ᠡᠷᠲᠡ ᠤᠷᠢᠳᠤ ᠶᠢᠨ ᠴᠠᠭ ᠲᠤ᠂ ᠬᠤᠶᠠᠷ ᠪᠠᠳᠢᠷᠴᠢᠨ ᠯᠠᠮᠠ ᠪᠠᠶᠢᠵᠤ ᠭᠡᠨ᠎ᠡ᠃ ᠬᠤᠶᠠᠭᠤᠯᠠ ᠪᠠᠨ ᠴᠦᠮ ᠶᠠᠳᠠᠭᠤ ᠪᠠᠶᠢᠵᠠᠢ᠃ ᠨᠢᠭᠡ ᠯᠠᠮᠠ ᠨᠢ ᠰᠠᠨᠠᠭ᠎ᠠ | ᠰᠠᠶᠢᠲᠠᠢ᠂ ᠶᠠᠭᠠᠬᠢᠪᠠᠯ ᠰᠠᠶ᠋ᠢ ᠬᠤᠶᠠᠭᠤᠯᠠ ᠪᠠᠨ ᠪᠠᠶᠠᠵᠢᠨ ᠴᠢᠨᠡᠭᠡᠯᠢᠭᠵᠢᠬᠦ ᠪᠤᠯ ᠳ᠋ᠠ ᠬᠡᠵᠦ ᠦᠷᠭᠦᠯᠵᠢ ᠪᠤᠳᠤᠳᠠᠭ ᠭᠡᠨ᠎ᠡ᠃ ᠨᠦᠭᠦᠭᠡ ᠨᠢᠭᠡ ᠯᠠᠮᠠ ᠨᠢ ᠬᠠᠷᠢᠨ | ᠲᠡᠶᠢᠮᠦ ᠪᠢᠰᠢ᠂ ᠲᠡᠭᠦᠨ ᠤ ᠰᠡᠳᠬᠢᠯ ᠰᠠᠨᠠᠭ᠎ᠠ ᠨᠢ ᠬᠤᠪᠳᠤᠭ ᠰᠢᠨᠤᠬᠠᠢ᠂ ᠦᠷᠭᠦᠯᠵᠢ ᠳᠡᠭᠡᠨ ᠨᠦᠭᠦᠬᠡ ᠨᠢᠭᠡ ᠰᠠᠶᠢᠨ ᠰᠠᠨᠠᠭ᠎ᠠ ᠲᠠᠢ ᠯᠠᠮᠠ ᠶᠢᠨ ᠠᠷᠤᠭ ᠳᠤᠲᠤᠷᠠᠬᠢ | ᠶᠠᠭᠤᠮ᠎ᠠ ᠶᠢ ᠶᠠᠭᠠᠬᠢᠵᠤ ᠮᠡᠬᠡᠯᠡᠵᠦ ᠠᠪᠬᠤ ᠪᠢᠯᠡ ᠬᠡᠵᠦ ᠪᠤᠳᠤᠳᠠᠭ ᠪᠠᠶᠢᠵᠠᠢ᠃ ᠨᠢᠭᠡ ᠡᠳᠤᠷ ᠬᠤᠶᠠᠭᠤᠯᠠ ᠪᠠᠨ ᠶᠠᠪᠤᠭᠰᠠᠭᠠᠷ ᠪᠠᠶᠢᠵᠤ᠂ ᠨᠢᠭᠡᠨ ᠬᠠᠭᠤᠷᠠᠢ | ᠬᠤᠳᠳᠤᠭ ᠳᠤᠬᠢᠶᠠᠯᠳᠤᠪᠠ᠃ ᠤᠶᠢᠷᠠᠲᠤᠵᠤ ᠤᠴᠢᠭᠠᠳ ᠦᠵᠡᠭᠰᠡᠨ ᠴᠢᠨᠢ ᠲᠡᠷᠡ ᠬᠤᠳᠳᠤᠭ ᠲᠤ ᠨᠢᠭᠡᠨ ᠪᠦᠳᠦᠭᠦᠨ ᠮᠤᠳᠤ ᠤᠷᠭᠤᠵᠤ ᠪᠠᠶᠢᠭᠰᠠᠨ ᠪᠦᠭᠡᠳ | ᠮᠤᠳᠤᠨ ᠳᠡᠭᠡᠷ᠎ᠡ ᠨᠢ ᠨᠢᠭᠡᠨ ᠭᠠᠷᠤᠳᠢ ᠡᠭᠦᠷᠯᠡᠵᠦ ᠵᠤᠯᠵᠠᠭ᠎ᠠ ᠭᠠᠷᠭᠠᠴᠢᠬᠠᠭᠰᠠᠨ ᠪᠠᠶᠢᠪᠠ᠃ | ᠲᠡᠭᠡᠭᠡᠳ ᠲᠡᠳᠡ ᠬᠤᠶᠠᠭᠤᠯᠠ ᠪᠠᠨ ᠵᠦᠪᠳᠡᠯᠴᠡᠭᠡᠳ ᠬᠤᠳᠳᠤᠭ ᠲᠤ ᠴᠤᠬᠤᠮ ᠶᠠᠭᠤ ᠪᠠᠶᠢᠬᠤ ᠶᠢ ᠳᠡᠭᠡᠰᠦ ᠪᠠᠷ ᠡᠭᠡᠯᠵᠢᠯᠡᠨ ᠪᠠᠭᠤᠵᠤ ᠦᠵᠡᠬᠦ ᠪᠠᠷ ᠪᠤᠯᠪᠠ᠃ | ᠬᠤᠪᠳᠤᠭ ᠰᠢᠨᠤᠬᠠᠢ ᠯᠠᠮᠠ ᠤᠷᠢᠳᠠᠪᠠᠷ ᠪᠠᠭᠤᠬᠤ ᠪᠠᠷ ᠲᠤᠭᠳᠠᠭᠠᠳ᠂ ᠬᠡᠯᠡᠭᠰᠡᠨ ᠨᠢ᠄ 《 ᠪᠢ ᠪᠠᠭᠤᠭᠰᠠᠨ ᠤ ᠰᠡᠭᠦᠯᠡᠷ᠂ ᠴᠢᠮ᠎ᠠ ᠶᠢ ᠳᠡᠭᠡᠰᠦ ᠪᠠᠨ ᠲᠠᠲᠠ ᠭᠡᠵᠦ | ᠬᠡᠯᠡᠪᠡᠯ ᠴᠢ ᠨᠠᠮ᠎ᠠ ᠶᠢ ᠳᠠᠷᠤᠶᠢᠬᠠᠨ ᠲᠠᠲᠠᠵᠤ ᠭᠠᠷᠭᠠᠭᠠᠷᠠᠢ︕ 》 ᠭᠡᠳ ᠬᠤᠳᠳᠤᠭ ᠲᠤ ᠤᠷᠤᠪᠠ᠃ ᠬᠠᠷ᠎ᠠ ᠰᠠᠨᠠᠭ᠎ᠠ ᠲᠠᠢ ᠯᠠᠮᠠ ᠲᠡᠷᠡ ᠬᠤᠳᠳᠤᠭ ᠤᠨ | ᠢᠷᠤᠭᠠᠷ ᠢ ᠦᠵᠡᠭᠡᠳ ᠭᠠᠷᠴᠤ ᠢᠷᠡᠭᠰᠡᠨ ᠤ ᠳᠠᠷᠠᠭ᠎ᠠ ᠳᠤᠲᠤᠷ᠎ᠠ ᠪᠠᠨ᠄ ᠪᠢ ᠬᠡᠷᠪᠡ ᠲᠡᠭᠦᠨ ᠢ ᠬᠠᠭᠤᠷᠠᠢ ᠬᠤᠳᠳᠤᠭ ᠲᠤ ᠲᠦᠯᠬᠢᠵᠦ ᠤᠷᠤᠭᠤᠯᠪᠠᠯ᠂ ᠲᠡᠭᠦᠨ ᠤ | ᠠᠷᠤᠭ ᠢ ᠯᠠᠪ ᠤᠯᠵᠤ ᠴᠢᠳᠠᠨ᠎ᠠ ᠬᠡᠵᠦ ᠪᠤᠳᠤᠭᠠᠳ ᠰᠠᠶᠢᠨ ᠰᠠᠨᠠᠭᠠᠲᠤ ᠯᠠᠮᠠ ᠳᠤ ᠬᠡᠯᠡᠭᠰᠡᠨ ᠨᠢ᠄《 ᠴᠢ ᠬᠡᠷᠪᠡ ᠬᠤᠪᠴᠠᠰᠤ ᠪᠠᠨ ᠲᠠᠶᠢᠯᠵᠤ ᠨᠢᠴᠦᠭᠦᠨ ᠢᠶᠠᠷ | ᠤᠷᠤᠬᠤ ᠦᠭᠡᠢ ᠪᠤᠯ ᠮᠤᠳᠤᠨ ᠤ ᠰᠠᠯᠠᠭᠠᠨ ᠳᠤ ᠬᠤᠪᠴᠠᠰᠤ ᠴᠢᠨᠢ ᠤᠷᠠᠭᠳᠠᠨᠠ ᠰᠢᠤ》 ᠭᠡᠪᠡ᠃ ᠲᠡᠭᠦᠨ ᠤ ᠬᠡᠯᠡᠭᠰᠡᠨ ᠢ ᠰᠤᠨᠤᠰᠤᠭᠠᠳ ᠰᠠᠶᠢᠨ ᠰᠠᠨᠠᠭᠠᠲᠤ ᠯᠠᠮᠠ | ᠨᠢᠴᠦᠭᠦᠨ ᠢᠶᠠᠷ ᠬᠤᠳᠳᠤᠭ ᠲᠤ ᠤᠷᠤᠵᠤ᠂ ᠬᠤᠳᠳᠤᠭ ᠤᠨ ᠢᠷᠤᠭᠠᠷ ᠤᠨ ᠡᠷᠬᠢᠨ ᠲᠤᠭᠤᠷᠢᠨ ᠢ ᠦᠵᠡᠴᠢᠬᠡᠭᠡᠳ᠄《 ᠨᠠᠮ᠎ᠠ ᠶᠢ ᠲᠠᠲᠠᠵᠤ ᠭᠠᠷᠭᠠᠭᠠᠷᠠᠢ︕》 | ᠭᠡᠵᠦ ᠰᠠᠶᠢᠨ ᠰᠠᠨᠠᠭᠠᠲᠤ ᠯᠠᠮᠠ ᠬᠡᠳᠦᠶᠢᠴᠢᠨᠡᠭᠡᠨ ᠳᠠᠭᠤᠳᠠᠵᠤ ᠬᠠᠰᠬᠢᠷᠤᠭᠰᠠᠨ ᠴᠤ ᠦᠨᠦᠬᠢ ᠨᠢ ᠶᠡᠷᠦ ᠬᠠᠷᠢᠭᠤ ᠦᠬᠡᠢ ᠪᠠᠶᠢᠯ᠎ᠠ᠃ ᠢᠩᠬᠢᠭᠡᠳ ᠰᠠᠶ᠋ᠢ ᠮᠡᠬᠡᠯᠡᠭᠳᠡᠭᠰᠡᠨ | ᠢᠶᠠᠨ ᠮᠡᠳᠡᠭᠡᠳ᠂ ᠠᠷᠭ᠎ᠠ ᠪᠤᠰᠤ ᠨᠢᠴᠦᠭᠦᠨ ᠢᠶᠠᠷ ᠬᠤᠳᠳᠤᠭ ᠤᠨ ᠢᠷᠦᠭᠠᠷ ᠲᠤ ᠰᠠᠭᠤᠭᠠᠳ ᠬᠦᠮᠦᠨ ᠢᠷᠡᠵᠦ ᠠᠪᠤᠷᠠᠬᠤ ᠶᠢ ᠬᠦᠯᠢᠶᠡᠪᠡ ᠭᠡᠨ᠎ᠡ᠃ | ᠬᠤᠶᠠᠷ ᠯᠠᠮᠠ ᠬᠡᠳᠦᠶᠢᠪᠡᠷ ᠪᠠᠳᠢᠷᠴᠢᠨ ᠪᠤᠯᠪᠠᠴᠤ ᠪᠠᠰᠠ ᠶᠢᠰᠦᠨ ᠵᠦᠢᠯ ᠤᠨ ᠵᠢᠭᠦᠷᠲᠡᠨ ᠠᠷᠢᠶᠠᠲᠠᠨ ᠤ ᠦᠭᠡ ᠬᠡᠯᠡ ᠶᠢ ᠮᠡᠳᠡᠳᠡᠭ ᠭᠡᠨ᠎ᠡ᠃ ᠡᠨᠡ ᠦᠶᠡᠰ ᠲᠤ | ᠭᠠᠷᠤᠳᠢ ᠶᠢᠨ ᠵᠤᠯᠵᠠᠭ᠎ᠠ ᠨᠢ ᠬᠤᠭᠤᠷᠤᠨᠳᠤ ᠪᠠᠨ ᠵᠢᠷᠵᠢᠭᠢᠨᠡᠨ ᠱᠤᠯᠤᠭᠠᠨᠠᠵᠤ᠂ ᠨᠢᠭᠡ ᠨᠢ ᠬᠡᠯᠡᠭᠦ ᠳᠡᠭᠡᠨ᠄《 ᠪᠢᠳᠡ ᠤᠳᠤ ᠬᠤᠶᠠᠷ ᠭᠤᠷᠪᠠᠨ ᠡᠳᠤᠷ ᠪᠤᠯᠪᠠᠯ ᠡᠨᠡ | ᠬᠠᠭᠤᠷᠠᠢ ᠬᠤᠳᠳᠤᠭ ᠠᠴᠠ ᠨᠢᠰᠴᠦ ᠭᠠᠷᠤᠨ᠎ᠠ᠃ ᠭᠡᠲᠡᠯ᠎ᠡ ᠡᠨᠡ ᠬᠦᠭᠡᠷᠦᠬᠦᠢ ᠯᠠᠮᠠ ᠬᠤᠳᠳᠤᠭ ᠠᠴᠠ ᠶᠠᠭᠠᠬᠢᠵᠤ ᠭᠠᠷᠤᠨ᠎ᠠ ᠪᠤᠢ︖》 ᠭᠡᠪᠡ᠃ ᠦᠭᠡᠷ᠎ᠡ ᠨᠢᠭᠡ | ᠨᠢ ᠵᠠᠯᠭᠠᠭᠠᠳ᠄《 ᠬᠠᠮᠢᠶ᠎ᠠ ᠦᠭᠡᠢ ᠯᠠ ᠳ᠋ᠠ᠂ ᠲᠡᠷᠡ ᠮᠠᠨ ᠤ ᠢᠳᠡᠰᠢᠨ ᠠᠴᠠ ᠬᠤᠪᠢᠶᠠᠯᠴᠠᠨ ᠬᠦᠷᠳᠡᠵᠦ᠂ ᠮᠠᠨᠤᠰ ᠬᠤᠳᠳᠤᠭ ᠠᠴᠠ ᠭᠠᠷᠬᠤ ᠦᠶ᠎ᠡ ᠳᠤ | ᠲᠡᠭᠡᠰᠦᠨ ᠤ ᠦᠵᠦᠭᠦᠷ ᠢ ᠬᠦᠯ ᠳᠡᠭᠡᠨ ᠡᠯᠭᠦᠴᠢᠭᠡᠪᠡᠯ ᠲᠡᠭᠦᠨ ᠢ ᠲᠠᠲᠠᠭᠠᠳ ᠭᠠᠷᠭᠠᠴᠢᠬᠠᠨ᠎ᠠ ᠰᠢᠤ》 ᠭᠡᠯᠡ᠃ ᠰᠠᠶᠢᠨ ᠰᠠᠨᠠᠭᠠᠲᠤ ᠯᠠᠮᠠ ᠲᠡᠳᠡᠨᠤᠰ ᠤᠨ ᠬᠡᠯᠡᠭᠰᠡᠨ | ᠦᠭᠡ ᠶᠢ ᠰᠤᠨᠤᠰᠤᠭᠠᠳ ᠲᠤᠩ ᠪᠠᠶᠠᠷᠯᠠᠵᠤ᠂ ᠭᠤᠷᠪᠠ ᠬᠤᠨᠤᠭ ᠤᠨ ᠳᠠᠷᠠᠭ᠎ᠠ ᠭᠠᠷᠤᠳᠢ ᠶᠢᠨ ᠵᠤᠯᠵᠠᠭ᠎ᠠ ᠲᠠᠢ ᠬᠠᠮᠲᠤ ᠬᠠᠭᠤᠷᠠᠢ ᠬᠤᠳᠳᠤᠭ ᠠᠴᠠ ᠭᠠᠷᠤᠭᠰᠠᠨ | ᠭᠡᠨ᠎ᠡ᠃ | ᠰᠠᠶᠢᠨ ᠰᠠᠨᠠᠭᠠᠲᠤ ᠪᠠᠳᠢᠷᠴᠢᠨ ᠯᠠᠮᠠ ᠭᠠᠷᠴᠤ ᠢᠷᠡᠭᠡᠳ ᠦᠵᠡᠭᠰᠡᠨ ᠴᠢᠨᠢ ᠬᠤᠪᠴᠠᠰᠤ ᠪᠤᠯᠤᠨ ᠠᠷᠤᠭ ᠨᠢ ᠠᠯᠢ ᠬᠡᠳᠦᠶᠢᠨ ᠪᠠᠷ᠎ᠠ ᠰᠤᠷᠠᠭ ᠦᠭᠡᠢ ᠪᠤᠯᠴᠢᠬᠠᠪᠠ᠃ | ᠲᠡᠭᠡᠭᠡᠳ ᠲᠡᠷᠡ ᠰᠠᠶᠢᠨ ᠰᠠᠨᠠᠭᠠᠲᠤ ᠯᠠᠮᠠ ᠬᠠᠮᠢᠭᠠᠰᠢ ᠶᠠᠪᠤᠬᠤ ᠪᠠᠨ ᠤᠯᠵᠤ ᠶᠠᠳᠠᠨ᠂ ᠠᠷᠭ᠎ᠠ ᠪᠤᠰᠤ ᠠᠰ ᠤᠮᠠᠷᠠᠲᠤ ᠵᠦᠭ ᠢ ᠴᠢᠭᠯᠡᠨ ᠪᠦᠲᠦᠨ ᠨᠢᠭᠡ ᠡᠳᠦᠷ | ᠶᠠᠪᠤᠭᠠᠳ᠂ ᠪᠦᠷᠦᠢ ᠪᠤᠯᠬᠤ ᠶᠢᠨ ᠠᠯᠳᠠ ᠳᠤ ᠰᠠᠶ᠋ᠢ ᠨᠢᠭᠡᠨ ᠲᠤᠮᠤ ᠴᠠᠭᠠᠨ ᠮᠤᠩᠭᠤᠯ ᠭᠡᠷ ᠤᠨ ᠳᠡᠷᠭᠡᠳᠡ ᠬᠦᠷᠪᠡ᠃ ᠭᠡᠷ ᠲᠤ ᠤᠷᠤᠭᠠᠳ ᠦᠵᠡᠭᠰᠡᠨ ᠴᠢᠨᠢ ᠭᠡᠷ | ᠤᠨ ᠬᠤᠶᠢᠮᠤᠷ ᠲᠤ ᠬᠠᠨᠵᠤᠨ ᠤ ᠠᠪᠳᠠᠷ᠎ᠠ ᠲᠠᠯᠪᠢᠵᠤ᠂ ᠭᠡᠷ ᠤᠨ ᠱᠠᠯᠠ ᠪᠠᠷ ᠲᠦᠭᠦᠷᠡᠩ ᠵᠢᠭᠦᠷᠲᠡᠨ ᠠᠷᠢᠶᠠᠲᠠᠨ ᠤ ᠪᠠᠭᠠᠰᠤ ᠪᠠᠶᠢᠵᠤ᠂ ᠭᠡᠷ ᠤᠨ ᠲᠤᠭᠤᠨᠤ ᠶᠢᠨ | ᠱᠠᠭᠠᠵᠠᠭᠠᠢ ᠶᠢᠨ ᠡᠭᠦᠷ ᠲᠤ ᠪᠠᠰᠠ ᠬᠡᠳᠦᠨ ᠱᠠᠭᠠᠵᠠᠭᠠᠢ ᠶᠢᠨ ᠵᠤᠯᠵᠠᠭ᠎ᠠ ᠪᠠᠶᠢᠪᠠ᠃ | ᠪᠦᠷᠦᠢ ᠲᠠᠰᠤᠷᠠᠭᠰᠠᠨ ᠤ ᠬᠤᠶᠢᠨ᠎ᠠ᠂ ᠪᠠᠳᠢᠷᠴᠢᠨ ᠯᠠᠮᠠ ᠠᠷᠭ᠎ᠠ ᠪᠤᠰᠤ ᠬᠠᠨᠵᠤᠨ ᠤ ᠠᠪᠳᠠᠷ᠎ᠠ ᠳᠤ ᠰᠢᠷᠭᠤᠨ ᠤᠷᠤᠭᠠᠳ ᠬᠡᠪᠲᠡᠪᠡ᠃ ᠭᠡᠨᠡᠳᠲᠡ ᠱᠠᠭᠠᠵᠠᠭᠠᠢ | ᠭᠠᠳᠠᠨ᠎ᠠ ᠠᠴᠠ ᠨᠢᠰᠦᠨ ᠤᠷᠤᠵᠤ ᠢᠷᠡᠯ᠎ᠡ᠃ ᠱᠠᠭᠠᠵᠠᠭᠠᠢ ᠶᠢᠨ ᠵᠤᠯᠵᠠᠭ᠎ᠠ ᠡᠵᠢ ᠠᠴᠠ ᠪᠠᠨ᠄《 ᠡᠵᠢ ᠡ᠂ ᠦᠨᠦᠳᠦᠷ ᠶᠠᠭᠤ ᠤᠯᠵᠤ ᠢᠷᠠᠪᠡ︖》 ᠭᠡᠵᠦ | ᠠᠰᠠᠭᠤᠬᠤ ᠳᠤ ᠡᠵᠢ ᠨᠢ᠄《 ᠵᠡᠷᠯᠢᠭ ᠴᠢᠨ᠋ᠸ᠎ᠠ ᠨᠢᠭᠡᠨ ᠬᠤᠨᠢ ᠪᠠᠷᠢᠭᠠᠳ ᠢᠳᠡᠵᠦ ᠪᠠᠶᠢᠬᠤ ᠲᠠᠭᠠᠷᠠᠯᠳᠤᠭᠠᠳ᠂ ᠪᠢ ᠬᠤᠨᠢᠨ ᠤ ᠮᠢᠬᠠᠨ ᠠᠴᠠ ᠨᠢ ᠬᠤᠪᠢᠶᠠᠯᠴᠠᠵᠤ | ᠢᠳᠠᠯ᠎ᠠ᠃ 》 ᠭᠡᠳ ᠡᠵᠢ ᠨᠢ ᠵᠠᠯᠭᠠᠭᠠᠳ ᠪᠠᠰᠠ᠄《 ᠮᠠᠷᠭᠠᠰᠢ ᠪᠠᠰᠠ ᠨᠢᠭᠡ ᠵᠠᠭᠤ ᠵᠢᠷᠠᠨ ᠬᠦᠮᠦᠨ ᠤ ᠨᠢᠳᠦ ᠶᠢ ᠤᠯᠵᠤ ᠢᠳᠡᠬᠦ ᠶᠤᠮ ᠪᠠᠶᠢᠨ᠎ᠠ》 ᠱᠠᠭᠠᠵᠠᠭᠠᠢ | ᠶᠢᠨ ᠵᠤᠯᠵᠠᠭ᠎ᠠ ᠨᠤᠭᠤᠳ ᠲᠤᠩ ᠭᠠᠶᠢᠬᠠᠯᠳᠤᠵᠤ ᠠᠰᠠᠭᠤᠭᠰᠠᠨ ᠨᠢ᠄《 ᠶᠠᠭᠤᠨ ᠳᠤ ᠲᠡᠶᠢᠮᠦ ᠤᠯᠠᠨ ᠬᠦᠮᠦᠨ ᠤ ᠨᠢᠳᠤ ᠶᠢ ᠤᠬᠤᠬᠤ ᠶᠤᠮ ᠪᠤᠢ︖》 ᠭᠡᠬᠦ | ᠳᠤ᠂ ᠡᠬᠡ ᠱᠠᠭᠠᠵᠠᠭᠠᠢ ᠬᠡᠯᠡᠭᠰᠡᠨ ᠨᠢ᠄《 ᠮᠠᠨ ᠤ ᠠᠳᠡ ᠠᠴᠠ ᠠᠰ ᠬᠤᠶᠢᠳᠤ ᠵᠦᠭ ᠲᠤ ᠨᠢᠭᠡᠨ ᠬᠠᠨ ᠤ ᠭᠦᠩᠵᠦ ᠡᠪᠠᠳᠴᠢᠯᠡᠭᠡᠳ᠂ ᠨᠢᠭᠡ ᠵᠠᠭᠤ ᠵᠢᠷᠠᠨ | ᠡᠮᠴᠢ ᠬᠦᠷᠴᠦ ᠤᠴᠢᠭᠠᠳ ᠡᠮᠴᠢᠯᠡᠭᠰᠡᠨ ᠪᠤᠯᠪᠠᠴᠤ ᠲᠡᠷᠡ ᠭᠦᠩᠵᠦ ᠶᠢᠨ ᠡᠪᠠᠳᠴᠢᠨ ᠢ ᠡᠳᠡᠭᠡᠭᠡᠵᠦ ᠴᠢᠳᠠᠭᠰᠠᠨ ᠦᠭᠡᠢ ᠭᠡᠨ᠎ᠡ᠃ ᠡᠵᠡᠨ ᠬᠠᠨ ᠠᠭᠤᠷᠯᠠᠬᠤ ᠳᠠᠭᠠᠨ | ᠲᠡᠳᠡᠭᠡᠷ ᠡᠮᠴᠢ ᠨᠠᠷ ᠤᠨ ᠲᠤᠯᠤᠭᠠᠢ ᠶᠢ ᠨᠢ ᠴᠠᠪᠴᠢᠭᠠᠳ ᠤᠯᠠᠨ ᠳᠤ ᠦᠵᠡᠭᠦᠯᠦᠨ᠎ᠡ ᠭᠡᠨ᠎ᠡ︕ 》ᠭᠡᠵᠤ ᠬᠡᠯᠡᠬᠦ ᠳᠤ᠂ ᠵᠤᠯᠵᠠᠭᠠᠨ ᠱᠠᠭᠠᠵᠠᠭᠠᠢ ᠨᠤᠭᠤᠳ ᠨᠡᠩ | ᠴᠤ ᠭᠠᠶᠢᠬᠠᠰᠢ ᠠᠯᠳᠠᠵᠤ ᠳᠠᠬᠢᠨ ᠠᠰᠠᠭᠤᠭᠰᠠᠨ ᠨᠢ᠄《 ᠲᠡᠷᠡ ᠡᠵᠡᠨ ᠬᠠᠨ ᠤ ᠭᠦᠩᠵᠦ ᠨᠢ ᠶᠠᠮᠠᠷ ᠬᠦᠴᠢᠷ ᠲᠦᠪᠡᠭᠲᠡᠢ ᠡᠪᠠᠳᠴᠢᠨ ᠡᠮᠬᠡᠭ ᠲᠠᠢ ᠪᠤᠯᠴᠢᠬᠠᠭᠠᠳ | ᠲᠡᠶᠢᠮᠦ ᠤᠯᠠᠨ ᠡᠮᠴᠢ ᠶᠢ ᠶᠠᠭᠠᠬᠢᠬᠤ ᠶᠢᠨ ᠴᠤ ᠠᠷᠭ᠎ᠠ ᠦᠬᠡᠢ ᠪᠤᠯᠭᠠᠴᠢᠬᠠᠪᠠ︖》 ᠭᠡᠬᠦ ᠳᠤ ᠶᠡᠭᠡ ᠱᠠᠭᠠᠵᠠᠭᠠᠢ ᠬᠡᠯᠡᠭᠰᠡᠨ ᠨᠢ᠄《 ᠭᠦᠩᠵᠦ ᠶᠢᠨ ᠴᠢᠬᠢᠨ ᠳᠤ | ᠨᠢᠭᠡᠨ ᠲᠤᠮᠤ ᠠᠭᠠᠯᠵᠢ ᠰᠢᠷᠭᠤᠵᠤ ᠤᠷᠤᠭᠰᠠᠨ ᠭᠡᠨ᠎ᠡ᠂᠂᠂᠂ 》ᠭᠡᠵᠦ ᠬᠡᠯᠡᠵᠦ ᠪᠠᠷᠠᠬᠤ ᠠᠴᠠ ᠡᠮᠤᠨ᠎ᠡ ᠵᠤᠯᠵᠠᠭᠠᠨ ᠱᠠᠭᠠᠵᠠᠭᠠᠢ ᠨᠤᠭᠤᠳ ᠪᠠᠰᠠ ᠠᠰᠠᠭᠤᠭᠰᠠᠨ | ᠨᠢ᠄《 ᠶᠠᠮᠠᠷ ᠠᠷᠭ᠎ᠠ ᠪᠠᠷ ᠲᠡᠷᠡ ᠠᠭᠠᠯᠵᠢ ᠶᠢ ᠮᠠᠯᠲᠠᠵᠤ ᠭᠠᠷᠭᠠᠳᠠᠭ ᠪᠢᠯᠡ︖》 ᠭᠡᠬᠦ ᠳᠤ᠂ ᠡᠬᠡ ᠱᠠᠭᠠᠵᠠᠭᠠᠢ ᠨᠢ᠄《 ᠴᠤᠬᠤᠮ ᠳᠠᠭᠠᠨ ᠲᠤᠩ ᠬᠢᠯᠪᠠᠷᠬᠠᠨ | ᠰᠢᠤ᠂ ᠲᠤᠮᠤ ᠭᠡᠷ ᠤᠨ ᠳᠤᠲᠤᠷ᠎ᠠ ᠪᠠᠭ᠎ᠠ ᠭᠡᠷ ᠪᠠᠷᠢᠵᠤ᠂ ᠭᠡᠷ ᠤᠨ ᠳᠤᠲᠤᠷ᠎ᠠ ᠪᠠᠨ ᠬᠦᠰᠢᠭᠡ ᠲᠠᠲᠠᠭᠠᠳ᠂ ᠳᠠᠷᠠᠭ᠎ᠠ ᠨᠢ ᠭᠠᠯ ᠲᠦᠯᠡᠨ᠎ᠡ᠃ ᠡᠨᠡ ᠦᠶᠡᠰ ᠲᠤ | ᠠᠭᠠᠯᠵᠢ ᠬᠠᠷᠢᠨ ᠲᠡᠭᠷᠢ ᠳᠤᠯᠠᠭᠠᠷᠠᠭᠠᠳ ᠵᠤᠨ ᠪᠤᠯᠤᠯ᠎ᠠ ᠭᠡᠳ ᠵᠤᠯᠵᠠᠭ᠎ᠠ ᠪᠠᠨ ᠳᠠᠭᠠᠭᠤᠯᠵᠤ ᠴᠢᠬᠢᠨ ᠠᠴᠠ ᠨᠢ ᠭᠠᠷᠴᠤ ᠢᠷᠡᠨ᠎ᠡ᠃》 ᠭᠡᠵᠦ ᠬᠡᠯᠡᠵᠦ ᠪᠠᠷᠠᠲᠠᠯ᠎ᠠ᠂ | ᠵᠡᠷᠯᠢᠭ ᠴᠢᠨ᠋ᠸ᠎ᠠ ᠶᠡᠬᠡᠯ᠎ᠡ ᠬᠠᠨᠤᠮᠵᠢᠲᠠᠢ ᠪᠠᠷ ᠭᠠᠳᠠᠨ᠎ᠠ ᠠᠴᠠ ᠤᠷᠤᠵᠤ ᠢᠷᠡᠯ᠎ᠡ᠃ ᠪᠢᠴᠢᠬᠠᠨ ᠱᠠᠭᠠᠵᠠᠭᠠᠢ ᠨᠤᠭᠤᠳ᠄《 ᠴᠢᠨ᠋ᠸ᠎ᠠ ᠠᠬ᠎ᠠ ᠡ᠂ ᠴᠢᠨ᠋ᠸ᠎ᠠ ᠠᠬ᠎ᠠ ᠡ᠂ | ᠲᠠ ᠦᠨᠦᠳᠦᠷ ᠶᠠᠭᠤ ᠤᠯᠵᠤ ᠢᠳᠡᠪᠡ︖》 ᠭᠡᠵᠦ ᠠᠰᠠᠭᠤᠬᠤ ᠳᠤ ᠵᠡᠷᠯᠢᠭ ᠴᠢᠨ᠋ᠸ᠎ᠠ᠄《 ᠦᠨᠦᠳᠦᠷ ᠨᠢᠭᠡ ᠬᠤᠨᠢ ᠪᠠᠷᠢᠵᠤ ᠠᠪᠤᠭᠠᠳ ᠠᠮᠲᠠᠷᠬᠠᠨ | ᠵᠤᠭᠤᠭᠯᠠᠯᠠ᠃ 》ᠭᠡᠵᠦ ᠭᠡᠯᠡᠵᠦ ᠪᠠᠷᠠᠩᠭᠤᠳᠠ ᠵᠠᠯᠬᠠᠭᠤᠷᠠᠨ ᠬᠡᠪᠲᠡᠯ᠎ᠡ᠃ ᠳᠠᠷᠠᠭ᠎ᠠ ᠪᠠᠷ ᠨᠢ ᠪᠠᠰᠠ ᠨᠢᠭᠡ ᠦᠨᠡᠭᠡ ᠤᠷᠤᠵᠤ ᠢᠷᠡᠬᠦ ᠳᠤ᠂ ᠪᠢᠴᠢᠬᠠᠨ ᠱᠠᠭᠠᠵᠠᠭᠠᠢ | ᠨᠤᠭᠤᠳ ᠦᠨᠡᠭᠡ ᠠᠴᠠ ᠶᠠᠮᠠᠷ ᠶᠠᠭᠤᠮ᠎ᠠ ᠤᠯᠵᠤ ᠢᠳᠡᠭᠰᠡᠨ ᠪᠤᠢ ᠭᠡᠵᠦ ᠶᠠᠭᠠᠷᠠᠯᠳᠤᠨ ᠠᠰᠠᠭᠤᠬᠤ ᠳᠤ《 ᠵᠡᠷᠯᠢᠭ ᠴᠢᠨ᠋ᠸ᠎ᠠ ᠶᠢᠨ ᠪᠠᠷᠢᠭᠰᠠᠨ ᠬᠤᠨᠢᠨ ᠤ ᠮᠢᠬᠠᠨ | ᠠᠴᠠ ᠬᠤᠪᠢᠶᠠᠯᠴᠠᠵᠤ ᠢᠳᠡᠯ᠎ᠡ》 ᠭᠡᠵᠦ ᠦᠨᠡᠭᠡ ᠬᠡᠯᠡᠮᠡᠭᠴᠡ ᠪᠠᠨ ᠮᠠᠩᠰᠢᠭᠤᠷᠠᠨ ᠤᠨᠲᠠᠪᠠ᠃ ᠬᠠᠮᠤᠭ ᠰᠡᠭᠦᠯ ᠳᠤᠨᠢ ᠪᠠᠷᠰ ᠤᠮᠤᠭ ᠰᠦᠷ ᠲᠠᠢ ᠤᠷᠤᠵᠤ ᠢᠷᠡᠬᠦ | ᠳᠤ᠂ ᠪᠢᠴᠢᠬᠠᠨ ᠱᠠᠭᠠᠵᠠᠭᠠᠢ ᠨᠤᠭᠤᠳ᠄《 ᠪᠠᠷᠰ ᠠᠪᠠᠭ᠎ᠠ ᠲᠠ ᠶᠠᠮᠠᠷ ᠭᠦᠷᠦᠭᠡᠰᠦ ᠪᠠᠷᠢᠵᠤ ᠢᠳᠡᠪᠡ︖》ᠭᠡᠵᠦ ᠠᠰᠠᠭᠤᠭᠰᠠᠨ ᠳᠤ ᠪᠠᠷᠰ ᠶᠡᠬᠡᠯ᠎ᠡ ᠤᠮᠤᠭ ᠲᠠᠢ | ᠪᠠᠷ᠄《 ᠪᠢ ᠦᠬᠡᠷ ᠤᠨ ᠮᠢᠬ᠎ᠠ ᠢᠳᠡᠯ᠎ᠡ᠃》 ᠭᠡᠵᠦ ᠤᠮᠤᠭ ᠲᠠᠢ ᠬᠡᠯᠡᠭᠡᠳ ᠪᠠᠰᠠ ᠯᠠ ᠤᠨᠲᠠᠴᠢᠬᠠᠯ᠎ᠠ᠃ ᠳᠠᠷᠠᠭ᠎ᠠ ᠦᠷᠯᠦᠭᠡ ᠡᠷᠲᠡ ᠵᠡᠷᠯᠢᠭ ᠴᠢᠨ᠋ᠸ᠎ᠠ᠂ ᠦᠨᠡᠭᠡ᠂ | ᠪᠠᠷᠰ ᠭᠡᠷ ᠠᠴᠠ ᠭᠠᠷᠴᠤ ᠶᠠᠪᠤᠭᠰᠠᠨ ᠤ ᠬᠤᠶᠢᠨ᠎ᠠ᠂ ᠪᠠᠳᠢᠷᠴᠢᠨ ᠯᠠᠮᠠ ᠱᠠᠭᠠᠵᠠᠭᠠᠢ ᠶᠢᠨ ᠬᠡᠯᠡᠭᠰᠡᠨ ᠵᠦᠭ ᠢᠶᠠᠷ᠂ ᠠᠰ ᠤᠮᠠᠷᠠᠰᠢ ᠪᠠᠨ ᠪᠦᠲᠦᠨ ᠨᠢᠭᠡ ᠡᠳᠦᠷ | ᠶᠠᠪᠤᠭᠠᠳ᠂ ᠪᠦᠷᠦᠢ ᠪᠤᠯᠬᠤ ᠳᠤ ᠰᠠᠶ᠋ᠢ ᠬᠡᠳᠦ ᠬᠡᠳᠦᠨ ᠮᠤᠩᠭᠤᠯ ᠭᠡᠷ ᠲᠠᠢ ᠪᠠᠶᠠᠨ ᠠᠶᠢᠯ ᠤᠨ ᠭᠠᠳᠠᠨ᠎ᠠ ᠬᠦᠷᠴᠠᠢ᠃ ᠱᠠᠯᠳᠠᠩ ᠨᠢᠴᠦᠬᠦᠨ ᠤᠴᠢᠷ ᠠᠴᠠ ᠭᠡᠷ ᠲᠤ | ᠤᠷᠤᠬᠤ ᠶᠢᠨ ᠠᠷᠭ᠎ᠠ ᠦᠬᠡᠢ ᠲᠤᠯᠠ ᠦᠬᠡᠷ ᠤᠨ ᠬᠠᠰᠢᠶᠠᠨ ᠳᠤ ᠬᠤᠨᠤᠭᠯᠠᠬᠤ ᠯᠠ ᠪᠤᠯᠵᠠᠢ᠃ ᠦᠷᠯᠦᠭᠡ ᠡᠷᠲᠡ᠂ ᠦᠬᠡᠷᠴᠢᠨ ᠨᠢ ᠬᠠᠰᠢᠶᠠᠨ ᠳᠠᠭᠠᠨ ᠤᠷᠤᠵᠤ | ᠢᠷᠡᠬᠦ ᠳᠤ ᠴᠢᠷᠮᠠᠨ ᠨᠢᠴᠦᠭᠦᠨ ᠪᠠᠳᠢᠷᠴᠢᠨ ᠯᠠᠮᠠ ᠶᠢ ᠦᠵᠡᠭᠡᠳ ᠲᠤᠩ ᠭᠠᠶᠢᠬᠠᠵᠤ᠂ ᠰᠠᠨᠳᠤᠷᠤᠨ᠄《 ᠴᠢ ᠠᠯᠢ ᠭᠠᠵᠠᠷ ᠤᠨ ᠬᠦᠮᠦᠨ ᠪᠤᠢ︖》 ᠭᠡᠵᠦ | ᠠᠰᠠᠭᠤᠬᠤ ᠳᠤ ᠪᠠᠳᠢᠷᠴᠢᠨ ᠯᠠᠮᠠ᠄《 ᠪᠢ ᠪᠤᠯ ᠨᠢᠭᠡᠨ ᠡᠮᠴᠢ ᠮᠦᠨ᠃》 ᠡᠮᠴᠢ ᠬᠦᠮᠦᠨ ᠭᠡᠰᠡᠨ ᠢ ᠦᠬᠡᠷᠴᠢᠨ ᠰᠤᠨᠤᠰᠤᠮᠠᠭᠴᠠ ᠪᠠᠨ ᠬᠠᠨ ᠳᠠᠭᠠᠨ ᠳᠠᠷᠦᠢ | ᠲᠦᠷᠭᠡᠨ ᠮᠡᠳᠡᠭᠦᠯᠬᠦ ᠳᠤ᠂ ᠬᠠᠨ ᠨᠢ ᠪᠠᠶᠠᠷᠯᠠᠬᠤ ᠶᠢᠨ ᠶᠡᠬᠡᠪᠡᠷ ᠪᠠᠶᠠᠷᠯᠠᠵᠤ᠄《 ᠪᠤᠰᠢᠭᠤᠬᠠᠨ ᠬᠤᠪᠴᠠᠰᠤ ᠦᠭᠴᠦ ᠡᠮᠦᠰᠦᠭᠦᠯᠦᠭᠡᠳ ᠳᠠᠭᠠᠭᠤᠯᠵᠤ ᠢᠷ᠎ᠡ︕》 | ᠬᠡᠮᠡᠨ ᠵᠠᠷᠯᠢᠭᠳᠠᠪᠠ᠃ | ᠦᠬᠡᠷᠴᠢᠨ ᠨᠢ ᠪᠠᠳᠢᠷᠴᠢᠨ ᠯᠠᠮᠠ ᠳᠤ ᠬᠤᠭᠤᠯᠠ ᠴᠠᠢ ᠢᠳᠡᠭᠦᠯᠵᠦ ᠤᠤᠭᠤᠯᠭᠠᠭᠰᠠᠨ ᠤ ᠳᠠᠷᠠᠭ᠎ᠠ ᠲᠡᠭᠦᠨ ᠢ ᠳᠠᠭᠠᠭᠤᠯᠵᠤ ᠬᠠᠨ ᠳᠤ ᠤᠴᠠᠷᠠᠭᠤᠯᠪᠠ᠃ | ᠬᠠᠨ᠄《 ᠴᠢ ᠬᠡᠷᠪᠡ ᠡᠮᠴᠢ ᠶᠤᠮ ᠪᠤᠯ ᠮᠢᠨᠤ ᠬᠡᠤᠬᠡᠨ ᠤ ᠡᠪᠡᠳᠴᠢᠨ ᠢ ᠡᠳᠡᠭᠡᠷᠡᠭᠦᠯᠵᠦ ᠴᠢᠳᠠᠨ᠎ᠠ ᠤᠤ︖ 》 ᠭᠡᠵᠦ ᠪᠠᠳᠢᠷᠴᠢᠨ ᠯᠠᠮᠠ ᠠᠴᠠ ᠠᠰᠠᠭᠤᠭᠰᠠᠨ ᠳᠤ᠂ | 《 ᠡᠵᠡᠨ ᠬᠠᠨ ᠲᠠ ᠨᠠᠮ᠎ᠠ ᠶᠢ ᠲᠤᠭᠤᠭᠰᠠᠨ ᠶᠤᠮ ᠴᠢᠨᠢ᠂ ᠪᠢ ᠯᠠᠪᠲᠠᠢ ᠨᠤᠬᠠᠢ ᠮᠤᠷᠢᠨ ᠤ ᠬᠦᠴᠦᠨ ᠢᠶᠠᠨ ᠡᠷᠭᠦᠨ᠎ᠡ》 ᠭᠡᠵᠦ ᠪᠠᠳᠢᠷᠴᠢᠨ ᠯᠠᠮᠠ | ᠬᠠᠷᠢᠭᠤᠯᠤᠭᠠᠳ᠂ ᠱᠠᠭᠠᠵᠠᠭᠠᠢ ᠶᠢᠨ ᠬᠡᠯᠡᠭᠰᠡᠨ ᠠᠷᠭ᠎ᠠ ᠪᠠᠷ ᠲᠤᠮᠤ ᠭᠡᠷ ᠤᠨ ᠳᠤᠲᠤᠷ᠎ᠠ ᠪᠠᠭ᠎ᠠ ᠭᠡᠷ ᠪᠠᠷᠢᠵᠤ᠂ ᠪᠠᠭ᠎ᠠ ᠭᠡᠷ ᠤᠨ ᠳᠤᠲᠤᠷ᠎ᠠ ᠪᠠᠨ ᠬᠦᠬᠡ ᠶᠤᠷᠤᠭ ᠢᠶᠠᠷ | ᠬᠦᠰᠢᠭᠡ ᠲᠠᠲᠠᠵᠤ᠂ ᠭᠦᠩᠵᠦ ᠶᠢ ᠳᠤᠲᠤᠷ᠎ᠠ ᠨᠢ ᠰᠠᠭᠤᠯᠭᠠᠭᠠᠳ᠂ ᠭᠠᠯ ᠲᠦᠯᠡᠵᠦ ᠡᠬᠢᠯᠡᠪᠡ᠃ ᠭᠠᠯ ᠲᠦᠯᠡᠭᠡᠳ ᠳᠡᠮᠡᠢ ᠤᠳᠠᠭᠰᠠᠨ ᠦᠭᠡᠢ᠂ ᠦᠨᠡᠭᠡᠷ ᠪᠤᠳᠤᠭᠰᠠᠨ | ᠠᠴᠠ ᠭᠠᠷᠤᠭᠰᠠᠨ ᠦᠭᠡᠢ᠂ ᠶᠡᠭᠡ ᠠᠭᠠᠯᠵᠢ ᠨᠢ ᠨᠢᠭᠡ ᠰᠦᠷᠦᠭ ᠵᠤᠯᠵᠠᠭ᠎ᠠ ᠪᠠᠨ ᠳᠠᠭᠠᠭᠤᠯᠤᠭᠰᠠᠭᠠᠷ ᠭᠦᠩᠵᠦ ᠶᠢᠨ ᠴᠢᠬᠢᠨ ᠠᠴᠠ ᠭᠠᠷᠴᠤ ᠢᠷᠡᠯ᠎ᠡ᠃ ᠬᠡᠳᠦᠨ | ᠡᠳᠦᠷ ᠪᠤᠯᠤᠭᠰᠠᠨ ᠦᠭᠡᠢ᠂ ᠭᠦᠩᠵᠦ ᠶᠢᠨ ᠡᠪᠡᠳᠴᠢᠨ ᠨᠢ ᠪᠦᠷᠢᠮᠦᠰᠦᠨ ᠡᠳᠡᠭᠡᠷᠡᠯ᠎ᠡ᠃ ᠪᠠᠳᠢᠷᠴᠢᠨ ᠯᠠᠮᠠ ᠶᠢᠨ ᠡᠨᠡᠬᠦ ᠦᠢᠯᠡ ᠠᠵᠢᠯᠯᠠᠭ᠎ᠠ ᠨᠢ ᠪᠠᠰᠠ ᠨᠢᠭᠡ ᠵᠠᠭᠤ | ᠵᠢᠷᠠᠨ ᠡᠮᠴᠢ ᠶᠢ ᠦᠬᠦᠯ ᠠᠴᠠ ᠨᠢ ᠬᠡᠯᠲᠦᠷᠢᠭᠦᠯᠪᠡ᠃ ᠡᠵᠡᠨ ᠬᠠᠨ ᠪᠠᠶᠠᠷᠯᠠᠬᠤ ᠶᠢᠨ ᠶᠡᠭᠡ ᠪᠠᠷ ᠪᠠᠶᠠᠷᠯᠠᠭᠠᠳ ᠵᠠᠷᠯᠢᠭ ᠪᠠᠭᠤᠯᠭᠠᠨ ᠪᠠᠳᠢᠷᠴᠢᠨ ᠯᠠᠮᠠ ᠳᠤ ᠭᠡᠷ | ᠬᠦᠷᠦᠩᠭᠡ ᠬᠦᠷᠲᠡᠭᠡᠨ ᠱᠠᠩᠨᠠᠪᠠ᠃ ᠲᠡᠭᠦᠨ ᠠᠴᠠ ᠬᠤᠶᠢᠰᠢ ᠪᠠᠳᠢᠷᠴᠢᠨ ᠯᠠᠮᠠ ᠰᠠᠶᠢᠨ ᠰᠠᠶᠢᠬᠠᠨ ᠠᠮᠢᠳᠤᠷᠠᠯ ᠢ ᠡᠳ᠋ᠯᠡᠭᠰᠡᠨ ᠭᠡᠨ᠎ᠡ᠃ | ᠬᠠᠷ᠎ᠠ ᠰᠠᠨᠠᠭᠠᠲᠤ ᠪᠠᠳᠢᠷᠴᠢᠨ ᠯᠠᠮᠠ ᠡᠨᠡᠬᠦ ᠴᠢᠮᠡᠭᠡ ᠶᠢ ᠰᠤᠨᠤᠰᠤᠭᠰᠠᠨ ᠤ ᠳᠠᠷᠠᠭ᠎ᠠ᠂ ᠰᠠᠶᠢᠨ ᠰᠠᠨᠠᠭᠠᠲᠤ ᠪᠠᠳᠢᠷᠴᠢᠨ ᠯᠠᠮᠠ ᠲᠠᠢ ᠠᠭᠤᠯᠵᠠᠨ ᠵᠤᠯᠭᠠᠵᠤ᠂ | ᠲᠡᠭᠦᠨ ᠤ ᠪᠠᠶᠠᠵᠢᠭᠰᠠᠨ ᠪᠠᠶᠢᠳᠠᠯ ᠢ ᠠᠰᠠᠭᠤᠭᠠᠳ᠂ ᠶᠠᠭᠠᠷᠠᠤ ᠰᠠᠨᠳᠤᠷᠤᠤ ᠪᠠᠷ ᠦᠨᠦᠬᠢ ᠱᠠᠭᠠᠵᠠᠭᠠᠢ ᠡᠭᠦᠷᠯᠡᠭᠰᠡᠨ ᠭᠡᠷ ᠲᠤ ᠬᠦᠷᠴᠦ ᠤᠴᠢᠭᠠᠳ᠂ ᠬᠠᠨᠵᠤᠨ ᠤ | ᠠᠪᠳᠠᠷ᠎ᠠ ᠳᠤ ᠰᠢᠷᠭᠤᠵᠤ ᠤᠷᠤᠪᠠ᠃ ᠬᠡᠪᠲᠡᠭᠡᠳ ᠳᠡᠮᠡᠢ ᠤᠳᠠᠭᠰᠠᠨ ᠦᠭᠡᠢ ᠲᠡᠭᠷᠢ ᠬᠠᠷᠠᠩᠭᠤᠢ ᠪᠤᠯᠪᠠ᠃ ᠬᠠᠮᠤᠭ ᠤᠨ ᠲᠦᠷᠦᠭᠦᠨ ᠳᠤ ᠭᠠᠳᠠᠨ᠎ᠠ ᠠᠴᠠ ᠤᠷᠤᠵᠤ | ᠢᠷᠡᠭᠰᠡᠨ ᠨᠢ ᠡᠬᠡ ᠱᠠᠭᠠᠵᠠᠭᠠᠢ ᠪᠠᠶᠢᠯ᠎ᠠ᠃ ᠤᠯᠠᠨ ᠵᠤᠯᠵᠠᠭ᠎ᠠ ᠨᠢ ᠡᠬᠡ ᠠᠴᠠ ᠪᠠᠨ᠄《 ᠡᠵᠢ ᠡ᠂ ᠲᠠ ᠶᠠᠮᠠᠷ ᠢᠳᠡᠰᠢ ᠤᠯᠵᠤ ᠢᠳᠡᠪᠡ︖》 ᠭᠡᠵᠤ | ᠠᠰᠠᠭᠤᠬᠤ ᠳᠤ ᠡᠬᠡ ᠨᠢ᠄《 ᠶᠠᠭᠤ ᠴᠤ ᠤᠯᠳᠠᠭᠰᠠᠨ ᠦᠭᠡᠢ᠃》 ᠭᠡᠵᠦ ᠬᠡᠯᠡᠪᠡ᠃ ᠳᠠᠷᠠᠭ᠎ᠠ ᠨᠢ ᠪᠠᠷᠰ ᠤᠷᠤᠵᠤ ᠢᠷᠡᠭᠡᠳ ᠪᠠᠰᠠ ᠶᠠᠭᠤ ᠴᠤ ᠤᠯᠵᠤ | ᠢᠳᠡᠭᠰᠡᠨ ᠦᠭᠡᠢ ᠭᠡᠳ ᠶᠡᠭᠡ ᠯᠡ ᠠᠭᠤᠷ ᠲᠠᠢ ᠬᠡᠪᠲᠡᠪᠡ᠃ ᠳᠠᠷᠠᠭ᠎ᠠ ᠳᠤ ᠨᠢ ᠴᠢᠨ᠋ᠸ᠎ᠠ ᠤᠷᠤᠵᠤ ᠢᠷᠡᠭᠡᠳ ᠮᠦᠨ ᠯᠡ ᠶᠠᠭᠤ ᠴᠤ ᠤᠯᠵᠤ ᠢᠳᠡᠭᠰᠡᠨ ᠦᠭᠡᠢ ᠭᠡᠵᠦ | ᠬᠡᠯᠡᠬᠦ ᠶᠢᠨ ᠳᠠᠭᠠᠤ ᠭᠡᠷ ᠳᠤᠲᠤᠷ᠎ᠠ ᠨᠠᠰᠢ ᠴᠠᠰᠢ ᠳᠡᠮᠡᠢ ᠯᠡ ᠬᠤᠯᠬᠢᠵᠤ ᠪᠠᠶᠢᠯ᠎ᠠ᠃ ᠬᠠᠮᠤᠭ ᠰᠡᠭᠦᠯ ᠳᠤ ᠨᠢ ᠦᠨᠡᠭᠡ ᠤᠷᠤᠵᠤ ᠢᠷᠡᠭᠡᠳ ᠰᠠᠨᠠᠭ᠎ᠠ ᠰᠢᠭᠦᠷᠡᠰᠦ | ᠠᠯᠳᠠᠨ ᠪᠠᠰᠠ ᠯᠠ ᠶᠠᠭᠤ ᠴᠤ ᠤᠯᠵᠤ ᠢᠳᠡᠭᠰᠡᠨ ᠦᠭᠡᠢ ᠭᠡᠪᠡ᠃ ᠭᠡᠨᠡᠳᠲᠡ᠂ ᠦᠨᠦᠷ ᠤᠨ ᠰᠡᠷᠡᠯ ᠨᠢ ᠰᠤᠷᠭᠤᠭ ᠦᠨᠡᠭᠡ ᠪᠠᠶᠠᠷᠯᠠᠨ ᠳᠡᠪᠬᠡᠷᠴᠦ《 ᠪᠢ ᠬᠦᠮᠦᠨ | ᠤ ᠮᠢᠬᠠᠨ ᠤ ᠦᠨᠦᠷ ᠢ ᠦᠨᠦᠷᠯᠡᠵᠦ ᠤᠯᠤᠯ᠎ᠠ 》 ᠭᠡᠳ ᠦᠨᠳᠦᠷ ᠳᠠᠭᠤᠨ ᠢᠶᠠᠷ ᠤᠷᠢᠯᠠᠨ ᠴᠢᠷᠠᠯᠠᠪᠠ᠃ ᠢᠩᠬᠢᠭᠡᠳ ᠤᠯᠠᠨ ᠵᠢᠭᠦᠷᠲᠡᠨ ᠠᠷᠢᠶᠠᠲᠠᠨ ᠨᠤᠭᠤᠳ | ᠬᠠᠷ᠎ᠠ ᠰᠠᠨᠠᠭᠠᠲᠤ ᠪᠠᠳᠢᠷᠴᠢᠨ ᠯᠠᠮᠠ ᠦᠭᠡᠳᠡ ᠳᠠᠭᠠᠷᠢᠨ ᠤᠷᠤᠵᠤ᠂ ᠬᠠᠷ᠎ᠠ ᠰᠠᠨᠠᠭᠠᠲᠤ ᠪᠠᠳᠢᠷᠴᠢᠨ ᠯᠠᠮᠠ ᠶᠢᠨ ᠮᠢᠬ᠎ᠠ ᠶᠢ ᠬᠤᠪᠢᠶᠠᠯᠴᠠᠵᠤ ᠢᠳᠡᠭᠰᠡᠨ ᠤ ᠳᠠᠷᠠᠭ᠎ᠠ | ᠠᠮᠲᠠᠷᠬᠠᠨ ᠨᠦᠢᠷᠰᠤᠯᠠ ᠭᠡᠨ᠎ᠡ᠃ | ︽ᠤᠷᠠᠳ ᠤᠨ ᠲᠤᠮᠳᠠᠳᠤ ᠬᠤᠰᠢᠭᠤᠨ ᠤ ᠤᠶᠢᠯᠠᠯᠭ᠎ᠠ ︾ ᠠᠴᠠ ᠪᠠᠭᠤᠯᠭᠠᠪᠠ᠃ | | |