᠡᠵᠦ ᠬᠤᠶᠠᠷ | ᠵᠦᠢᠯ ᠤᠨ ᠬᠢ ᠪᠠᠶᠢᠵᠠᠢ᠃ ᠡᠷᠡᠭᠲᠡᠶᠢᠴᠦᠳ ᠵᠥᠪᠬᠡᠨ ᠵᠡᠭᠦᠨ ᠭᠠᠷ ᠤᠨ ᠳᠤᠮᠳᠠ ᠬᠤᠷᠤᠭᠤ᠂ ᠢᠳᠠᠮ ᠬᠤᠷᠤᠭᠤᠨ ᠳᠠᠭᠠᠨ ᠭᠠᠭᠴᠠ ᠪᠥᠭᠡᠵᠢ ᠵᠡᠭᠦᠬᠦ ᠨᠢ ᠠᠷᠪᠢᠨ | ᠪᠠᠶᠢᠳᠠᠭ᠃ ᠡᠷᠡᠭᠲᠡᠶᠢᠴᠦᠳ ᠤᠨ ᠪᠥᠭᠡᠵᠢ ᠶᠢᠨ ᠦᠨᠳᠦᠰᠦᠨ ᠣᠨᠴᠠᠯᠢᠭ ᠨᠢ ᠥᠷᠭᠡᠨ ᠪᠥᠭᠡᠳ ᠪᠦᠳᠦᠭᠦᠨ᠂ ᠳᠡᠭᠡᠳᠦ ᠲᠠᠯ᠎ᠠ ᠳᠠᠭᠠᠨ ᠰᠢᠭᠢᠳᠬᠡᠭᠡᠷᠢ ᠲᠠᠢ ᠪᠤᠶᠤ | ᠰᠢᠭᠢᠳᠬᠡᠭᠡᠷᠢ ᠦᠭᠡᠢ ᠭᠡᠵᠦ ᠪᠠᠶᠢᠭᠰᠠᠨ ᠶᠤᠮ᠃ ᠬᠠᠷᠢᠨ ᠡᠮᠡᠭᠲᠡᠶᠢᠴᠦᠳ ᠤᠨ ᠪᠥᠭᠡᠵᠢ ᠪᠣᠯ ᠣᠯᠠᠨ ᠬᠡᠯᠪᠡᠷᠢ ᠳᠦᠷᠰᠦ ᠪᠦᠬᠦᠢ ᠰᠢᠭᠢᠳᠬᠡᠭᠡᠷᠢ ᠲᠠᠢ ᠪᠠ ᠰᠢᠭᠢᠳᠬᠡᠭᠡᠷᠢ | ᠦᠭᠡᠢ ᠭᠡᠵᠦ ᠢᠯᠭᠠᠨ ᠬᠤᠶᠠᠷ ᠭᠠᠷ ᠤᠨ ᠡᠷᠡᠬᠡᠢ ᠬᠤᠷᠤᠭᠤ᠂ ᠳᠤᠮᠳᠠ ᠬᠤᠷᠤᠭᠤ᠂ ᠢᠳᠠᠮ ᠬᠤᠷᠤᠭᠤᠨ ᠳᠠᠭᠠᠨ ᠪᠦᠷ ᠪᠥᠭᠡᠵᠢ ᠵᠡᠭᠦᠵᠦ ᠪᠣᠯᠳᠠᠭ ᠵᠠᠩ ᠳᠠᠳᠬᠠᠯ ᠲᠠᠢ | ᠪᠠᠶᠢᠭᠰᠠᠨ ᠶᠤᠮ᠃ ᠡᠮᠡᠭᠲᠡᠶᠢᠴᠦᠳ ᠤᠨ ᠪᠥᠭᠡᠵᠢ ᠨᠢ ᠡᠷᠡᠭᠲᠡᠶᠢᠴᠦᠳ ᠤᠨ ᠬᠢ ᠲᠠᠢ ᠠᠳᠠᠯᠢᠳᠬᠠᠪᠠᠯ ᠣᠯᠠᠩᠬᠢ ᠳᠠᠭᠠᠨ ᠨᠠᠷᠢᠪᠲᠤᠷ ᠰᠢᠭ᠋᠂ ᠭᠤᠶᠣᠮᠰᠤᠭ ᠰᠠᠶᠢᠬᠠᠨ | ᠶᠠᠩᠵᠤ ᠬᠡᠯᠪᠡᠷᠢ ᠲᠠᠢ ᠪᠠᠶᠢᠳᠠᠭ᠃ ᠨᠢᠭᠡ ᠭᠠᠷ ᠤᠨ ᠬᠤᠷᠤᠭᠤᠨ ᠳᠠᠭᠠᠨ ᠬᠤᠶᠠᠷ ᠠᠴᠠ ᠭᠤᠷᠪᠠ᠂ ᠬᠤᠶᠠᠷ ᠭᠠᠷ ᠤᠨ ᠬᠤᠷᠤᠭᠤᠨ ᠳᠠᠭᠠᠨ ᠳᠥᠷᠪᠡ ᠠᠴᠠ ᠵᠢᠷᠭᠤᠭᠠᠨ | ᠪᠥᠭᠡᠵᠢ ᠲᠠᠢ ᠪᠠᠶᠢᠵᠤ᠂ ᠬᠠᠷᠢᠨ ᠬᠤᠷᠤᠭᠤᠨ ᠳᠠᠭᠠᠨ ᠪᠥᠭᠡᠵᠢ ᠦᠭᠡᠢ ᠡᠮᠡᠭᠲᠡᠶᠢᠴᠦᠳ ᠲᠤᠩ ᠬᠤᠪᠣᠷ ᠪᠠᠶᠢᠭᠰᠠᠨ ᠶᠤᠮ᠃ ᠤᠷᠠᠳᠴᠤᠳ ᠳᠣᠯᠢᠶᠠᠪᠤᠷ᠂ ᠰᠢᠭᠡᠵᠡᠢ | ᠬᠤᠷᠤᠭᠤᠨ ᠳᠠᠭᠠᠨ ᠪᠥᠭᠡᠵᠢ ᠵᠡᠭᠦᠬᠦ ᠶᠢ ᠣᠨᠴᠠᠭᠠᠢ ᠴᠡᠭᠡᠷᠯᠡᠳᠡᠭ᠃ ᠨᠠᠰᠤᠲᠠᠨ ᠲᠣᠮᠣᠭᠠᠲᠠᠨ ᠤ ᠬᠠᠭᠤᠴᠢᠯᠠᠬᠤ ᠪᠠᠷ᠂ ᠬᠤᠷᠤᠭᠤᠨ ᠳᠠᠭᠠᠨ ᠪᠥᠭᠡᠵᠢ ᠵᠡᠭᠦᠬᠦ ᠨᠢ ᠪᠠᠭᠤᠤ | ᠵᠡᠭᠦᠬᠦ ᠲᠠᠢ ᠡᠭᠡᠭᠡ ᠠᠳᠠᠯᠢ ᠬᠥᠮᠦᠨ ᠤ ᠪᠡᠶ᠎ᠡ ᠮᠠᠬᠠᠪᠣᠳ ᠤᠨ ᠡᠷᠡᠭᠦᠯ ᠴᠢᠭᠢᠷᠠᠭ ᠲᠤ ᠲᠤᠰᠠ ᠲᠠᠢ ᠶᠤᠮ ᠭᠡᠨ᠎ᠡ᠃ ᠤᠷᠠᠳᠴᠤᠳ ᠤᠨ ᠪᠥᠭᠡᠵᠢ ᠵᠡᠭᠦᠬᠦ ᠵᠠᠩᠰᠢᠯ ᠦᠶ᠎ᠡ | ᠳᠠᠷᠠᠭᠠᠯᠠᠨ ᠤᠯᠠᠮᠵᠢᠯᠠᠭᠳᠠᠭᠰᠠᠭᠠᠷ ᠣᠳᠣ ᠪᠣᠯᠵᠤ ᠪᠤᠢ᠃ | |