ᠦᠪᠦᠷ ᠮᠤᠩᠭᠤᠯ 1.46 ᠲᠦᠮᠡᠨ ᠡᠮ ᠡᠮᠨᠡᠯᠭᠡ ᠶᠢᠨ ᠳᠠᠭᠠᠳᠬᠠᠯ ᠤᠨ ᠳᠠᠩᠰᠠ ᠨᠡᠭᠡᠭᠡᠪᠡ
ᠨᠡᠶᠢᠲᠡᠯᠡᠭᠰᠡᠨ ᠴᠠᠭ᠄
2025/4/17
    ᠣᠳᠤᠬᠠᠨ ᠪᠣᠯᠲᠠᠯ᠎ᠠ᠂ ᠦᠪᠦᠷ ᠮᠤᠩᠭᠤᠯ ᠨᠢᠭᠡᠨᠲᠡ 1.46 ᠲᠦᠮᠡᠨ ᠡᠮ ᠡᠮᠨᠡᠯᠭᠡ ᠶᠢᠨ ᠳᠠᠭᠠᠳᠬᠠᠯ ᠤᠨ ᠵᠣᠭᠤᠰᠤᠨ ᠴᠦᠩᠬᠦ ᠶᠢᠨ ᠳᠠᠩᠰᠠ  ᠨᠡᠭᠡᠭᠡᠵᠦ᠂ ᠳᠠᠩᠰᠠᠨ ᠠᠴᠠ ᠰᠢᠯᠵᠢᠭᠦᠯᠦᠭᠰᠡᠨ ᠬᠠᠷᠢᠯᠴᠠᠨ ᠲᠣᠰᠠᠯᠠᠯᠴᠠᠬᠤ ᠮᠦᠩᠭᠦ ᠨᠡᠶᠢᠲᠡ 2610 ᠬᠤᠪᠢ ᠪᠠᠶᠢᠵᠤ᠂ ᠰᠢᠯᠵᠢᠭᠦᠯᠦᠭᠰᠡᠨ ᠵᠣᠭᠤᠰᠣᠨ ᠤ ᠲᠤᠭ᠎ᠠ 161 ᠲᠦᠮᠡᠨ ᠲᠦᠭᠦᠷᠢᠭ ᠲᠤ ᠬᠦᠷᠴᠠᠢ᠃ ᠡᠭᠦᠨ ᠳᠤ ᠣᠷᠣᠨ ᠤ ᠲᠣᠳᠣᠷ᠎ᠠ ᠰᠢᠯᠵᠢᠭᠦᠯᠦᠭᠰᠡᠨ ᠨᠢ 2245 ᠬᠤᠪᠢ᠂ ᠨᠡᠶᠢᠲᠡ 138.4 ᠲᠦᠮᠡᠨ ᠲᠦᠭᠦᠷᠢᠭ ᠰᠢᠯᠵᠢᠭᠦᠯᠪᠡ᠃ ᠮᠤᠵᠢ ᠠᠯᠤᠰᠯᠠᠨ ᠰᠢᠯᠵᠢᠭᠦᠯᠦᠭᠰᠡᠨ ᠨᠢ 259 ᠬᠤᠪᠢ᠂ ᠨᠡᠶᠢᠲᠡ 17.4 ᠲᠦᠮᠡᠨ ᠲᠦᠭᠦᠷᠢᠭ ᠰᠢᠯᠵᠢᠭᠦᠯᠵᠡᠢ᠃ ᠮᠤᠵᠢ ᠶᠢᠨ ᠭᠠᠳᠠᠨ᠎ᠠ ᠠᠴᠠ ᠰᠢᠯᠵᠢᠭᠦᠯᠦᠨ ᠣᠷᠤᠭᠤᠯᠤᠭᠰᠠᠨ ᠨᠢ 106 ᠬᠤᠪᠢ᠂ ᠨᠡᠶᠢᠲᠡ 5.2 ᠲᠦᠮᠡᠨ ᠲᠦᠭᠦᠷᠢᠭ ᠰᠢᠯᠵᠢᠭᠦᠯᠵᠡᠢ᠃ ᠡᠨᠡ ᠨᠢ ᠦᠪᠦᠷ ᠮᠤᠩᠭᠤᠯ ᠤᠨ ᠡᠮ ᠡᠮᠨᠡᠯᠭᠡ ᠶᠢᠨ ᠳᠠᠭᠠᠳᠬᠠᠯ ᠤᠨ ᠦᠢᠯᠡᠴᠢᠯᠡᠭᠡ ︽ᠭᠡᠷ ᠪᠦᠯᠢ ᠶᠢᠨ ᠬᠤᠭᠤᠷᠤᠨᠳᠤ ᠲᠣᠰᠠᠯᠠᠯᠴᠠᠬᠤ᠂ ᠮᠤᠵᠢ ᠠᠯᠤᠰᠯᠠᠨ ᠬᠠᠮᠲᠤ ᠪᠠᠷ ᠡᠳ᠋ᠯᠡᠬᠦ︾ ᠰᠢᠨ᠎ᠡ ᠱᠠᠳᠣᠨ ᠳᠤ ᠣᠷᠤᠭᠰᠠᠨ ᠢ ᠬᠠᠷᠠᠭᠤᠯᠵᠤ ᠪᠠᠶᠢᠨ᠎ᠠ᠃
ᠢᠷᠡᠯᠲᠡ᠄ ᠦᠪᠦᠷ ᠮᠤᠩᠭᠤᠯ ᠤᠨ ᠮᠤᠩᠭᠤᠯ ᠷᠠᠳᠢᠤ᠋