ᠠᠷᠢᠬᠢ
ᠨᠡᠶᠢᠲᠡᠯᠡᠭᠰᠡᠨ ᠴᠠᠭ᠄
2024/6/24
    ᠠᠷᠢᠬᠢ ᠶᠡᠷᠦ ᠨᠢ ᠬᠥᠮᠥᠨ ᠤ ᠪᠡᠶ᠎ᠡ ᠮᠠᠬᠠᠪᠤᠳ ᠢ ᠮᠠᠰᠢ ᠮᠠᠭᠤ ᠪᠠᠷ ᠨᠦᠯᠦᠬᠡᠯᠡᠳᠡᠭ᠃ ᠴᠢᠰᠤᠨ ᠳᠠᠷᠤᠯᠲᠠ ᠦᠨᠳᠦᠷᠵᠢᠬᠦ᠂ ᠡᠯᠢᠭᠡ ᠭᠡᠮᠲᠦᠬᠦ ᠵᠡᠷᠭᠡ ᠨᠢ ᠪᠦᠷ ᠠᠷᠢᠬᠢ ᠳᠠᠷᠠᠰᠦ ᠶᠡᠭᠡ ᠤᠤᠭᠤᠭᠰᠠᠨ ᠠᠴᠠ ᠪᠤᠯᠤᠬᠰᠠᠨ ᠡᠪᠡᠳᠴᠢᠨ ᠠᠷᠬᠠᠭ ᠪᠣᠯᠣᠨ᠎ᠠ᠃    ᠬᠠᠷᠢᠨ ᠰᠫᠢᠷᠲ  ᠨᠢ ᠶᠡᠭᠡ ᠲᠠᠷᠢᠬᠢᠨ ᠤ ᠠᠵᠢᠯᠯᠠᠭ᠎ᠠ ᠶᠢ ᠨᠡᠩ ᠴᠦ ᠮᠠᠭᠤ ᠪᠠᠷ ᠨᠦᠯᠦᠬᠡᠯᠡᠭᠳᠡᠭ ᠢ ᠲᠠ ᠮᠡᠳᠡᠬᠦ ᠤᠤ︖ ᠰᠤᠳᠤᠯᠭᠠᠨ ᠤ ᠨᠤᠲᠠᠯᠠᠯᠲᠠ ᠪᠠᠷ᠂ ᠡᠳᠦᠷ ᠲᠤ ᠭᠠᠭᠴᠠ ᠬᠤᠨᠳᠠᠭ᠎ᠠ ᠠᠷᠢᠬᠢ ᠤᠤᠭᠤᠭᠰᠠᠨ ᠴᠦ ᠶᠡᠭᠡ ᠲᠠᠷᠢᠬᠢ ᠠᠪᠴᠢᠵᠤ ᠮᠡᠳᠡᠨ᠎ᠡ᠃ ᠠᠷᠢᠬᠢ ᠶᠢ ᠬᠡᠳᠦᠢ ᠶᠡᠭᠡ ᠤᠤᠭᠤᠪᠠᠯ ᠲᠠᠷᠢᠬᠢᠨ ᠤ ᠡᠵᠡᠯᠡᠬᠦᠨ ᠤ ᠬᠤᠪᠢᠷᠠᠯᠲᠠ ᠶᠢ ᠳᠡᠳᠦᠢ ᠶᠡᠭᠡ ᠪᠠᠷ ᠨᠥᠯᠥᠭᠡᠯᠡᠬᠦ ᠪᠥᠭᠡᠳ ᠪᠠᠰᠠ ᠶᠡᠭᠡ ᠲᠠᠷᠢᠬᠢ ᠨᠢ ᠠᠪᠴᠢᠵᠤ ᠲᠦᠷᠭᠡᠨ ᠥᠲᠡᠯᠳᠡᠭ ᠪᠠᠶᠢᠨ᠎ᠠ᠃    ᠡᠬᠦᠨ ᠤ ᠡᠰᠡᠷᠭᠦ ᠲᠠᠷᠢᠬᠢ ᠪᠠᠨ ᠵᠠᠯᠠᠭᠤᠵᠢᠭᠤᠯᠵᠤ᠂ ᠥᠲᠡᠯᠬᠦ ᠠᠴᠠ ᠰᠡᠷᠭᠡᠶᠢᠯᠡᠶ᠎ᠡ ᠭᠡᠪᠡᠯ ᠡᠶᠢᠮᠦ ᠬᠡᠳᠦᠨ ᠲᠠᠯ᠎ᠠ ᠪᠠᠷ ᠠᠩᠬᠠᠷᠬᠤ ᠬᠡᠷᠡᠭᠳᠡᠢ᠃ ᠳᠠᠷᠣᠢ ᠨᠣᠭᠤᠭᠠᠨ ᠨᠠᠪᠴᠢᠲᠤ ᠨᠣᠭᠤᠭ᠎ᠠ ᠴᠠᠭ᠎ᠠ ᠶᠢ ᠢᠯᠡᠭᠦᠬᠡᠨ ᠢᠳᠡᠵᠦ᠂ ᠵᠢᠩ ᠢᠶᠠᠨ ᠪᠠᠷᠢᠵᠤ᠂ ᠦᠳᠡ ᠳᠤ ᠠᠮᠠᠷᠠᠵᠤ᠂ ᠪᠠᠶᠢᠩᠭᠤ ᠲᠠᠮᠢᠷ ᠤᠨ ᠬᠥᠳᠡᠯᠭᠡᠭᠡᠨ ᠬᠢᠵᠦ᠂ ᠨᠣᠮ ᠰᠣᠨᠢᠨ ᠰᠡᠳᠬᠦᠯ ᠢᠯᠡᠭᠦᠬᠡᠨ ᠤᠩᠰᠢᠬᠤ ᠬᠡᠷᠡᠭᠲᠡᠢ ᠪᠦᠬᠡᠳ ᠴᠢᠰᠤᠨ ᠰᠤᠳᠠᠯ ᠤᠨ ᠡᠪᠡᠳᠴᠢᠨ ᠢ ᠢᠳᠡᠪᠬᠢᠲᠡᠢ ᠰᠡᠷᠭᠡᠶᠢᠯᠡᠬᠦ ᠬᠡᠷᠡᠭᠲᠡᠢ᠃     
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ