ᠤᠷᠠᠳ ᠨᠤᠳᠤᠭ ᠨᠢ ᠴᠦᠯᠯᠡᠷᠬᠡᠭ᠂ ᠠᠭᠤᠯᠠᠷᠬᠠᠭ᠂ ᠴᠢᠭᠢᠭᠯᠢᠭ ᠵᠡᠷᠭᠡ ᠠᠳᠠᠯᠢ ᠪᠤᠰᠤ ᠰᠢᠨᠵᠢ ᠴᠢᠨᠠᠷ ᠪᠦᠬᠦᠢ ᠣᠷᠤᠨ ᠨᠤᠳᠤᠭ ᠢ ᠪᠠᠭᠲᠠᠭᠠᠳᠠᠭ ᠠᠴᠠ ᠠᠳᠠᠯᠢ | ᠪᠣᠰᠤ ᠣᠷᠤᠨ ᠨᠤᠳᠤᠭ ᠤᠨ ᠠᠳᠠᠯᠢ ᠪᠣᠰᠤ ᠪᠠᠶᠢᠭᠠᠯᠢ᠂ ᠭᠠᠵᠠᠷ ᠵᠦᠢ ᠶᠢᠨ ᠣᠨᠴᠠᠯᠢᠭ ᠲᠤ ᠲᠤᠬᠢᠷᠠᠭᠰᠠᠨ ᠣᠯᠠᠨ ᠵᠦᠢᠯ ᠤᠨ ᠭᠡᠭᠡᠷ᠎ᠡ ᠶᠢᠨ ᠠᠷᠢᠶᠠᠳᠠᠨ᠂ ᠵᠢᠭᠦᠷᠲᠡᠨ | ᠨᠤᠳᠤᠭᠯᠠᠨ ᠤᠷᠤᠰᠢᠭᠰᠠᠭᠠᠷ ᠢᠷᠡᠭᠰᠡᠨ ᠶᠤᠮ᠃ ᠤᠷᠠᠳ ᠤᠨ ᠭᠤᠪᠢ ᠵᠤ ᠨᠤᠲᠤᠭ ᠢᠶᠠᠷ ᠬᠠᠮᠤᠭ ᠣᠯᠠᠨ ᠪᠠᠶᠢᠳᠠᠭ ᠠᠮᠢᠲᠠᠨ ᠭᠦᠷᠦᠭᠡᠰᠦ ᠭᠡᠪᠡᠯ ᠵᠡᠭᠡᠷ᠎ᠡ ᠶᠠᠩᠭᠢᠷ᠂ | ᠬᠤᠯᠠᠨ᠂ ᠠᠭᠤᠯᠠᠷᠬᠠᠭ ᠤᠷᠤᠨ ᠢᠶᠠᠷ ᠪᠣᠯ ᠬᠦᠬᠡ ᠢᠮᠠᠭ᠎ᠠ᠂ ᠤᠯᠠᠭᠠᠨ ᠢᠮᠠᠭ᠎ᠠ ᠣᠯᠠᠨ ᠪᠠᠶᠢᠳᠠᠭ᠃ ᠪᠠᠰᠠ ᠠᠷᠭᠠᠯᠢ᠂ ᠪᠦᠬᠦᠩ᠂ ᠲᠠᠤᠯᠠᠢ ᠬᠢᠭᠡᠳ ᠨᠣᠭᠳᠤᠷᠤ᠂ | ᠲᠤᠭᠤᠳᠠᠭ᠂ ᠲᠤᠭᠤᠷᠤᠤ᠂ ᠢᠲᠠᠭᠤ᠂ ᠲᠤᠩᠰᠢᠭᠤᠯ᠂ ᠬᠠᠶᠢᠷᠠᠭᠤᠴᠠᠢ ᠪᠠᠶᠢᠳᠠᠭ᠃ | ᠮᠢᠬᠠᠴᠢᠨ ᠠᠮᠢᠲᠠᠨ ᠳᠤ ᠢᠷᠪᠢᠰ᠂ ᠴᠢᠨ᠋ᠸ᠎ᠠ᠂ ᠦᠨᠡᠭᠡ᠂ ᠰᠢᠯᠦᠭᠦᠰᠦ᠂ ᠬᠢᠷᠰᠠ᠂ ᠮᠠᠩᠭᠢᠰᠦ᠂ ᠬᠠᠷ᠎ᠠ ᠬᠦᠷᠡᠩ ᠪᠤᠯᠠᠭ᠎ᠠ᠂ ᠦᠮᠡᠬᠡᠢ ᠬᠦᠷᠡᠩ᠂ ᠰᠢᠷ᠎ᠠ ᠰᠤᠯᠤᠩᠭ᠎ᠠ᠂ | ᠪᠠᠶᠢᠳᠠᠭ᠃ ᠰᠢᠪᠠᠭᠤᠳ ᠤᠨ ᠵᠦᠢᠯ ᠳᠤ ᠪᠦᠷᠭᠦᠳ᠂ ᠬᠠᠷᠴᠠᠭᠠᠢ᠂ ᠬᠢᠷᠢᠶᠡ᠂ ᠬᠠᠷ᠎ᠠ ᠰᠢᠪᠠᠭᠤ᠂ ᠰᠢᠷ᠎ᠠ ᠰᠢᠪᠠᠭᠤ᠂ ᠵᠤᠷᠠᠬᠠ᠂ ᠲᠠᠰ ᠵᠡᠷᠭᠡ ᠮᠢᠬᠠᠴᠢᠨ ᠰᠢᠪᠠᠭᠤ ᠤᠳ | ᠪᠠᠶᠢᠳᠠᠭ᠃ ᠡᠭᠦᠨ ᠳᠤ ᠶᠤᠯᠤ ᠭᠡᠭᠴᠢ ᠨᠢᠭᠡᠨ ᠲᠦᠷᠦᠯ ᠤᠨ ᠰᠢᠪᠠᠭᠤᠨ ᠤ ᠭᠡᠳᠡᠰᠦ ᠨᠢ ᠬᠦᠮᠦᠨ ᠤ ᠬᠤᠳᠤᠭᠤᠳᠤ ᠭᠡᠳᠡᠰᠦᠨ ᠤ ᠡᠪᠡᠳᠴᠢᠨ ᠢ ᠵᠠᠰᠠᠬᠤ ᠳᠤ ᠰᠠᠶᠢᠨ | ᠭᠡᠳᠡᠭ ᠪᠠ ᠦᠮᠡᠬᠡᠢ ᠬᠦᠷᠡᠩ ᠭᠡᠳᠡᠭ ᠠᠮᠢᠲᠠᠨ ᠤ ᠮᠢᠬ᠎ᠠ ᠶᠢ ᠠᠳᠤᠭᠤᠨ ᠤ ᠭᠡᠮ ᠳᠤ ᠰᠠᠶᠢᠨ ᠭᠡᠳᠡᠭ᠃ ᠡᠨᠡ ᠮᠡᠲᠦ ᠮᠢᠬ᠎ᠠ ᠨᠢ ᠡᠮ ᠤᠨ ᠵᠦᠢᠯ ᠳᠤ ᠤᠷᠤᠳᠠᠭ | ᠠᠮᠢᠲᠠᠨ ᠠᠷᠪᠠᠭᠠᠳ ᠵᠦᠢᠯ ᠪᠠᠶᠢᠳᠠᠭ᠃ | ᠪᠦᠷᠢᠨ ᠪᠣᠰᠣ ᠪᠦᠷᠢᠳᠭᠡᠯ ᠢ ᠦᠨᠳᠦᠰᠦᠯᠡᠪᠡᠯ ᠡᠳᠦᠭᠡ ᠪᠤᠯᠳᠠᠯ᠎ᠠ ᠤᠷᠠᠳ ᠨᠤᠲᠤᠭ ᠲᠤ ᠬᠠᠮᠠᠭᠠᠯᠠᠯᠲᠠ ᠳᠤ ᠤᠷᠤᠭᠰᠠᠨ ᠠᠮᠢᠲᠠᠨ ᠨᠡᠶᠢᠲᠡ 36 ᠲᠦᠷᠦᠯ᠂ | ᠡᠭᠦᠨ ᠳᠤ ᠠᠷᠢᠶᠠᠲᠠᠨ 10 ᠵᠦᠢᠯ᠂ ᠵᠢᠭᠦᠷᠲᠡᠨ 26 ᠵᠦᠢᠯ ᠪᠠᠶᠢᠨ᠎ᠠ᠃ ᠡᠭᠦᠨ ᠤ ᠲᠤᠳᠤᠷ᠎ᠠ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠳᠤ ᠤᠷᠤᠭᠰᠠᠨ | ᠠᠮᠢᠲᠠᠨ ᠨᠡᠶᠢᠲᠡ 8 ᠵᠦᠢᠯ ᠪᠠᠶᠢᠵᠤ᠂ 3 ᠨᠢ ᠠᠷᠢᠶᠠᠳᠠᠨ ᠤ ᠲᠦᠷᠦᠯ᠂ 5 ᠨᠢ ᠵᠢᠭᠦᠷᠲᠡᠨ ᠤ ᠲᠦᠷᠦᠯ ᠪᠤᠯᠤᠨ᠋᠃ ᠬᠤᠶᠠᠳᠤᠭᠠᠷ ᠳᠡᠰ ᠤᠨ ᠬᠠᠮᠠᠭᠠᠯᠠᠯᠲᠠ ᠳᠤ | ᠤᠷᠤᠭᠰᠠᠨ ᠠᠮᠢᠲᠠᠨ ᠨᠡᠶᠢᠲᠡ 23 ᠵᠦᠢᠯ ᠪᠠᠶᠢᠵᠤ᠂ 7 ᠨᠢ ᠠᠷᠢᠶᠠᠳᠠᠨ ᠤ ᠲᠦᠷᠦᠯ᠂ 16 ᠨᠢ ᠵᠢᠭᠦᠷᠲᠡᠨ ᠤ ᠲᠦᠷᠦᠯ ᠪᠤᠯᠤᠨ᠎ᠠ᠃ | ᠠᠷᠢᠶᠠᠳᠠᠨ ᠵᠢᠭᠦᠷᠲᠡᠨ ᠠᠴᠠ ᠭᠠᠳᠠᠨ᠎ᠠ᠂ ᠤᠷᠠᠳ ᠨᠤᠲᠤᠭ ᠲᠤ ᠰᠤᠮᠤᠨ ᠴᠠᠭᠠᠨ᠂ ᠨᠤᠮᠤᠬᠠᠨ ᠪᠤᠷᠤ ᠭᠡᠭᠴᠢ ᠮᠤᠭᠠᠢ ᠶᠢᠨ ᠲᠦᠷᠦᠯ ᠵᠦᠢᠯ᠂ ᠮᠤᠭᠠᠢ ᠶᠢᠨ ᠭᠦᠷᠪᠡᠯ᠂ | ᠬᠤᠨᠢᠨ ᠬᠦᠷᠪᠡᠯ ᠤᠨ ᠵᠦᠢᠯ ᠲᠤᠰ ᠭᠠᠵᠠᠷ ᠤᠨ ᠬᠦᠷᠦᠰᠦ ᠰᠢᠷᠦᠢ ᠶᠢᠨ ᠣᠨᠴᠠᠯᠢᠭ ᠲᠤ ᠲᠤᠬᠢᠷᠠᠭᠰᠠᠨ ᠢᠶᠠᠷ ᠢᠶᠠᠨ ᠪᠠᠶᠢᠩᠭᠤ ᠬᠠᠷᠠᠭᠳᠠᠳᠠᠭ ᠪᠠᠶᠢᠨ᠎ᠠ᠃ | | | | ᠮᠣᠩᠭᠤᠯ ᠲᠡᠤᠬᠡ ᠰᠤᠶᠤᠯ ᠤᠨ ᠰᠤᠩᠭᠤᠳᠠᠭ ᠵᠣᠬᠢᠶᠠᠯ ᠤᠨ ᠬᠦᠮᠦᠷᠭᠡ᠂ | ᠵᠠᠩ ᠦᠢᠯᠡ ᠶᠢᠨ ᠴᠤᠪᠤᠷᠠᠯ ᠪᠢᠴᠢᠭ ︽ᠤᠷᠠᠳ ᠵᠠᠩ ᠦᠢᠯᠡ︾ ᠠᠴᠠ ᠪᠠᠭᠤᠯᠭᠠᠪᠠ | | | | |