ᠰᠢᠯᠦᠭ — ᠵᠥᠭᠡᠷ ᠯᠡ ᠨᠢᠭᠡ ᠮᠣᠳᠣ ᠪᠠᠶᠢᠬᠤ ᠰᠠᠨ  ︵  ᠬᠦᠲᠦᠯᠦᠭᠡ ᠳᠦᠷᠪᠡ ︶
ᠨᠡᠶᠢᠲᠡᠯᠡᠭᠰᠡᠨ ᠴᠠᠭ᠄
2025/3/4
ᠶ᠊᠂  ᠪᠠᠳᠠᠷ᠎ᠠ      ᠵᠥᠭᠡᠷ ᠯᠡ ᠨᠢᠭᠡ ᠮᠣᠳᠣ ᠪᠠᠶᠢᠬᠤ ᠰᠠᠨ ︵ ᠬᠦᠲᠦᠯᠦᠭᠡ ᠳᠦᠷᠪᠡ ︶  ᠵᠥᠭᠡᠷ ᠯᠡ ᠨᠢᠭᠡ ᠮᠣᠳᠣ ᠪᠠᠶᠢᠬᠤ ᠰᠠᠨ ᠵᠡᠭᠦᠷᠮᠡᠭᠯᠡᠬᠦ ᠰᠢᠪᠠᠭᠤᠳ ᠢ ᠦᠷᠭᠦᠭᠡᠯ ᠦᠭᠡᠢ ᠵᠢᠷᠦᠬᠡ ᠪᠠᠨ ᠳᠠᠷᠤᠨ ᠰᠡᠷᠡᠬᠦᠨ ᠬᠤᠨᠣᠬᠤ ᠵᠢᠷ ᠤᠨ ᠨᠢᠭᠡ ᠮᠣᠳᠤ ᠪᠠᠶᠢᠬᠤ ᠰᠠᠨ ᠵᠠᠭᠤᠨ ᠳᠠᠮᠵᠢᠨ ᠰᠠᠯᠠᠭᠠᠯᠠᠭ᠎ᠠ ᠦᠭᠡᠢ ᠴᠦ ᠵᠣᠨ ᠪᠣᠯᠭᠠᠨ ᠰᠠᠭᠯᠠᠭᠠᠷ ᠪᠠᠶᠢᠬᠤ ᠳᠠᠭᠤᠨ ᠡᠮᠵᠢᠨ ᠴᠣᠣᠷᠢᠶᠠᠯᠠᠭ᠎ᠠ ᠦᠭᠡᠢ ᠴᠦ ᠳᠣᠭᠤᠢ  ᠳᠣᠲᠤᠷ᠎ᠠ ᠠᠴᠠ ᠪᠠᠨ ᠡᠭᠡᠰᠢᠭᠷᠡᠬᠦ ᠵᠦᠰᠡᠷᠡᠬᠦ ᠬᠤᠷ᠎ᠠ ᠪᠠᠷ ᠠᠷᠢᠭᠤᠰᠬᠤ ᠵᠦᠩ ᠪᠢᠯᠢᠭ ᠢᠶᠠᠷ ᠢᠷᠠᠭᠤᠰᠬᠤ ᠵᠢᠷᠭᠢᠬᠦ ᠰᠢᠪᠠᠭᠤᠳ ᠢᠶᠠᠷ ᠢᠶᠠᠨ ᠯᠠ ᠵᠢᠷᠭᠠᠬᠤ ᠵᠢᠵᠢᠭᠬᠡᠨ ᠨᠢᠭᠡᠨ ᠮᠣᠳᠤ ᠪᠠᠶᠢᠬᠤ ᠰᠠᠨ ᠨᠠᠮᠤᠭᠤᠬᠠᠨ ᠨᠢᠭᠡ ᠮᠣᠳᠤ ᠪᠠᠶᠢᠬᠤ ᠰᠠᠨ    ᠨᠣᠶᠢᠷᠮᠤᠭ ᠰᠠᠯᠬᠢ ᠬᠦᠯ ᠠᠯᠳᠠᠬᠤ ᠳᠤ    ᠨᠠᠪᠴᠢᠰ ᠢᠶᠠᠨ ᠳᠡᠪᠢᠰᠦᠨ ᠳᠣᠰᠬᠤ    ᠨᠠᠮᠤᠷ ᠤᠨ ᠨᠢᠭᠡᠨ ᠮᠣᠳᠤ ᠪᠠᠶᠢᠬᠤ ᠰᠠᠨ    ᠠᠭᠤᠯᠠᠰ ᠳᠠᠮᠨᠠᠨ ᠣᠷᠭᠤᠭ᠎ᠠ ᠦᠭᠡᠢ ᠴᠦ    ᠡᠭᠦᠯᠡᠰ ᠰᠠᠮᠨᠠᠨ ᠨᠠᠶᠢᠭᠤᠬᠤ    ᠣᠰᠤ ᠳᠠᠮᠵᠢᠨ ᠦᠷᠲᠡᠭᠡᠯᠡᠭᠡ ᠦᠭᠡᠢ ᠴᠦ    ᠠᠰ ᠳᠡᠭᠡᠭᠰᠢ ᠪᠠᠨ ᠯᠡ ᠦᠭᠰᠦᠬᠦ    ᠠᠯᠳᠠᠩᠬᠠᠨ ᠤᠯᠠᠷᠢᠯ ᠢᠶᠠᠷ ᠨᠢᠯᠪᠤᠰᠤᠷᠠᠬᠤ    ᠠᠩᠬᠠᠨ ᠤ ᠴᠠᠩ ᠢᠶᠠᠷ ᠠᠯᠤᠰᠷᠠᠬᠤ    ᠠᠷᠲᠠᠭ ᠰᠠᠯᠬᠢ ᠶᠢ ᠠᠷᠭᠠᠳᠠᠬᠤ    ᠠᠮᠤᠭᠤᠯᠠᠩ ᠨᠢᠭᠡᠨ ᠮᠣᠳᠤ ᠪᠠᠶᠢᠬᠤ ᠰᠠᠨ    ᠲᠡᠶᠢᠮᠦ ᠯᠡ ᠨᠢᠭᠡ ᠮᠣᠳᠤ ᠪᠠᠶᠢᠬᠤ ᠰᠠᠨ ᠲᠡᠨᠳᠡ ᠪᠠᠨ ᠯᠠ ᠵᠣᠭᠰᠣᠭᠰᠠᠭᠠᠷ ᠡᠪᠦᠭᠡᠷᠡᠬᠦ ᠲᠡᠷᠡ ᠪᠡᠶ᠎ᠡ ᠪᠠᠨ ᠵᠣᠷᠢᠭᠤᠯᠤᠭᠰᠠᠭᠠᠷ ᠳᠠᠭᠤᠰᠬᠤ ᠳᠡᠪᠴᠢᠶᠡᠷᠢ ᠲᠠᠢ ᠨᠢᠭᠡᠨ ᠮᠣᠳᠤ ᠪᠠᠶᠢᠬᠤ ᠰᠠᠨ ᠲᠦᠷᠦ ᠶᠢᠨ ᠣᠷᠳᠤᠨ ᠳᠤ ᠭᠤᠶᠤᠯᠠᠯ ᠪᠣᠯᠤᠭ᠎ᠠ ᠦᠭᠡᠢ  ᠲᠡᠮᠦᠷ ᠵᠠᠮ ᠳᠤ ᠲᠡᠷ᠎ᠡ ᠪᠤᠯᠵᠤ ᠡᠷᠴᠢᠯᠡᠬᠦ ᠲᠦᠯᠵᠢᠬᠦ ᠣᠷᠴᠢᠯᠠᠩ ᠳᠤ ᠳᠡᠭᠡᠭᠡᠷ᠎ᠡ ᠪᠣᠯᠬᠤ ᠦᠭᠡᠢ ᠲᠦᠯᠡᠭᠡ ᠪᠣᠯᠵᠤ ᠢᠯᠴᠢ ᠬᠠᠶᠢᠷᠠᠯᠠᠬᠤ ᠬᠠᠯᠠᠭᠤᠬᠠᠨ ᠨᠢᠭᠡ ᠮᠣᠳᠤ ᠪᠠᠶᠢᠬᠤ ᠰᠠᠨ ᠬᠠᠳᠠᠭᠤᠬᠠᠨ ᠨᠢᠭᠡ ᠮᠣᠳᠤ ᠪᠠᠶᠢᠬᠤ ᠰᠠᠨ ᠬᠠᠨ ᠬᠤᠷᠸ᠎ᠠ ᠶᠢᠨ ᠠᠯᠢᠬᠠᠨ ᠨᠢᠭᠡ ᠦᠨᠴᠦᠭ ᠲᠤ ᠬᠠᠳᠤᠨ ᠳᠡᠯᠡᠬᠡᠢ ᠶᠢᠨ ᠬᠠᠮᠢᠭᠠᠬᠠᠨ ᠨᠢᠭᠡᠨ ᠴᠡᠭ ᠲᠤ ᠠᠬᠢᠭᠠᠳ ᠯᠠ ᠨᠢᠭᠡ ᠮᠣᠳᠤ ᠪᠠᠶᠢᠬᠤ ᠰᠠᠨ ᠵᠦᠭᠡᠷ ᠯᠡ ᠨᠢᠭᠡ ᠮᠣᠳᠤ ᠪᠠᠶᠢᠬᠤ ᠰᠠᠨ  ᠁                  ᠢᠷᠡᠯᠲᠡ᠄ ︽ᠤᠷᠠᠳ ᠣᠳᠬ᠎ᠠ ᠵᠣᠬᠢᠶᠠᠯ︾ ᠸᠢᠴᠠᠲ ᠤᠯᠠᠨ ᠨᠡᠶᠢᠲᠡ ᠶᠢᠨ ᠲᠠᠪᠴᠠᠩ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ