ᠤᠷᠠᠳ ᠮᠣᠩᠭᠤᠯᠴᠣᠳ ᠢᠳᠡᠭᠡᠨ ᠤᠮᠳᠠᠭᠠᠨ ᠢ ᠵᠦᠪᠬᠡᠨ ᠠᠮᠢ ᠭᠤᠤᠯ ᠵᠢᠭᠤᠵᠤ᠂ ᠠᠮᠢᠲᠤ ᠶᠠᠪᠤᠬᠤ ᠶᠢᠨ ᠲᠦᠯᠦᠭᠡ ᠯᠡ ᠡᠳ᠋ᠯᠡᠳᠡᠭ ᠪᠢᠰᠢ᠂ ᠬᠠᠷᠢᠨ ᠦᠪᠡᠷ ᠤᠨ | ᠤᠯᠠᠮᠵᠢᠯᠠᠯᠲᠦ ᠵᠠᠩ ᠦᠢᠯᠡ ᠪᠠᠷ ᠬᠦᠨᠳᠦᠳᠭᠡᠨ ᠬᠦᠷᠲᠡᠵᠦ᠂ ᠦᠪᠡᠷ ᠤᠨ ᠬᠦᠨᠳᠦᠳᠭᠡᠯ ᠶᠤᠰᠤ᠂ ᠪᠡᠯᠭᠡᠳᠡᠯ ᠢᠷᠦᠭᠡᠯ᠂ ᠪᠡᠯᠡᠭ ᠰᠠᠯᠲᠠ ᠵᠡᠷᠭᠡ ᠰᠡᠳᠬᠢᠯᠭᠡ ᠶᠢ | ᠢᠯᠡᠳᠭᠡᠳᠡᠭ᠃ | ᠦᠨᠦᠴᠢᠨ ᠬᠠᠪᠢᠷᠭ᠎ᠠ ᠶᠢ ᠬᠡᠣᠬᠡᠳ ᠢᠳᠡᠵᠦ ᠪᠣᠯᠬᠤ ᠦᠭᠡᠢ᠂ ᠠᠬ᠎ᠠ ᠲᠡᠭᠦᠦ ᠦᠭᠡᠢ ᠭᠠᠭᠴᠠᠭᠠᠷ ᠪᠣᠯᠣᠨ᠎ᠠ ᠭᠡᠳᠡᠭ᠃ | ᠦᠨᠦᠴᠢᠨ ᠡᠯᠢᠭᠡ ᠢᠳᠡᠵᠦ ᠪᠣᠯᠬᠤ ᠦᠭᠡᠢ᠂ ᠦᠨᠦᠴᠢᠷᠡᠨᠡ ᠭᠡᠳᠡᠭ᠃ | ᠭᠡᠳᠡᠰᠦᠨ ᠤ ᠵᠠᠩᠭᠢᠳᠤᠭ᠎ᠠ ᠢᠳᠡᠪᠡᠯ ᠦᠭᠡ ᠪᠠᠷ ᠮᠣᠬᠤᠷᠳᠠᠨᠠ᠃ ᠨᠣᠶᠢᠷ ᠢᠳᠡᠪᠡᠯ ᠤᠨᠲᠠᠩᠬᠠᠢ ᠪᠣᠯᠣᠨ᠎ᠠ ᠭᠡᠳᠡᠭ᠂ ᠲᠡᠯᠢᠭᠦᠦ ᠢᠳᠡᠪᠡᠯ ᠬᠦᠬᠡᠷᠡᠨ᠎ᠡ᠂ ᠪᠠᠰᠠ | ᠪᠦᠭᠡᠰᠦᠳᠦᠨᠡ ᠭᠡᠳᠡᠭ᠃ | ᠳᠠᠯᠤ ᠶᠢ ᠰᠢᠳᠦ ᠪᠠᠷ ᠮᠦᠯᠵᠢᠵᠦ ᠪᠣᠯᠬᠤ ᠦᠭᠡᠢ᠂ ᠵᠠᠪᠠᠯ ᠬᠢᠳᠤᠭ᠎ᠠ ᠪᠠᠷ ᠮᠦᠯᠵᠢᠬᠦ ᠬᠡᠷᠡᠭᠲᠡᠢ᠂ ᠭᠡᠷ ᠤᠨ ᠡᠵᠡᠨ ᠠᠴᠠ ︽ᠳᠠᠯᠤ ᠶᠢ ᠲᠠᠶᠠᠭᠠᠷ ᠢᠶᠠᠨ︾ ᠭᠡᠵᠦ | ᠭᠡᠷ ᠤᠨ ᠪᠦᠭᠦᠳᠡ ᠬᠦᠮᠦᠰ ᠲᠤ ᠳᠠᠯᠤ ᠶᠢᠨ ᠬᠠᠭᠤᠳᠠᠰᠤ ᠲᠦᠭᠡᠭᠡᠳᠡᠭ᠃ | ᠨᠢᠳᠦ ᠶᠢ ᠨᠢ ᠤᠬᠤᠭᠰᠠᠨ ᠬᠤᠭᠤᠰᠤᠨ ᠲᠤᠯᠤᠭᠠᠢ ᠪᠠ ᠨᠦᠭᠡ ᠶᠢ ᠨᠢ ᠤᠬᠤᠭᠰᠠᠨ ᠰᠡᠭᠦᠵᠢ ᠶᠢ ᠭᠡᠷ ᠲᠤ ᠬᠤᠨᠤᠭᠤᠯᠵᠤ ᠪᠣᠯᠬᠤ ᠦᠭᠡᠢ᠂ ᠬᠡᠷᠪᠡ ᠵᠠᠪᠠᠯ | ᠬᠤᠨᠤᠭᠤᠯᠬᠤ ᠳᠤ ᠬᠦᠷᠪᠡᠯ ᠤᠬᠤᠷᠬᠠᠢ ᠪᠠ ᠨᠦᠬᠡ ᠶᠢ ᠨᠢ ᠴᠤᠬᠢᠵᠤ ᠲᠠᠰᠤᠯᠦᠨᠡ᠃ ᠡᠰᠡᠭᠦᠯ᠎ᠡ ᠤᠬᠤᠷᠬᠠᠢ ᠪᠠ ᠨᠦᠭᠡᠨ ᠳᠤ ᠨᠢ ᠶᠠᠭᠤᠮ᠎ᠠ ᠬᠢᠵᠦ ᠪᠦᠭᠯᠡᠨ᠎ᠡ᠃ | ᠪᠣᠭᠲᠤᠭᠤᠰᠤ ᠪᠣᠯ ᠬᠡᠤᠬᠡᠳ ᠤᠨ ᠬᠤᠪᠢ ᠮᠢᠬ᠎ᠠ᠂ ᠪᠤᠭᠲᠤᠭᠤᠰᠤ ᠶᠢᠨ ᠶᠠᠰᠤ ᠶᠢ ᠬᠠᠶᠠᠬᠤ ᠪᠤᠶᠤ ᠨᠤᠬᠠᠢ ᠳᠤ ᠦᠭᠴᠦ ᠪᠣᠯᠬᠤ ᠦᠭᠡᠢ᠂ ᠤᠷᠠᠳᠴᠤᠳ | ᠪᠣᠭᠲᠣᠭᠤᠰᠤ ᠶᠢᠨ ᠶᠠᠰᠤ ᠶᠢ ᠡᠷᠬᠢᠮᠯᠡᠨ ᠬᠤᠷᠢᠶᠠᠵᠤ᠂ ᠬᠠᠨ᠎ᠠ ᠶᠢᠨ ᠲᠤᠯᠤᠭᠠᠢ ᠪᠤᠶᠤ ᠣᠨᠢᠨ ᠳᠤ ᠬᠠᠪᠴᠢᠭᠤᠯᠵᠤ ᠬᠠᠳᠠᠭᠠᠯᠠᠳᠠᠭ᠃ | ᠬᠡᠤᠬᠡᠳ ᠲᠤ ᠬᠡᠯᠡ ᠢᠳᠡᠭᠦᠯᠳᠡᠭ ᠦᠭᠡᠢ᠂ ᠬᠡᠷᠡᠭᠦᠯᠴᠢ ᠪᠣᠯᠣᠨ᠎ᠠ ᠭᠡᠳᠡᠭ᠂ ᠤᠷᠠᠨ ᠬᠦᠮᠦᠨ ᠪᠤᠯᠤᠭ ᠭᠡᠵᠦ ᠤᠷᠠᠨ ᠲᠠᠩᠨᠠᠢ ᠢᠳᠡᠭᠦᠯᠳᠡᠭ᠃ | | ᠪᠠᠶᠠᠨ ᠨᠠᠭᠤᠷ ᠤᠨ ᠡᠳᠦᠷ ᠤᠨ ᠰᠣᠨᠢᠨ ᠤ ︽ᠳᠡᠯᠭᠡᠷ ᠬᠠᠩᠭᠠᠢ︾ ᠪᠤᠯᠤᠩ ᠠᠴᠠ ᠪᠠᠭᠤᠯᠭᠠᠪᠠ |