ᠮᠤᠩᠭᠤᠯᠴᠤᠳ ᠡᠷᠳᠠ ᠲᠡᠬᠡᠷ᠎ᠡ ᠦᠶ᠎ᠡ ᠠᠴᠠ ᠪᠠᠨ ᠬᠠᠳᠠᠭ ᠢ ᠡᠷᠬᠢᠮᠯᠡᠭᠰᠡᠬᠡᠷ ᠢᠷᠡᠵᠡᠢ᠃ ᠬᠠᠳᠠᠭ ᠨᠢ ᠲᠦᠪᠡᠳ ᠢᠶᠠᠷ ︽ᠦᠩᠬᠡ︾ ᠬᠡᠰᠡᠨ ᠤᠳᠬ᠎ᠠ ᠲᠠᠢ | ᠦᠬᠡ᠃ ᠬᠠᠳᠠᠭ ᠦᠭᠭᠦ ᠳᠡᠭᠡᠨ ᠬᠠᠳᠠᠭ ᠤᠨ ᠠᠮᠨ ᠶᠢ ᠲᠤᠬᠠᠢ ᠶᠢᠨ ᠭᠦᠮᠤᠨ ᠤ ᠪᠠᠨ ᠦᠬᠡᠳᠠ ᠠᠴᠠ ᠬᠠᠷᠠᠭᠤᠯᠤᠨ ᠬᠤᠶᠠᠷ ᠭᠠᠷ ᠢᠶᠠᠷ ᠢᠶᠠᠨ ᠦᠭᠳᠡᠭ ᠨᠢ ︽ | ᠠᠷᠢᠭᠤᠨ ᠰᠠᠶᠢᠬᠠᠨ ᠰᠠᠳᠬᠢᠯ ᠤᠨ ᠡᠭᠦᠳᠠᠨ ᠠᠴᠠ ᠪᠠᠷᠢᠵᠤ ᠪᠠᠶᠢᠭ᠎ᠠ ᠪᠡᠯᠡᠭ᠂ ᠲᠠᠨ ᠳᠤ ᠦᠯᠵᠡᠢ ᠲᠠᠢ ᠪᠤᠯᠤᠭ᠂ ᠪᠢᠳᠠᠨ ᠤ ᠡᠶ᠎ᠡ ᠡᠪ ᠬᠤᠶᠢᠰᠢᠳᠠ ᠴᠤ ᠴᠡᠪᠡᠷ | ᠠᠷᠢᠭᠤᠨ ᠪᠠᠶᠢᠨ᠎ᠠ︾ ᠬᠡᠰᠡᠨ ᠤᠳᠬ᠎ᠠ ᠲᠠᠢ ᠠᠵᠠᠢ᠃ ᠬᠠᠳᠠᠭ ᠢ ᠬᠤᠶᠠᠷ ᠭᠠᠷ ᠲᠠᠭᠠᠨ ᠠᠪᠤᠭᠠᠳ ᠲᠤᠯᠤᠭᠠᠢ ᠲᠠᠯ᠎ᠠ ᠶᠢ ᠨᠢ ᠪᠠᠷᠠᠭᠤᠨ ᠭᠠᠷ ᠲᠡᠬᠡᠷ᠎ᠡ ᠪᠠᠨ | ᠲᠠᠯᠪᠢᠳᠠᠭ᠃ ᠡᠨᠡ ᠨᠢ ᠬᠠᠳᠠᠭ ᠤᠨ ᠬᠡ ᠲᠤᠯᠤᠭᠠᠢ ᠶᠢ ᠲᠤᠷᠤᠭᠰᠢ ᠬᠠᠷᠠᠭᠤᠯᠳᠠᠭ ᠦᠭᠡᠢ ᠲᠠᠢ ᠬᠤᠯᠪᠤᠭ᠎ᠠ ᠲᠠᠢ᠃ ᠬᠠᠷᠢᠨ ᠭᠠᠰᠢᠭᠤᠳᠠᠯ ᠤᠨ ᠬᠠᠳᠠᠭ ᠢ ᠡᠪᠬᠡᠵᠤ | ᠦᠭᠳᠡᠭ᠃ ᠬᠠᠳᠠᠭ ᠢ ᠪᠤᠩᠬᠤᠨ ᠳᠤ ᠬᠢᠳᠡᠭ ᠶᠤᠰᠤ ᠤᠭᠳᠤ ᠦᠭᠡᠢ ᠶᠤᠮ᠃ | ᠬᠠᠳᠠᠭ ᠨᠢ ᠴᠠᠭᠠᠨ᠂ ᠭᠦᠬᠡ᠂ ᠰᠢᠷ᠎ᠠ᠂ ᠤᠯᠠᠭᠠᠨ᠂ ᠨᠤᠭᠤᠭᠠᠨ ᠬᠡᠰᠡᠨ ᠦᠨᠳᠤᠰᠤᠨ ᠲᠠᠪᠤᠨ ᠦᠩᠬᠡ ᠲᠠᠢ ᠪᠠᠶᠢᠳᠠᠭ ᠪᠠ ᠲᠤᠰ ᠲᠤᠰ ᠲᠠᠭᠠᠨ ᠵᠠᠩ ᠦᠢᠯᠨ᠂ | ᠪᠡᠯᠬᠡᠳᠡᠯ ᠢ ᠠᠭᠤᠯᠳᠠᠭ ᠪᠠᠶᠢᠨ᠎ᠠ᠃ | ᠴᠠᠭᠠᠨ ᠦᠩᠬᠡ ᠶᠢᠨ ᠬᠠᠳᠠᠭ᠄ ︽ᠲᠡᠬᠡᠳᠤ ᠶᠢᠨ ᠰᠢᠳᠢ ᠪᠦᠳᠤᠬᠡᠯ︾ ᠢ ᠪᠡᠯᠬᠡᠳᠡᠭᠦ ᠪᠦᠬᠡᠳ ᠡᠷᠳᠡᠮ ᠨᠤᠮ ᠤᠨ ᠤᠷᠬᠢᠯ ᠳᠤ ᠭᠦᠷᠭᠦ ᠮᠦᠨ ᠴᠢᠨᠡᠷ ᠤᠨ | ᠪᠡᠯᠬᠡᠳᠡᠯ ᠠᠭᠤᠯᠤᠭᠰᠡᠨ ᠪᠠᠶᠢᠳᠠᠭ᠃ ᠶᠡᠬᠡᠪᠴᠢᠯᠡᠨ ᠨᠤᠮ ᠤᠨ ᠦᠢᠯᠨ ᠳᠤ ᠬᠡᠷᠡᠭᠯᠡᠳᠡᠭ ᠠᠵᠠᠢ᠃ | ᠰᠢᠷ᠎ᠠ ᠦᠩᠬᠡ ᠶᠢᠨ ᠬᠠᠳᠠᠭ᠄ ︽ᠲᠡᠯᠬᠡᠷᠡᠩᠭᠦᠢ ᠶᠢᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠨᠠᠰᠤ ᠪᠤᠶᠠᠨ᠂ ᠡᠷᠳᠡᠮ ᠴᠢᠳᠠᠯ ᠤᠨ ᠭᠦᠴᠤ ᠶᠢ | ᠠᠭᠤᠯᠳᠠᠭ᠃ ᠶᠡᠬᠡᠪᠴᠢᠯᠡᠨ ᠱᠠᠰᠢᠨ ᠪᠤᠯᠤᠨ ᠭᠦᠨᠳᠤᠳᠬᠡᠯ ᠤᠨ ᠦᠢᠯᠨ ᠳᠤ ᠪᠠᠷᠢᠳᠠᠭ ᠪᠠᠶᠢᠨ᠎ᠠ᠃ | ᠭᠦᠬᠡ ᠦᠩᠬᠡ ᠶᠢᠨ ᠬᠠᠳᠠᠭ᠄ ︽ᠠᠮᠢᠯᠠᠭᠤᠯᠬᠤᠢ ᠦᠢᠯᠨ︾ ᠶᠢᠨ ᠰᠢᠳᠢ ᠶᠢ ᠪᠡᠯᠬᠡᠳᠡᠭᠦ ᠪᠠ ᠡᠪᠡᠳᠴᠢᠨ᠂ ᠠᠳᠠ ᠪᠠᠷᠴᠢᠳ ᠢ ᠲᠠᠷᠤᠬᠤ ᠶᠢᠨ ᠰᠢᠳᠤᠬᠡᠨ | ᠪᠠᠷᠢᠯᠳᠤᠯᠭ᠎ᠠ ᠪᠤᠯᠳᠠᠭ᠃ ᠪᠠᠰᠠ ᠨᠠᠶᠢᠳᠠ ᠶᠢᠨ ᠭᠦᠨᠳᠤᠳᠬᠡᠯ ᠤᠨ ᠵᠠᠩ ᠦᠢᠯᠨ ᠳᠤ ᠬᠡᠷᠡᠭᠯᠡᠳᠡᠭ᠃ | ᠤᠯᠠᠭᠠᠨ ᠦᠩᠬᠡ ᠶᠢᠨ ᠬᠠᠳᠠᠭ᠄ ︽ᠡᠷᠢᠬᠡᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠡᠨᠡ ᠨᠢ ᠠᠯᠳᠠᠷ ᠨᠡᠷ᠎ᠡ ᠲᠡᠭᠦᠰ ᠡᠳ᠋ᠯᠡᠯ ᠤᠨ ᠪᠠᠶᠠᠯᠢᠭ | ᠬᠤᠷᠠᠬᠤᠶᠢᠴᠠ ᠰᠢᠳᠤᠬᠡᠨ ᠪᠠᠷᠢᠯᠳᠤᠯᠭ᠎ᠠ ᠲᠠᠢ᠂ ᠡᠶᠢᠮᠤ ᠳᠡᠭᠡᠨ ᠲᠦᠷᠤ ᠶᠢᠨ ᠶᠡᠬᠡᠰ ᠲᠡᠬᠡᠳᠤᠰ ᠲᠤ ᠪᠠᠷᠢᠬᠤ ᠪᠠ ᠭᠦᠨᠳᠤᠳᠬᠡᠯ ᠤᠨ ᠢᠳᠡᠭᠡ ᠶᠢ ᠪᠦᠳᠡᠬᠡᠳᠡᠭ ᠪᠠᠶᠢᠨ᠎ᠠ᠃ | ᠨᠤᠭᠤᠭᠠᠨ ᠦᠩᠬᠡ ᠶᠢᠨ ᠬᠠᠳᠠᠭ᠄ ︽ᠬᠠᠳᠠᠭᠤ ᠦᠢᠯᠨ︾ ᠶᠢᠨ ᠰᠢᠳᠢ ᠶᠢ ᠪᠡᠯᠬᠡᠳᠡᠭᠦ ᠪᠠ ᠲᠠᠶᠢᠰᠤᠨ᠂ ᠰᠠᠭᠠᠳ ᠲᠦᠢᠳᠭᠡᠷ ᠂ ᠠᠳᠠ ᠴᠢᠳᠭᠦᠷ ᠢ | ᠵᠠᠶᠢᠯᠠᠭᠤᠯᠬᠤ ᠶᠢᠨ ᠭᠦᠴᠤ ᠶᠢ ᠬᠠᠶᠢᠷᠠᠯᠠᠳᠠᠭ᠂ ᠱᠠᠰᠢᠨ ᠤ ᠬᠠᠳᠠᠭᠤ ᠦᠢᠯᠨ ᠶᠢᠨ ᠲᠠᠭᠠᠳᠬᠠᠯ ᠳᠤ ᠪᠠᠷᠢᠳᠠᠭ ᠪᠠᠶᠢᠵᠠᠢ᠃ | |