ᠬᠦᠬᠦᠤᠷ ᠤᠨ ᠢᠷᠡᠯᠳᠡ ᠶᠢ ᠮᠥᠷᠳᠡᠪᠡᠯ᠂ ᠭᠦᠬᠦᠷ ᠪᠤᠯ ᠬᠠᠮᠠᠷ ᠲᠠᠮᠠᠬᠢ ᠳᠠᠲᠠᠬᠤ ᠵᠠᠩ ᠳᠠᠳᠬᠠᠯ ᠠᠴᠠ ᠪᠤᠢ ᠪᠤᠯᠤᠭᠰᠠᠨ ᠨᠢ ᠲᠡᠦᠬᠡ ᠶᠢᠨ ᠬᠤᠯᠪᠤᠭᠳᠠᠯ ᠪᠦᠬᠦᠢ | ᠨᠤᠮ᠂ ᠲᠡᠮᠲᠡᠭᠯᠡᠯ ᠳᠤ ᠢᠯᠡᠭᠡᠨ ᠰᠢᠭ ᠪᠤᠢ᠃ ᠴᠢᠩᠬᠢᠪᠡᠯ ᠬᠠᠮᠠᠷ ᠲᠠᠮᠠᠬᠢ ᠲᠠᠲᠠᠬᠤ ᠳᠠᠳᠬᠠᠯ ᠬᠠᠮᠢᠭ᠎ᠠ ᠠᠴᠠ ᠪᠤᠢ ᠪᠤᠯᠤᠭᠰᠠᠨ ᠢ ᠮᠥᠷᠳᠡᠪᠡᠯ᠂ ᠡᠮᠦᠨᠡᠲᠦ ᠠᠮᠧᠷᠢᠺᠠ | ᠲᠢᠪ ᠤᠨ ᠢᠨᠳᠢᠶᠠᠨᠴᠤᠳ ᠤᠨ ᠳᠠᠳᠬᠠᠯ ᠪᠤᠯᠬᠤ ᠶᠤᠮ᠃ | 1492 ᠤᠨ ᠳᠤ ᠢᠰᠫᠠᠨᠢ ᠶᠢᠨ ᠳᠠᠯᠠᠢ ᠶᠢᠨ ᠠᠶᠠᠯᠠᠭᠴᠢ ᠺᠤᠯᠤᠮᠪᠤ ᠬᠠᠮᠠᠷ ᠲᠠᠮᠠᠬᠢ ᠶᠢ ᠦᠢᠯᠡᠳᠬᠦ ᠪᠠ ᠬᠡᠷᠡᠭᠯᠡᠬᠦ ᠶᠢ ᠳᠠᠯᠠᠢ ᠶᠢᠨ ᠠᠶᠠᠨᠴᠢᠳ᠂ ᠮᠠᠶᠢᠮᠠᠶᠢᠴᠢᠨ᠂ | ᠱᠠᠰᠢᠨ ᠳᠡᠯᠭᠡᠷᠡᠭᠦᠯᠦᠭᠴᠢ ᠨᠠᠷ ᠲᠠᠢ ᠶᠠᠪᠤᠯᠴᠠᠬᠤ ᠳᠤᠮᠳᠠ ᠳᠡᠯᠡᠬᠡᠢ ᠶᠢᠨ ᠡᠯ᠎ᠡ ᠭᠠᠵᠠᠷ ᠲᠤ ᠳᠠᠮᠵᠢᠭᠤᠯᠤᠨ ᠲᠠᠷᠬᠠᠭᠠᠭᠰᠠᠨ ᠪᠠᠶᠢᠨ᠎ᠠ᠃ ᠮᠢᠩ ᠤᠯᠤᠰ ᠤᠨ ᠸᠠᠨ | ᠯᠢ ᠶᠢᠨ ᠶᠢᠰᠦᠳᠦᠭᠡᠷ ᠤᠨ ︵1582︶ ᠳᠤ ᠢᠲ᠋ᠠᠯᠢ ᠶᠢᠨ ᠯᠢ ᠮᠠ ᠲᠧᠦ ᠭᠡᠳᠡᠭ ᠬᠦᠮᠦᠨ ᠳᠠᠯᠠᠢ ᠶᠢᠨ ᠠᠶᠠᠯᠠᠯ ᠢᠶᠠᠷ ᠭᠤᠸᠠᠩᠳᠦ᠋ᠩ ᠳᠤ ᠢᠷᠡᠵᠤ ᠬᠠᠮᠠᠷ | ᠲᠠᠮᠠᠬᠢᠨ ᠤ ᠠᠷᠠᠯᠵᠢᠶ᠎ᠠ ᠶᠢ ᠬᠢᠪᠡ ᠬᠡᠮᠡᠬᠦ ᠰᠤᠯᠠ ᠲᠡᠮᠲᠡᠭᠯᠡᠯ ᠤᠳ ᠪᠤᠢ᠃ ᠬᠠᠭᠠᠳ ᠤᠨ ᠤᠷᠳᠤᠨ ᠤ ᠲᠡᠮᠲᠡᠭᠯᠡᠯ ᠤᠳ ᠠᠴᠠ ᠮᠠᠨᠵᠤ ᠴᠢᠩ ᠤᠨ ᠡᠩᠬᠡ ᠠᠮᠤᠭᠤᠯᠠᠩ | ᠬᠠᠭᠠᠨ ᠤ ᠬᠤᠷᠢᠨ ᠭᠤᠷᠪᠠᠳᠤᠭᠠᠷ ᠤᠨ ︵1685 ᠤᠨ︶ ᠳᠤ ᠭᠠᠳᠠᠭᠠᠳᠤ ᠶᠢᠨ ᠵᠤᠴᠢᠳ ᠡᠩᠬᠡ ᠠᠮᠤᠭᠤᠯᠠᠩ ᠬᠠᠭᠠᠨ ᠳᠤ ᠬᠠᠮᠠᠷ ᠲᠠᠮᠠᠬᠢ ᠬᠦᠷᠭᠡᠨ ᠢᠷᠡᠬᠦ ᠳᠤ | ᠲᠡᠷᠡ ᠬᠦᠯᠢᠶᠠᠨ ᠠᠪᠤᠭᠰᠠᠨ ᠲᠤᠬᠠᠢ ᠬᠠᠭᠠᠨ ᠤ ᠤᠷᠳᠤᠨ ᠳᠤ ᠲᠤᠳᠤᠷᠬᠠᠢ ᠲᠡᠮᠲᠡᠭᠯᠡᠯ ᠪᠢᠴᠢᠭᠡᠰᠦ ᠪᠤᠢ ᠭᠡᠵᠤ ᠪᠢᠴᠢᠭ ᠮᠠᠲ᠋ᠧᠷᠢᠶᠠᠯ ᠳᠤ ᠪᠠᠰᠠ ᠦᠵᠡᠭᠳᠡᠵᠤ ᠪᠤᠢ᠃ | ᠬᠠᠮᠠᠷ ᠲᠠᠮᠠᠬᠢ ᠮᠠᠨ ᠤ ᠤᠯᠤᠰ ᠲᠤ ᠤᠷᠤᠵᠤ ᠢᠷᠡᠬᠦ ᠳᠤ ᠲᠡᠭᠦᠨ ᠢ ᠰᠠᠪᠠᠯᠠᠵᠤ ᠪᠠᠶᠢᠭᠰᠠᠨ ᠬᠡᠷᠡᠭᠰᠡᠯ ᠨᠢ ᠪᠢᠴᠢᠬᠠᠨ ᠡᠮ ᠤᠨ ᠯᠤᠩᠬᠤ ᠪᠠ ᠵᠢᠭᠠᠬᠠᠨ ᠲᠡᠮᠦᠷ | ᠬᠠᠶᠢᠷᠴᠠᠭ ᠲᠠᠢ ᠪᠠᠶᠢᠭᠰᠠᠨ ᠭᠡᠵᠤ ᠲᠡᠮᠲᠡᠭᠯᠡᠭᠰᠡᠨ ᠪᠠᠶᠢᠨ᠎ᠠ᠃ ᠲᠡᠭᠷᠢ ᠳᠡᠳᠬᠦᠭᠴᠢ ᠶᠢᠨ ᠠᠷᠪᠠᠨ ᠳᠤᠯᠤᠳᠤᠭᠠᠷ ᠤᠨ ︵1752︶ ᠳᠤ ᠫᠤᠷᠲ᠋ᠦ᠋ᠭᠠᠯ ᠤᠨ ᠸᠠᠩ | ᠲᠡᠭᠷᠢ ᠳᠡᠳᠬᠦᠭᠴᠢ ᠬᠠᠭᠠᠨ ᠳᠤ ᠰᠢᠵᠢᠷ ᠠᠯᠳᠠ᠂ ᠲᠤᠩ ᠤᠨ ᠰᠢᠭᠢᠳᠬᠡ᠂ ᠮᠠᠨᠤᠨ ᠯᠤᠩᠬᠤ ᠳᠤ ᠰᠠᠪᠠᠯᠠᠭᠰᠠᠨ ᠬᠠᠮᠠᠷ ᠲᠠᠮᠠᠬᠢ ᠵᠡᠷᠭᠡ ᠶᠢ ᠪᠡᠯᠡᠭ ᠪᠤᠯᠭᠠᠨ ᠡᠷᠭᠦᠭᠰᠡᠨ | ᠲᠡᠮᠲᠡᠭᠯᠡᠯ ᠤᠳ ᠪᠠᠰᠠ ᠪᠤᠢ᠃ | ᠳᠡᠭᠡᠷᠡᠬᠢ ᠥᠩᠭᠡᠷᠡᠯᠲᠡ ᠨᠦᠭᠦᠳ ᠠᠴᠠ ᠦᠵᠡᠪᠡᠯ᠂ ᠲᠤᠬᠠᠢ ᠶᠢᠨ ᠦᠶ᠎ᠡ ᠶᠢᠨ ᠡᠵᠡᠨ ᠬᠠᠭᠠᠳ ᠠᠴᠠ ᠬᠠᠮᠠᠷ ᠲᠠᠮᠠᠬᠢ ᠪᠠ ᠲᠡᠭᠦᠨ ᠤ ᠰᠠᠪᠠ ᠶᠢ ᠨᠢᠭᠡᠨ | ᠵᠦᠢᠯ ᠤᠨ ᠵᠠᠰᠠᠯ ᠴᠢᠮᠡᠭᠯᠡᠯ ᠤᠨ ᠪᠠᠭᠠᠵᠢ ᠪᠤᠯᠭᠠᠨ ᠬᠡᠷᠡᠭᠯᠡᠭᠰᠡᠨ ᠠᠴᠠ ᠬᠤᠵᠢᠮ ᠪᠤᠯᠵᠤ ᠢᠷᠡᠭᠡᠳ ᠨᠡᠶᠢᠭᠡᠮ ᠨᠡᠶᠢᠲᠡ ᠳᠤ ᠲᠤᠰᠬᠠᠯ ᠲᠠᠢ ᠪᠤᠯᠵᠤ᠂ ᠸᠠᠩ ᠭᠦᠩ | ᠨᠣᠶᠠᠳ ᠠᠴᠠ ᠠᠪᠤᠭᠠᠳ ᠪᠠᠶᠠᠨ ᠡᠷᠬᠢᠮ ᠬᠦᠮᠦᠰ ᠴᠦ ᠲᠠᠭᠠᠨ ᠳᠠᠭᠤᠷᠢᠶᠠᠵᠤ᠂ ᠡᠯᠳᠡᠪ ᠵᠦᠢᠯ ᠤᠨ ᠬᠠᠮᠠᠷ ᠲᠠᠮᠠᠬᠢᠨ ᠰᠠᠪᠠ ᠪᠤᠯᠬᠤ ᠭᠦᠬᠦᠦᠷ ᠤᠳ ᠢ ᠠᠷᠪᠢᠨ | ᠦᠢᠯᠡᠳᠦᠨ ᠵᠠᠰᠠᠵᠤ ᠭᠠᠷᠭᠠᠭᠰᠠᠨ ᠪᠠᠶᠢᠨ᠎ᠠ᠃ ᠣᠨᠴᠠᠭᠠᠶᠢᠯᠠᠨ ᠭᠦᠬᠦᠦᠷ ᠤᠨ ᠬᠡᠪ ᠨᠠᠮᠪᠠ᠂ ᠪᠠᠶᠢᠳᠠᠯ ᠲᠥᠯᠥᠪ᠂ ᠶᠡᠭᠡ ᠪᠠᠭ᠎ᠠ ᠵᠡᠷᠭᠡ ᠤᠯᠠᠨ ᠶᠠᠩᠵᠤ ᠶᠢᠨ | ᠭᠦᠬᠦᠦᠷ ᠤᠳ ᠢᠯᠡᠷᠡᠪᠡ᠃ ᠭᠦᠬᠦᠦᠷ ᠵᠠᠰᠠᠬᠤ ᠮᠠᠲ᠋ᠧᠷᠢᠶᠠᠯ ᠢ ᠴᠦ ᠠᠯᠲᠠ᠂ ᠮᠥᠩᠬᠦ᠂ ᠱᠢᠷᠤ᠂ ᠬᠠᠰ᠂ ᠮᠠᠨᠤ᠂ ᠨᠤᠮᠢᠨ᠂ ᠡᠷᠳᠡᠨᠢ᠂ ᠣᠭ᠍ᠶᠤ ᠂ ᠵᠠᠭᠠᠨ ᠤ ᠶᠠᠰᠤ᠂ | ᠴᠠᠭᠠᠨ ᠶᠠᠭᠠᠨ ᠪᠤᠯᠤᠷ᠂ ᠱᠠᠭᠠᠵᠠᠩ᠂ ᠭᠠᠤᠯᠢ᠂ ᠰᠢᠯ᠂ ᠨᠤᠭᠤᠭᠠᠨ ᠬᠠᠰ᠂ ᠽᠠᠨᠳᠠᠨ ᠮᠤᠳᠤ᠂ ᠲᠤᠭᠤᠰ᠂ ᠴᠢᠯᠠᠭᠤ ᠵᠡᠷᠭᠡ ᠠᠯᠢ ᠰᠠᠶᠢᠨ ᠰᠠᠶᠢᠬᠠᠨ ᠦᠨᠡᠲᠦ | ᠴᠤᠬᠠᠭ ᠪᠤᠳᠠᠰ ᠢᠶᠠᠷ ᠵᠠᠰᠠᠵᠤ ᠬᠢᠳᠡᠭ᠃ | ᠡ᠊ᠨᠳᠡ ᠤᠨᠴᠠ ᠳᠤᠷᠠᠳᠤᠭᠤᠰᠢᠲᠠᠢ ᠵᠦᠢᠯ ᠭᠡᠪᠡᠯ᠂ ᠲᠤᠬᠠᠢ ᠶᠢᠨ ᠦᠶ᠎ᠡ ᠶᠢᠨ ᠪᠠᠭᠠᠵᠢ ᠬᠡᠷᠡᠭᠰᠡᠯ ᠬᠤᠴᠤᠷᠤᠩᠭᠤᠢ ᠪᠠᠶᠢᠳᠠᠯ ᠳᠤᠤᠷ᠎ᠠ᠂ ᠨᠢᠭᠡ ᠰᠠᠶᠢᠨ ᠮᠠᠨᠤᠨ | ᠭᠦᠬᠦᠦᠷ ᠢ ᠵᠠᠰᠠᠬᠤ ᠳᠤ ᠬᠡᠳᠦᠨ ᠰᠠᠷ᠎ᠠ ᠶᠢᠨ ᠬᠥᠯᠥᠰᠦ ᠬᠦᠴᠦ ᠶᠢ ᠵᠠᠷᠤᠴᠠᠭᠤᠯᠳᠠᠭ ᠪᠠᠶᠢᠨ᠎ᠠ᠃ ᠨᠢᠭᠡ ᠰᠠᠶᠢᠨ ᠮᠠᠨᠤ ᠶᠢ ᠰᠢᠯᠢᠵᠤ ᠰᠤᠩᠭᠤᠭᠰᠠᠨ ᠤ ᠳᠠᠷᠠᠭ᠎ᠠ | ᠲᠡᠭᠦᠨ ᠤ ᠬᠡᠪ ᠪᠠᠶᠢᠳᠠᠯ ᠢ ᠨᠢ ᠵᠤᠬᠢᠴᠠᠭᠤᠯᠤᠨ ᠨᠦᠬᠡᠯᠡᠨ ᠮᠠᠯᠳᠠᠵᠤ ᠬᠥᠨᠳᠡᠢ ᠭᠠᠷᠭᠠᠨ᠂ ᠬᠠᠮᠠᠷ ᠲᠠᠮᠠᠬᠢ ᠪᠠᠨ ᠬᠢᠵᠤ ᠬᠡᠷᠡᠭᠯᠡᠳᠡᠭ᠃ ᠬᠠᠭᠤᠴᠢᠨ ᠳᠤ ᠮᠠᠨᠤᠨ | ᠭᠦᠬᠦᠦᠷ ᠢ ᠠᠯᠢ ᠨᠢᠮᠭᠡᠨ ᠮᠠᠯᠳᠠᠭᠰᠠᠨ ᠢ ᠨᠢ ᠡᠷᠬᠢᠮ ᠨᠠᠨᠳᠢᠨ ᠭᠠᠷ ᠤᠷᠠᠯᠠᠯ ᠤᠨ ᠶᠠᠪᠤᠴᠠ ᠶᠢ ᠥᠩᠭᠡᠷᠡᠮᠡᠨᠵᠢᠨ ᠰᠠᠶ᠋ᠢ ᠪᠦᠲᠦᠳᠡᠭ᠃ ᠠᠩᠬ᠎ᠠ ᠠᠯᠬᠤᠮ ᠳᠤ ᠰᠠᠶᠢᠨ | ᠰᠠᠶᠢᠬᠠᠨ ᠡᠬᠡ ᠪᠠᠶᠢᠭᠠᠯᠢ ᠶᠢᠨ ᠮᠠᠨᠤ ᠶᠢ ᠰᠢᠯᠢᠵᠤ ᠰᠤᠩᠭᠤᠨ᠂ ᠲᠡᠭᠦᠨ ᠤ ᠥᠩᠭᠡ ᠪᠠᠶᠢᠳᠠᠯ ᠢ ᠨᠢ ᠰᠢᠨᠵᠢᠵᠤ᠂ ᠶᠠᠮᠠᠷ ᠬᠡᠪ ᠮᠠᠶ᠋ᠢᠭ ᠤᠨ ᠶᠠᠩᠵᠤ ᠲᠠᠢ ᠪᠠᠷ ᠵᠠᠰᠠᠨ | ᠦᠢᠯᠡᠳᠬᠦ ᠪᠠᠨ ᠲᠤᠭᠲᠠᠭᠠᠳᠠᠭ᠃ ᠳᠠᠷᠠᠭ᠎ᠠ ᠪᠠᠷ ᠨᠢ ᠲᠡᠭᠦᠨ ᠤ ᠥᠪᠡᠷ ᠤᠨ ᠪᠦᠲᠦᠭᠰᠡᠨ ᠵᠢᠷᠤᠭ ᠵᠢᠷᠤᠭᠠᠰᠤ ᠶᠢ ᠨᠢ ᠦᠨᠳᠦᠰᠦᠯᠡᠵᠤ ᠤᠤᠯ ᠤᠨ ᠥᠩᠭᠡ | ᠵᠢᠷᠤᠭ ᠢ ᠨᠢ ᠠᠮᠢᠳᠤᠯᠢᠭ ᠢᠶᠠᠷ ᠲᠤᠰᠬᠠᠨ᠂ ᠨᠢᠭᠡᠨ ᠥᠯᠵᠡᠢ ᠪᠡᠯᠭᠡᠳᠦ ᠵᠢᠷᠤᠭ ᠢ ᠲᠦᠰᠦᠪᠯᠡᠨ ᠵᠤᠬᠢᠶᠠᠬᠤ ᠪᠤᠶᠤ ᠦᠯᠡᠳᠡᠭᠡᠨ ᠵᠠᠰᠠᠳᠠᠭ᠃ ᠮᠠᠨᠤᠨ ᠭᠦᠬᠦᠦᠷ ᠤᠨ | ᠰᠤᠶᠤᠯ ᠨᠢ ᠲᠡᠶᠢᠮᠤ ᠭᠦᠨ ᠬᠤᠯᠠ ᠪᠢᠰᠢ ᠪᠤᠯᠪᠠᠴᠤ ᠲᠡᠭᠦᠨ ᠢ ᠵᠠᠰᠠᠨ ᠦᠢᠯᠡᠳᠬᠦ ᠳᠤ ᠬᠦᠴᠦ ᠬᠥᠯᠥᠰᠦ ᠶᠡᠭᠡ ᠵᠠᠷᠤᠴᠠᠭᠤᠯᠬᠤ ᠪᠠ ᠰᠠᠶᠢᠨ ᠮᠠᠨᠤ ᠶᠢ ᠤᠯᠬᠤ ᠳᠤ | ᠴᠦ ᠬᠦᠴᠢᠷ ᠲᠠᠢ ᠪᠠᠶᠢᠳᠠᠭ᠃ ᠨᠢᠭᠡ ᠰᠠᠶᠢᠨ ᠲᠠᠭᠯᠠᠭ᠎ᠠ ᠲᠠᠭᠠᠷᠠᠭᠤᠯᠬᠤ ᠳᠤ ᠪᠠᠰᠠ ᠦᠨᠡᠳᠦ ᠵᠦᠢᠯ ᠢ ᠵᠠᠷᠤᠴᠠᠭᠤᠯᠳᠠᠭ ᠤᠴᠢᠷ ᠠᠴᠠ ᠬᠡᠳᠦᠨ ᠵᠠᠭᠤᠨ ᠵᠢᠯ ᠤᠨ | ᠲᠤᠷᠰᠢ ᠮᠠᠨᠤᠨ ᠭᠦᠬᠦᠦᠷ ᠬᠡᠵᠢᠶ᠎ᠡ ᠴᠦ ᠶᠡᠭᠡ ᠯᠡ ᠦᠨ᠎ᠡ ᠬᠠᠩᠰᠢ ᠲᠠᠢ ᠪᠠᠶᠢᠳᠠᠭ ᠶᠤᠮ᠃ | ᠡᠳᠦᠭᠡ ᠪᠤᠯᠵᠤ ᠢᠷᠡᠬᠦ ᠳᠤ ᠭᠦᠬᠦᠦᠷ ᠨᠢ ᠮᠤᠩᠭᠤᠯᠴᠤᠳ ᠤᠨ ᠰᠢᠨᠡᠯᠡᠬᠦ ᠪᠤᠶᠤ ᠪᠠᠶᠠᠷ ᠨᠠᠶᠢᠷ ᠬᠢᠬᠦ ᠳᠤ ᠳᠤᠲᠠᠭᠳᠠᠵᠤ ᠪᠤᠯᠤᠰᠢ ᠦᠭᠡᠢ ᠵᠠᠰᠠᠯ ᠴᠢᠮᠡᠭᠯᠡᠯ ᠤᠨ | ᠡᠳ᠋ ᠪᠤᠯᠤᠭᠰᠠᠨ ᠪᠠᠶᠢᠳᠠᠭ᠃ ᠤᠯᠠᠮᠵᠢᠯᠠᠯ ᠶᠠᠷᠢᠶᠠᠨ ᠳᠤ ᠭᠦᠬᠦᠦᠷ ᠤᠨ ᠲᠤᠬᠠᠢ ᠳᠤᠮᠤᠭ ᠶᠠᠷᠢᠶ᠎ᠠ ᠴᠦ ᠠᠷᠪᠢᠨ ᠪᠤᠢ᠂ ᠴᠡᠭᠡᠷ ᠬᠤᠷᠢᠭ᠎ᠠ ᠴᠦ ᠨᠡᠯᠢᠶᠡᠳ ᠪᠤᠢ᠃ | ᠭᠦᠬᠦᠦᠷ ᠮᠠᠨ ᠤ ᠮᠤᠩᠭᠤᠯᠴᠤᠳ ᠤᠨ ᠵᠠᠰᠠᠯ ᠴᠢᠮᠡᠭᠯᠡᠯ ᠤᠨ ᠨᠠᠨᠳᠢᠨ ᠡᠳ᠋ ᠪᠤᠯᠬᠤ ᠶᠢ ᠮᠡᠳᠡᠵᠤ᠂ ᠠᠯᠢ ᠤᠯᠠᠨ ᠨᠠᠨᠳᠢᠨ ᠭᠦᠬᠦᠦᠷ ᠵᠠᠰᠠᠭᠳᠠᠨ ᠭᠠᠷᠴᠦ ᠂ ᠡᠨᠡ ᠬᠦ | ᠰᠤᠶᠤᠯ ᠦᠷᠭᠦᠯᠵᠢᠯᠡᠬᠦ ᠪᠤᠯᠳᠤᠭᠠᠢ︕ | |