ᠰᠢᠯᠦᠭ — ᠨᠠᠮᠤᠷ
ᠨᠡᠶᠢᠲᠡᠯᠡᠭᠰᠡᠨ ᠴᠠᠭ᠄
2025/3/5
ᠶ᠊᠂ ᠪᠠᠳᠠᠷ᠎ᠠ           ᠰᠢᠯᠦᠭ —  ᠨᠠᠮᠤᠷᠳᠠᠯᠠᠢ ᠰᠢᠭ᠋ ᠨᠠᠯᠠᠭᠠᠷ ᠠᠭᠤᠵᠢᠮ  ᠤᠨ ᠳᠣᠮᠳᠠᠳᠠᠩᠴᠣ ᠮᠡᠳᠡᠭᠳᠡᠬᠦ ᠦᠭᠡᠢ ᠢᠷᠡᠴᠢᠬᠡᠭᠰᠡᠨ ᠪᠠᠶᠢᠳᠠᠭᠳᠠᠷᠣᠣᠬᠠᠨ ᠡᠷᠬᠢᠮᠰᠦᠭ ᠪᠦᠰᠡᠭᠦᠢ ᠰᠢᠭᠳᠠᠯᠳᠠ ᠶᠢᠨ ᠮᠦᠷᠦᠭᠡᠳᠦᠯ ᠳᠠᠯᠠᠯᠴᠢᠬᠠᠭᠰᠠᠨ ᠪᠠᠶᠢᠳᠠᠭᠨᠠᠮᠤᠷ ᠭᠡᠮᠡᠬᠦ ᠣᠷᠤᠨ ᠵᠠᠢᠠᠮᠤᠷ ᠠᠮᠤᠭᠤᠯᠠᠩ ᠤᠨ ᠳᠤᠮᠳᠠ ᠢᠷᠡᠵᠦ ᠶᠠᠪᠤᠨ᠎ᠠ  ᠰᠠᠮᠤᠷ ᠬᠡᠮᠡᠯᠢᠬᠦ ᠬᠡᠷᠡᠮᠦ ᠰᠢᠭᠰᠡᠳᠬᠢᠯ ᠳᠤ ᠣᠶᠢᠳᠬᠠᠷ ᠪᠦᠮᠪᠦᠷᠢᠭᠦᠯᠵᠦ ᠢᠷᠡᠨ᠎ᠡ ᠁ᠡᠷᠦᠬᠡᠨ ᠤ ᠣᠭᠤᠰᠣᠷ ᠲᠤ ᠵᠡᠭᠦᠷᠮᠡᠭ ᠰᠠᠯᠬᠢ ᠶᠢ ᠠᠷᠭᠠᠮᠵᠢᠵᠤᠡᠷᠢᠬᠡᠨ ᠤ ᠦᠷᠢᠯ ᠳᠤ ᠵᠢᠷᠦᠬᠡᠨ ᠤ ᠭᠡᠮᠨᠡᠯ ᠢ ᠰᠢᠨᠠᠯᠭᠠᠵᠤᠡᠷᠭᠢᠨ ᠳᠡᠭᠡᠭᠦᠷ ᠭᠠᠭᠴᠠ ᠰᠢᠪᠠᠭᠤ ᠬᠦᠭᠡᠷᠦᠭᠦᠯᠴᠢᠬᠡᠭᠡᠳᠡᠷᠲᠡ ᠢᠷᠡᠭᠰᠡᠨ ᠨᠠᠮᠤᠷ ᠣᠷᠳᠤ ᠠᠴᠠ ᠣᠷᠳᠤ ᠦᠷᠭᠦᠯᠵᠢᠯᠡᠨ᠎ᠡ ᠁    ᠰᠡᠳᠬᠢᠯ ᠤᠨ ᠨᠣᠭᠤᠭᠠᠨ ᠳᠡᠨᠵᠢ ᠶᠢ ᠮᠢᠨᠢ    ᠰᠢᠷᠭᠠᠯ ᠠᠷᠠᠨᠰᠢᠨ ᠢᠶᠠᠷ ᠢᠶᠠᠨ ᠪᠣᠳᠣᠭᠯᠠᠵᠤ    ᠰᠡᠮ ᠰᠡᠮᠭᠡᠨ ᠵᠦᠭᠡᠯᠡᠨ ᠭᠤᠨᠢᠭ ᠢ    ᠰᠢᠷᠭᠡᠭ ᠰᠢᠷᠭᠡᠭ ᠢᠶᠠᠷ ᠬᠦᠨᠳᠡᠵᠦ    ᠨᠠᠮᠤᠷ ᠴᠢ ᠠᠨᠢᠷᠭᠦᠢ ᠪᠠᠶᠢᠲᠠᠯ᠎ᠠ ᠪᠠᠨ    ᠠᠮᠤᠷ ᠪᠠᠶᠢᠯᠭᠠᠳᠠᠭ ᠦᠭᠡᠢ ᠶᠢ ᠶᠠᠭᠠᠬᠢᠨ᠎ᠠ ᠡ    ᠨᠠᠮᠤᠷ ᠴᠢ ᠦᠨᠦᠷᠭᠦᠢ ᠪᠠᠶᠢᠳᠠᠯ᠎ᠠ ᠪᠠᠨ    ᠬᠠᠮᠠᠷ ᠱᠠᠷᠭᠢᠷᠠᠭᠤᠯᠬᠤ ᠶᠢ ᠶᠠᠭᠠᠬᠢᠨ᠎ᠠ ᠡ ᠁ ᠨᠢᠭᠡᠯᠡ ᠦᠷᠯᠦᠭᠡ ᠰᠡᠷᠡᠬᠦ ᠳᠤ ᠰᠢᠪᠠᠭᠤᠳ ᠢᠶᠠᠨ ᠳᠠᠭᠠᠭᠤᠯᠤᠭᠠᠳ ᠪᠣᠴᠠᠴᠢᠬᠠᠭᠰᠠᠨ ᠪᠠᠶᠢᠳᠠᠭ ᠨᠢᠩᠵᠢᠨ ᠰᠡᠳᠬᠢᠯ ᠤᠨ ᠮᠠᠨᠠᠨ ᠢ ᠨᠢᠮᠬᠡᠨ ᠬᠢᠷᠠᠭᠤ ᠪᠠᠷ ᠬᠤᠴᠢᠴᠢᠬᠠᠭᠰᠠᠨ ᠪᠠᠶᠢᠳᠠᠭ ᠨᠠᠮᠤᠷ ᠡ ᠭᠡᠵᠦ ᠨᠠᠨᠳᠢᠩᠬᠠᠨ ᠤᠯᠠᠷᠢᠯ ᠡ ᠨᠠᠮᠤᠷ ᠡ ᠭᠡᠵᠦ ᠨᠠᠷᠠ ᠬᠤᠷᠭᠤᠭᠰᠠᠨ ᠠᠶᠠᠯᠠᠯ ᠡ ᠨᠠᠮᠤᠷ ᠡ ᠭᠡᠵᠦ ᠡᠵᠢ ᠶᠢᠨ ᠭᠠᠷ ᠤᠨ ᠢᠯᠪᠢᠯ ᠡ ᠨᠠᠮᠤᠷ ᠡ ᠭᠡᠵᠦ ᠡᠬᠡ ᠭᠠᠵᠠᠷ ᠤᠨ ᠤᠶᠠᠷᠠᠯ ᠡ ᠁                                ︽ ᠤᠷᠠᠳ ᠣᠳᠬ᠎ᠠ ᠵᠣᠬᠢᠶᠠᠯ︾ ᠸᠢᠴᠠᠲ ᠤᠯᠠᠨ ᠨᠡᠶᠢᠲᠡ ᠶᠢᠨ ᠲᠠᠪᠴᠠᠩ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ