ᠤᠷᠠᠳ ᠤᠨ ᠲᠤᠮᠳᠠᠳᠤ ᠬᠤᠰᠢᠭᠤᠨ ᠤ ᠨᠡᠷᠡᠳᠤ ᠬᠦᠮᠦᠰ ᠤᠨ ᠨᠠᠮᠳᠠᠷ — ᠲᠤᠯᠬᠢᠶ᠎ᠡ
ᠨᠡᠶᠢᠲᠡᠯᠡᠭᠰᠡᠨ ᠴᠠᠭ᠄
2025/2/25
    ᠲᠤᠯᠬᠢᠶ᠎ᠡ ︵1915.5.27 — 1991.8.25︶      ᠡᠮᠡᠭᠳᠡᠢ᠂ ᠮᠤᠩᠭᠤᠯ ᠦᠨᠳᠦᠰᠦᠳᠡᠨ᠂ ᠤᠷᠠᠳ ᠤᠨ ᠲᠤᠮᠳᠠᠳᠤ ᠬᠤᠰᠢᠭᠤᠨ ᠤ ᠰᠠᠩ ᠤᠨ ᠲᠠᠯᠠᠢ ᠰᠤᠮᠤᠨ ᠤ ᠤᠩᠭᠤᠨ ᠲᠡᠭᠡᠭ ᠭᠠᠴᠠᠭᠠᠨ ᠤ ᠬᠦᠮᠦᠨ᠃ ᠰᠠᠩ ᠤᠨ ᠲᠠᠯᠠᠢ ᠰᠤᠮᠤᠨ ᠤ ᠮᠠᠯᠴᠢᠨ᠃    ᠲᠡᠭᠦᠨ ᠤ ᠲᠡᠭᠡᠳᠦᠰ ᠤᠨ ᠦᠶ᠎ᠡ ᠨᠢ ᠪᠤᠭᠤᠯ ᠪᠠᠶᠢᠵᠠᠢ᠂ ᠶᠢᠰᠦᠨ ᠨᠠᠰᠤᠳᠠᠢ ᠳᠠᠭᠠᠨ ᠸᠠᠩ ᠬᠦᠩ ᠤᠨ ᠳᠤ ᠪᠤᠭᠤᠯ ᠪᠠᠶᠢᠬᠰᠠᠨ ᠡᠵᠢ ᠪᠠᠨ ᠠᠯᠳᠠᠵᠤ᠂ 15 ᠨᠠᠰᠤᠳᠠᠢ ᠠᠬ᠎ᠠ ᠲᠠᠢ ᠪᠠᠨ ᠬᠤᠶᠠᠭᠤᠯᠠ ᠠᠯᠪᠠᠳᠠᠯᠭ᠎ᠠ ᠪᠠᠷ ᠪᠠᠰᠠ ᠪᠤᠭᠤᠯ ᠪᠤᠯᠵᠤ᠂ ᠡᠭᠡ ᠲᠠᠢ ᠪᠠᠨ ᠠᠳᠠᠯᠢ ᠦᠭᠡᠷ ᠮᠠᠯ ᠰᠢᠭ᠋ ᠠᠮᠢᠳᠤᠷᠠᠯ ᠢ ᠦᠩᠭᠡᠷᠡᠭᠡᠵᠦ ᠪᠠᠶᠢᠵᠠᠢ᠃ ᠲᠡᠷᠡ ᠭᠤᠷᠪᠠᠨ ᠭᠡᠤᠭᠡᠳ ᠲᠦᠷᠦᠭᠡᠳ ᠴᠦᠮ ᠢ ᠠᠯᠳᠠᠵᠤ᠂ 25 ᠨᠠᠰᠤᠨ ᠳᠠᠭᠠᠨ ᠶᠠᠳᠠᠷᠠᠯ ᠵᠦᠳᠡᠷᠡᠯ ᠭᠡᠳᠦᠷᠡᠭᠰᠡᠨ ᠠᠴᠠ ᠪᠤᠯᠵᠤ ᠵᠡᠭᠦᠨ ᠨᠢᠳᠦ ᠨᠢ ᠮᠠᠭᠤᠳᠠᠭᠠᠳ ᠡᠮᠨᠡᠭᠦᠯᠵᠦ ᠴᠢᠳᠠᠬᠰᠠᠨ ᠦᠭᠡᠢ ᠰᠤᠬᠤᠷᠴᠢᠬᠠᠯ᠎ᠠ᠃ 1949 ᠤᠨ ᠳᠤ ᠴᠢᠯᠦᠭᠡᠯᠡᠭᠳᠡᠭᠡᠳ᠂ ᠲᠡᠷᠡ ᠪᠤᠰᠤᠳ ᠬᠦᠳᠡᠯᠮᠦᠷᠢᠴᠢᠨ ᠮᠠᠯᠴᠢᠳ ᠲᠠᠢ ᠠᠳᠠᠯᠢ ᠪᠠᠷ ᠰᠢᠨ᠎ᠡ ᠠᠮᠢᠳᠤᠷᠠᠯ ᠢᠶᠠᠨ ᠡᠬᠢᠯᠡᠭᠦᠯᠵᠠᠢ᠃ ᠡᠪ ᠬᠠᠮᠳᠤ ᠨᠠᠮ ᠲᠡᠭᠦᠨ ᠢ ᠬᠠᠪᠰᠤᠷᠴᠤ ᠭᠡᠷ ᠬᠦᠷᠦᠩᠭᠡ ᠶᠢ ᠨᠢ ᠪᠤᠰᠬᠠᠵᠤ᠂ ᠲᠡᠭᠦᠨ ᠳᠤ 14 ᠬᠤᠨᠢ᠂ 1 ᠦᠭᠡᠷ ᠤᠨ ᠵᠢᠭᠡᠯᠡᠯᠭᠡ ᠦᠭᠭᠦ ᠳᠤ ᠲᠡᠷᠡ ᠡᠷᠳᠡᠨᠢ ᠤᠯᠤᠬᠰᠠᠨ ᠰᠢᠭ᠋ ᠰᠡᠳᠬᠢᠯ ᠲᠠᠯᠪᠢᠨ ᠠᠷᠠᠴᠢᠯᠠᠵᠤ᠂ 1958 ᠤᠨ ᠪᠤᠯᠬᠤ ᠳᠤ ᠦᠷᠡᠵᠢᠭᠡᠳ 200 ᠬᠤᠨᠢ᠂ 7 ᠦᠭᠡᠷ᠂ 2 ᠠᠳᠤᠭᠤ ᠲᠠᠢ ᠪᠤᠯᠤᠬᠰᠠᠨ ᠪᠢᠯᠡ᠃ ᠠᠷᠠᠳ ᠤᠨ ᠨᠢᠭᠡᠳᠦᠯ ᠪᠠᠶᠢᠭᠤᠯᠤᠬᠳᠠᠬᠰᠠᠨ ᠤ ᠲᠠᠷᠠᠭ᠎ᠠ᠂ ᠲᠡᠷᠡ ᠭᠡᠭᠦᠳᠡᠭ ᠲᠦᠭᠦᠷᠡᠩ ᠬᠠᠯᠠᠭᠤᠨ ᠰᠡᠳᠬᠢᠯᠭᠡ ᠪᠠᠷ ᠰᠢᠷᠭᠠᠭᠤ ᠬᠠᠳᠠᠭᠤᠵᠢᠯᠳᠠᠢ ᠪᠠᠷ ᠬᠦᠳᠡᠯᠮᠦᠷᠢᠯᠡᠨ᠂ ᠵᠢᠯ ᠪᠦᠷᠢ ᠲᠠᠭᠠᠭᠠᠴᠢᠯᠠᠬᠰᠠᠨ ᠡᠭᠦᠷᠭᠡ ᠪᠠᠨ ᠲᠠᠪᠠᠭᠤᠯᠤᠨ ᠪᠡᠶᠡᠯᠡᠭᠦᠯᠵᠦ᠂ ᠤᠳᠤᠷᠢᠳᠤᠯᠭ᠎ᠠ ᠪᠠ ᠤᠯᠠᠨ ᠲᠦᠮᠡᠨ ᠤ ᠰᠠᠶᠢᠰᠢᠶᠠᠯ ᠬᠦᠷᠢᠶᠡᠯᠡᠯ ᠢ ᠤᠯᠤᠭᠠᠳ᠂ ᠨᠢᠭᠡᠳᠦᠯ ᠪᠤᠯᠤᠨ ᠦᠢᠯᠡᠳᠪᠦᠷᠢᠯᠡᠯ ᠤᠨ ᠪᠠᠷᠢᠭᠠᠳᠠ ᠶᠢᠨ ᠤᠯᠠᠨ ᠤᠳᠠᠭᠠᠨ ᠤ ᠬᠦᠳᠡᠯᠮᠦᠷᠢ ᠶᠢᠨ ᠵᠢᠱᠢᠶᠡᠴᠢ᠂ ᠲᠠᠪᠤᠨ ᠰᠠᠶᠢᠨᠳᠠᠢ ᠭᠡᠰᠢᠭᠦᠨ ᠢᠶᠠᠷ ᠰᠤᠩᠭᠤᠬᠳᠠᠬᠰᠠᠨ ᠶᠤᠮ᠃    1964 ᠤᠨ ᠤ 2 ᠳ᠋ᠤᠭᠠᠷ ᠰᠠᠷ᠎ᠠ ᠶᠢᠨ 9 ᠤ ᠡᠳᠦᠷ᠂ ᠰᠢᠨᠡᠯᠡᠭᠦ ᠶᠢᠨ ᠡᠮᠦᠨᠡᠭᠡᠨ᠂ ᠲᠡᠷᠡ 13 ᠨᠠᠰᠤᠳᠠᠢ ᠬᠤᠶᠠᠳᠤᠭᠠᠷ ᠭᠡᠤᠭᠡᠨ ᠠᠯᠳᠠᠨᠰᠸ᠎ᠠ ᠲᠠᠢ ᠪᠠᠨ ᠬᠤᠶᠠᠭᠤᠯᠠ ᠮᠠᠯ ᠬᠠᠷᠢᠭᠤᠯᠬᠤ ᠪᠠᠷ ᠭᠠᠷᠤᠯ᠎ᠠ᠂ ᠦᠳᠡ ᠪᠤᠯᠬᠤ ᠶᠢᠨ ᠠᠯᠳᠠ ᠳᠤ ᠲᠡᠭᠷᠢ ᠭᠡᠨᠡᠳᠳᠡ ᠬᠤᠪᠢᠷᠠᠬᠤ ᠳᠤ ᠰᠠᠨᠳᠤᠷᠴᠤ ᠮᠠᠯ ᠢᠶᠠᠨ ᠡᠭᠡᠭᠦᠯᠦᠨ ᠪᠤᠴᠠᠭᠠᠬᠤ ᠵᠠᠮ ᠳᠤ ᠴᠠᠰᠤᠨ ᠰᠢᠭᠤᠷᠭᠠᠨ ᠳᠤ ᠲᠠᠭᠠᠷᠢᠬᠳᠠᠪᠠ᠃ ᠠᠶᠤᠯ ᠬᠦᠴᠢᠷᠳᠡᠯ ᠤᠨ ᠡᠮᠦᠨ᠎ᠡ᠂ ᠡᠭᠡ ᠭᠡᠤᠭᠡᠨ ᠬᠤᠶᠠᠭᠤᠯᠠ ᠬᠠᠮᠳᠤ ᠶᠢᠨ ᠮᠠᠯ ᠬᠦᠷᠦᠩᠭᠡ ᠶᠢ ᠬᠠᠮᠠᠭᠠᠯᠠᠬᠤ  ᠶᠢᠨ ᠲᠦᠯᠦᠭᠡ᠂ ᠠᠶᠤᠯ ᠲᠦᠭᠰᠢᠭᠦᠷᠢ ᠠᠴᠠ ᠠᠶᠤᠬᠤ ᠦᠭᠡᠢ ᠪᠠᠷ ᠰᠠᠯᠬᠢ ᠰᠢᠭᠤᠷᠭᠠᠨ ᠲᠠᠢ ᠪᠠᠭᠠᠳᠤᠷᠯᠠᠨ ᠲᠡᠮᠡᠴᠡᠪᠡ᠃ ᠬᠦᠢᠳᠡᠨ ᠰᠠᠯᠬᠢ ᠬᠠᠪᠢᠷᠭ᠎ᠠ ᠨᠡᠪᠳᠡ ᠰᠢᠭᠤᠷᠴᠤ᠂ ᠬᠠᠷᠠᠩᠭᠤᠢ ᠰᠦᠨᠢ ᠶᠢᠨ ᠴᠠᠰᠤᠨ ᠳᠤ ᠦᠯᠦᠰᠴᠤ ᠵᠦᠳᠡᠷᠡᠭᠰᠡᠨ ᠴᠦ ᠬᠤᠨᠢᠨ ᠰᠦᠷᠦᠭ ᠢᠶᠠᠨ ᠪᠤᠳᠠᠷᠠᠭᠠᠬᠰᠠᠨ ᠦᠭᠡᠢ᠂ ᠡᠭᠡ ᠭᠡᠤᠭᠡᠨ ᠬᠤᠶᠠᠭᠤᠯᠠ ᠬᠦᠮᠦᠨ ᠢ ᠰᠤᠴᠢᠭᠠᠮ᠎ᠠ ᠰᠦᠷ ᠵᠢᠪᠬᠤᠭ᠎ᠠ᠂ ᠨᠤᠭᠤᠷᠠᠰᠢ ᠦᠭᠡᠢ ᠬᠠᠳᠠᠭᠤ ᠵᠤᠷᠢᠭ ᠢᠶᠠᠷ ᠵᠦᠢᠯ ᠪᠦᠷᠢ ᠶᠢᠨ ᠬᠦᠴᠢᠷᠳᠡᠯ ᠢ ᠲᠡᠰᠪᠦᠷᠢᠯᠡᠵᠦ ᠪᠠᠶᠢᠯ᠎ᠠ᠃ 2 ᠳ᠋ᠤᠭᠠᠷ ᠰᠠᠷ᠎ᠠ ᠶᠢᠨ 10 ᠤ ᠦᠷᠯᠦᠭᠡ᠂ ᠠᠯᠳᠠᠨᠰᠸ᠎ᠠ ᠬᠠᠷᠢᠵᠤ ᠬᠦᠮᠦᠨ ᠲᠠᠭᠤᠳᠠᠬᠤ ᠪᠠᠷ ᠴᠠᠰᠤ ᠰᠢᠭᠤᠷᠭᠠᠨ ᠤ ᠲᠤᠮᠳᠠᠭᠤᠷ ᠮᠦᠯᠭᠦᠵᠦ ᠮᠠᠴᠤᠯᠠᠨ ᠤᠷᠤᠬᠰᠢᠯᠠᠭᠠᠳ᠂ ᠪᠤᠷᠳᠤᠭᠠᠨ ᠰᠠᠭᠤᠷᠢᠨ ᠭᠠᠵᠠᠷ ᠤᠨ ᠬᠢᠳᠠᠳ ᠭᠡᠰᠢᠭᠦᠨ ᠶᠢᠨ ᠯᠠᠢ ᠱᠦᠨ ᠲᠠᠢ ᠲᠠᠭᠠᠷᠠᠯᠳᠤᠨ ᠴᠠᠭ ᠲᠠᠷᠤᠢ ᠳᠤᠨᠢ ᠠᠪᠤᠷᠠᠵᠤ ᠠᠪᠤᠬᠰᠠᠨ ᠤ ᠬᠤᠶᠢᠨ᠎ᠠ ᠰᠠᠶ᠋ᠢ ᠡᠭᠡ ᠨᠢ ᠠᠶᠤᠯ ᠳᠤ ᠤᠴᠠᠷᠠᠬᠰᠠᠨ ᠢ ᠤᠯᠵᠤ ᠮᠡᠳᠡᠯ᠎ᠡ᠃ ᠲᠡᠷᠡ ᠠᠬᠠᠮᠠᠳ ᠮᠠᠯᠴᠢᠨ ᠾᠸᠤ ᠵᠧᠨ ᠢ ᠶᠠᠪᠤᠭᠤᠯᠵᠤ ᠪᠠᠷᠢᠭᠠᠳᠠ ᠳᠤ ᠬᠡᠯᠡ ᠬᠦᠷᠭᠡᠭᠦᠯᠪᠡ᠃ ᠾᠸᠤ ᠵᠧᠨ ᠨᠠᠰᠤ ᠦᠨᠳᠦᠷ ᠪᠡᠶ᠎ᠡ ᠮᠠᠭᠤ ᠪᠠᠨ ᠴᠤ ᠮᠠᠷᠳᠠᠵᠤ᠂ ᠴᠠᠰᠤ ᠰᠢᠭᠤᠷᠭᠠᠨ ᠤ ᠲᠤᠮᠳᠠ 7.5 ᠺᠢᠯᠦᠮᠧᠲᠷ ᠬᠤᠯᠠ ᠬᠦᠶᠦᠨ ᠪᠠᠶᠢᠵᠤ ᠪᠠᠶᠠᠨᠴᠠᠭᠠᠨ ᠪᠠᠷᠢᠭᠠᠳᠠ ᠳᠤ ᠬᠦᠷᠴᠠᠢ᠃ ᠪᠠᠷᠢᠭᠠᠳᠠ ᠶᠢᠨ ᠲᠠᠷᠤᠭ᠎ᠠ ᠲᠡᠮᠤᠷᠪᠠᠭᠠᠨ᠎ᠠ ᠲᠠᠷᠤᠶᠢᠬᠠᠨ ᠬᠦᠮᠦᠨ ᠤ ᠬᠦᠴᠦ ᠪᠠᠨ ᠵᠤᠬᠢᠶᠠᠨ ᠪᠠᠶᠢᠭᠤᠯᠤᠨ᠂ ᠭᠠᠵᠠᠷ ᠪᠤᠯᠭᠠᠨ ᠳᠤ ᠶᠠᠪᠤᠭᠤᠯᠵᠤ ᠡᠷᠢᠭᠦᠯᠪᠡ᠃ ᠬᠦᠮᠦᠰ ᠨᠢᠭᠡ ᠯᠠ ᠠᠮᠢᠰᠬᠤᠭ᠎ᠠ ᠪᠠᠷ 20 ᠭᠠᠷᠤᠢ ᠺᠢᠯᠦᠮᠧᠲᠷ ᠬᠤᠯᠠ ᠬᠦᠶᠦᠯᠳᠦᠵᠦ᠂ ᠦᠳᠡ ᠶᠢᠨ ᠬᠤᠶᠢᠨ᠎ᠠ ᠪᠤᠯᠬᠤ ᠳᠤ ᠰᠠᠶ᠋ᠢ ᠲᠤᠯᠬᠢᠶ᠎ᠠ ᠬᠢᠭᠡᠳ ᠲᠡᠭᠦᠨ ᠤ ᠬᠠᠷᠢᠭᠤᠯᠤᠬᠰᠠᠨ 770 ᠬᠤᠨᠢ ᠶᠢ ᠤᠯᠵᠤ ᠠᠪᠤᠭᠠᠳ᠂ ᠠᠮᠤᠷ ᠲᠦᠪᠰᠢᠨ ᠢᠶᠠᠷ ᠡᠪᠦᠯᠵᠢᠶᠠᠨ ᠳᠤᠨᠢ ᠬᠦᠷᠭᠡᠵᠠᠢ᠃ ᠲᠤᠯᠬᠢᠶ᠎ᠠ ᠡᠭᠡ ᠭᠡᠤᠭᠡᠨ ᠬᠤᠶᠠᠭᠤᠯᠠ ᠡᠨᠡ ᠮᠡᠳᠦ ᠪᠠᠷ ᠬᠤᠶᠠᠷ ᠡᠳᠦᠷ ᠨᠢᠭᠡ ᠰᠦᠨᠢ ᠬᠠᠮᠳᠤ ᠶᠢᠨ ᠮᠠᠯ ᠰᠦᠷᠦᠭ ᠢ ᠬᠠᠮᠠᠭᠠᠯᠠᠬᠰᠠᠨ ᠦᠢᠯᠡ ᠠᠵᠢᠯᠯᠠᠭ᠎ᠠ ᠨᠢ ᠨᠢᠭᠡᠳᠦᠯ᠂ ᠬᠤᠰᠢᠭᠤ᠂ ᠠᠶᠢᠮᠠᠭ ᠤᠨ ᠨᠠᠮ ᠵᠠᠰᠠᠭ  ᠤᠨ ᠤᠳᠤᠷᠢᠳᠤᠯᠭ᠎ᠠ ᠶᠢᠨ ᠬᠠᠯᠠᠮᠵᠢᠯᠡᠯ ᠢ ᠤᠯᠵᠤ᠂ ᠡᠭᠡ ᠭᠡᠤᠭᠡᠨ ᠬᠤᠶᠠᠭᠤᠯᠠ ᠶᠢ ᠴᠠᠭ ᠲᠠᠷᠤᠢ ᠳᠤᠨᠢ ᠡᠮᠨᠡᠨ ᠵᠠᠰᠠᠵᠤ ᠲᠤᠬᠤᠨᠢᠭᠤᠯᠤᠬᠰᠠᠨ ᠤ ᠬᠠᠮᠳᠤ ᠰᠠᠶᠢᠰᠢᠶᠠᠨ ᠱᠠᠩᠨᠠᠵᠠᠢ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠪᠠᠶᠠᠨᠨᠠᠭᠤᠷ ᠠᠶᠢᠮᠠᠭ ᠤᠨ ᠬᠤᠷᠢᠶᠠᠨ ᠠᠴᠠ ︽ᠪᠦᠭᠦ ᠠᠶᠢᠮᠠᠭ ᠤᠨ ᠡᠯ᠎ᠡ ᠦᠨᠳᠦᠰᠦᠳᠡᠨ ᠤ ᠠᠷᠠᠳ ᠲᠦᠮᠡᠨ ᠲᠤᠯᠬᠢᠶ᠎ᠠ᠂ ᠠᠯᠳᠠᠨᠰᠸ᠎ᠠ  ᠤᠨ ᠪᠠᠭᠠᠳᠤᠷᠯᠢᠭ ᠦᠢᠯᠡ ᠶᠠᠪᠤᠳᠠᠯ ᠠᠴᠠ ᠰᠤᠷᠤᠯᠴᠠᠬᠤ ᠶᠢ ᠤᠷᠢᠶᠠᠯᠠᠬᠰᠠᠨ ᠮᠡᠳᠡᠭᠳᠡᠯ︾ ᠭᠠᠷᠭᠠᠪᠠ᠃ ᠪᠠᠭᠠᠳᠤᠷ ᠡᠭᠡ ᠭᠡᠤᠭᠡᠨ ᠮᠠᠯ ᠰᠦᠷᠦᠭ ᠢᠶᠠᠨ ᠬᠠᠮᠠᠭᠠᠯᠠᠬᠰᠠᠨ ᠮᠡᠳᠡᠭᠡ ᠤᠷᠠᠳ ᠤᠨ ᠲᠠᠯ᠎ᠠ ᠨᠤᠳᠤᠭ ᠲᠤ ᠲᠠᠭᠤᠷᠢᠰᠴᠤ᠂ ᠲᠤᠰ ᠵᠢᠯ ᠤᠨ 9 ᠳ᠋ᠤᠭᠡᠷ ᠰᠠᠷ᠎ᠠ ᠳᠤ᠂ ᠲᠤᠯᠬᠢᠶ᠎ᠠ ᠦᠪᠦᠷ ᠮᠤᠩᠭᠤᠯ ᠤᠨ ᠴᠦᠭᠡᠨ ᠲᠤᠭᠠᠳᠤ ᠦᠨᠳᠦᠰᠦᠳᠡᠨ ᠤ ᠲᠤᠭᠤᠷᠢᠨ ᠦᠵᠡᠭᠦ ᠪᠦᠯᠭᠦᠮ ᠤᠨ ᠭᠡᠰᠢᠭᠦᠨ ᠤ ᠬᠤᠪᠢ ᠪᠠᠷ ᠭᠡᠤᠭᠡᠨ ᠠᠯᠳᠠᠨᠰᠸ᠎ᠠ  ᠢᠶᠠᠨ ᠲᠠᠭᠠᠭᠤᠯᠤᠨ ᠪᠡᠭᠡᠵᠢᠩ ᠳᠤ ᠬᠦᠷᠴᠦ᠂ ᠤᠯᠤᠰ ᠤᠨ ᠪᠠᠶᠠᠷ ᠤᠨ ᠶᠤᠰᠤᠯᠠᠯ ᠳᠤ ᠤᠷᠤᠯᠴᠠᠨ᠂ ᠵᠤᠯ ᠵᠢᠷᠭᠠᠯᠳᠠᠢ ᠪᠠᠷ ᠮᠠᠤ ᠽᠧ  ᠳ᠋ᠦᠩ ᠲᠡᠷᠢᠭᠦᠯᠡᠭᠴᠢ ᠲᠠᠢ ᠠᠭᠤᠯᠵᠠᠵᠤ ᠰᠡᠭᠦᠳᠡᠷ ᠲᠠᠳᠠᠭᠤᠯᠵᠠᠢ᠃ ᠲᠡᠭᠦᠨ ᠠᠴᠠ ᠬᠤᠶᠢᠰᠢ ᠲᠠᠯᠠᠭᠠᠳ ᠤᠨ ᠬᠦᠷᠳᠡᠯ᠎ᠡ᠂ ᠲᠤᠯᠬᠢᠶ᠎ᠠ ᠪᠠᠰᠠ ᠨᠢᠭᠡᠳᠦᠯ᠂ ᠬᠤᠰᠢᠭᠤ᠂ ᠠᠶᠢᠮᠠᠭ᠂ ᠦᠪᠡᠷᠳᠡᠭᠡᠨ ᠵᠠᠰᠠᠬᠤ ᠤᠷᠤᠨ ᠤ ᠬᠦᠳᠡᠯᠮᠦᠷᠢ ᠶᠢᠨ ᠵᠢᠱᠢᠶᠡᠴᠢ᠂ ᠲᠡᠷᠢᠭᠦᠨ ᠤ ᠦᠢᠯᠡᠳᠪᠦᠷᠢᠴᠢᠨ ᠵᠡᠷᠭᠡ ᠢᠷᠠᠭᠤ ᠠᠯᠳᠠᠷ ᠤᠨ ᠴᠤᠯᠠ ᠶᠢ ᠬᠦᠷᠳᠡᠵᠦ ᠱᠠᠩᠨᠠᠯ ᠤᠯᠤᠬᠰᠠᠨ ᠪᠢᠯᠡ᠃                      ︽ᠤᠷᠠᠳ ᠤᠨ ᠲᠤᠮᠳᠠᠳᠤ ᠬᠤᠰᠢᠭᠤᠨ ᠤ ᠤᠶᠢᠯᠠᠯᠭ᠎ᠠ  ︾ ᠠᠴᠠ ᠪᠠᠭᠤᠯᠭᠠᠪᠠ᠃ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ