ᠦᠩᠭᠡᠷᠡᠭᠰᠡᠨ ᠳᠤ ᠣᠷᠠᠳ ᠠᠶᠢᠯ ᠤᠳ ᠭᠡᠷ ᠲᠡᠭᠡᠨ ︽ᠮᠣᠨᠠ ᠬᠠᠨ ᠪᠣᠷᠬᠠᠨ︾ ᠤ ᠵᠢᠷᠤᠭ ᠢ ᠬᠠᠨᠠᠨ ᠳᠠᠭᠠᠨ ᠡᠯᠬᠦᠵᠦ᠂ ᠠᠮᠢᠯᠠᠭᠤᠯᠣᠨ ᠲᠠᠬᠢᠵᠤ ᠪᠠᠶᠢᠵᠠᠢ᠃ | ︽ᠮᠣᠨᠠ ᠬᠠᠨ ᠪᠣᠷᠬᠠᠨ︾ ᠤ ᠵᠢᠷᠤᠭ ᠨᠢ ᠦᠪᠴᠢ ᠬᠤᠶᠠᠭ ᠲᠣᠭᠤᠯᠭ᠎ᠠ ᠲᠠᠢ ᠪᠠᠷᠠᠭᠤᠨ ᠭᠠᠷ ᠲᠠᠭᠠᠨ ᠴᠢᠨᠳᠠᠮᠣᠨᠢ ᠡᠷᠳᠡᠨᠢ ᠶᠢᠨ ᠲᠠᠪᠰᠢ ᠪᠠᠷᠢᠵᠦ᠂ ᠬᠤᠶᠠᠷ | ᠮᠦᠷᠦᠨ ᠳᠡᠭᠡᠨ ᠬᠠᠷᠴᠠᠭᠠᠢ ᠰᠢᠪᠡᠭᠤ ᠲᠠᠷᠪᠡᠭᠦᠯᠦᠨ᠂ ᠬᠦᠬᠡ ᠪᠣᠷᠣ ᠮᠣᠷᠢ ᠣᠨᠣᠵᠣ᠂ ᠬᠠᠵᠠᠭᠤ ᠳᠠᠭᠠᠨ ᠲᠠᠶᠢᠭ᠎ᠠ ᠨᠣᠬᠠᠢ ᠳᠠᠭᠠᠭᠤᠯᠣᠭᠰᠠᠨ ᠣᠮᠤᠭ ᠵᠣᠷᠢᠭ ᠲᠠᠢ | ᠴᠤᠭ ᠰᠦᠯᠳᠡ ᠪᠠᠳᠠᠷᠠᠭᠰᠠᠨ ᠪᠠᠭᠠᠲᠣᠷ ᠵᠠᠩᠵᠣᠨ ᠤ ᠲᠦᠷᠢ ᠲᠠᠢ ᠪᠣᠷᠬᠠᠨ ᠪᠠᠶᠢᠳᠠᠭ᠃ ᠲᠡᠭᠡᠭᠡᠳ ᠲᠠᠬᠢᠯᠭ᠎ᠠ ᠬᠢᠬᠦ ᠪᠦᠷᠢ ᠳᠤ ᠮᠦᠷᠬᠦᠯᠴᠢᠳ ᠠᠴᠠ ︽ᠬᠦᠮᠦᠨ ᠤ | ᠣᠷᠴᠢᠯᠠᠩ ᠤᠨ ᠠᠶᠣᠯ ᠵᠣᠪᠠᠯᠠᠩ ᠢ ᠠᠷᠢᠯᠭᠠᠵᠦ᠂ ᠬᠠᠷ᠎ᠠ ᠲᠡᠷᠢᠬᠦᠲᠡᠨ ᠤ ᠦᠯᠵᠡᠢ ᠬᠤᠲᠤᠭ ᠢ ᠣᠯᠭᠤᠳᠣᠭᠠᠢ︾ ᠭᠡᠵᠦ ᠠᠪᠣᠷᠠᠯ ᠡᠷᠢᠨ ᠮᠦᠷᠬᠦᠳᠡᠭ᠃ | ᠣᠷᠠᠳ ᠠᠷᠠᠳ ᠤᠨ ᠵᠠᠩ ᠦᠢᠯᠡ ︵ᠳᠡᠭᠡᠲᠣ︶ ᠨᠣᠮ ᠠᠴᠠ | |