ᠤᠷᠠᠳ ᠮᠣᠩᠭᠤᠯᠴᠣᠳ ᠤᠨ ᠮᠠᠯ ᠠᠵᠣ ᠠᠬᠤᠢ ᠶᠢᠨ ᠵᠠᠩ ᠦᠢᠯᠡ — ᠲᠦᠯ ᠲᠣᠰᠬᠤ ᠲᠤᠬᠠᠢ ᠶᠣᠰᠤᠨ
ᠨᠡᠶᠢᠲᠡᠯᠡᠭᠰᠡᠨ ᠴᠠᠭ᠄
2024/6/18
     ᠲᠦᠯ ᠲᠣᠰᠬᠤ ᠴᠠᠭ ᠬᠤᠭᠤᠴᠠᠭ᠎ᠠ᠄ ᠲᠠᠪᠤᠨ ᠬᠤᠰᠢᠭᠤ ᠮᠠᠯ ᠤᠨ ᠣᠷᠤᠭ᠎ᠠ ᠣᠷᠣᠬᠤ᠂ ᠬᠡᠭᠡᠯ  ᠠᠪᠬᠤ ᠴᠠᠭ ᠪᠣᠯᠣᠨ ᠲᠦᠯᠯᠡᠬᠦ ᠨᠢ ᠬᠤᠭᠤᠷᠤᠨᠳᠤ ᠪᠠᠨ ᠠᠳᠠᠯᠢ ᠦᠭᠡᠢ ᠪᠠᠶᠢᠳᠠᠭ᠃     ᠠᠳᠤᠭᠤ ︵ᠭᠡᠭᠦᠦ︶ ᠪᠣᠯ ᠬᠠᠭᠤᠴᠢᠨ ᠤᠯᠠᠷᠢᠯ ᠤᠨ ᠲᠦᠷᠪᠡ ᠠᠴᠠ ᠵᠢᠷᠭᠤᠭᠠᠨ ᠰᠠᠷ᠎ᠠ ᠳᠤ ᠣᠷᠤᠭ᠎ᠠ ᠣᠷᠤᠵᠤ ᠬᠡᠭᠡᠯ ᠠᠪᠤᠭᠠᠳ ᠲᠠᠷᠠᠭ᠎ᠠ ᠵᠢᠯ ᠤᠨ ᠬᠢ ᠨᠢ ᠬᠤᠶᠠᠷ ᠠᠴᠠ ᠲᠦᠷᠪᠡᠨ ᠰᠠᠷ᠎ᠠ ᠳᠤ ᠤᠨᠠᠭᠠᠯᠠᠳᠠᠭ᠂ ᠪᠠᠷᠤᠭ ᠶᠢᠰᠦ ᠠᠷᠪᠠᠨ ᠰᠠᠷ᠎ᠠ ᠪᠣᠯᠳᠠᠭ᠃     ᠦᠬᠡᠷ ︵ᠦᠨᠢᠶ᠎ᠡ︶ ᠪᠣᠯ ᠬᠠᠭᠤᠴᠢᠨ ᠤᠯᠠᠷᠢᠯ ᠤᠨ ᠵᠢᠷᠭᠤᠭ᠎ᠠ ᠲᠤᠯᠤᠭ᠎ᠠ ᠨᠠᠢᠮᠠᠨ ᠰᠠᠷ᠎ᠠ ᠳᠤ ᠣᠷᠤᠭ᠎ᠠ ᠣᠷᠤᠵᠤ  ᠬᠡᠭᠡᠯᠳᠦᠭᠡᠳ᠂ ᠲᠠᠷᠠᠭ᠎ᠠ ᠵᠢᠯ ᠤᠨ ᠬᠢ ᠨᠢ ᠭᠤᠷᠪᠠ ᠲᠦᠷᠪᠡ ᠲᠠᠪᠤᠨ ᠰᠠᠷ᠎ᠠ ᠳᠤ ᠲᠤᠭᠤᠯᠯᠠᠳᠠᠭ᠃     ᠲᠡᠮᠡᠭᠡ ︵ᠢᠩᠭᠡ︶ ᠪᠣᠯ ᠡᠪᠦᠯ ᠤᠨ ᠶᠢᠰᠦ ᠡᠬᠢᠯᠡᠬᠦ ᠠᠷᠪᠠᠨ ᠨᠢᠭᠡ ᠠᠷᠪᠠᠨ ᠬᠤᠶᠠᠷ ᠰᠠᠷ᠎ᠠ ᠳᠤ ᠣᠷᠤᠭ᠎ᠠ ᠣᠷᠤᠵᠤ ᠬᠡᠭᠡᠯᠳᠦᠭᠡᠳ᠂ ᠲᠠᠷᠠᠭ᠎ᠠ ᠵᠢᠯ ᠤᠨ ᠬᠢ ᠨᠢ ᠠᠷᠪᠠᠨ ᠨᠢᠭᠡ ᠠᠷᠪᠠᠨ  ᠬᠤᠶᠠᠳᠤᠭᠠᠷ ᠰᠠᠷ᠎ᠠ ᠳᠤ ᠪᠤᠳᠤᠭᠤᠯᠠᠳᠠᠭ᠃ ᠡᠶᠢᠮᠦ ᠠᠴᠠ ᠲᠡᠮᠡᠭᠡ ᠶᠢ ᠠᠷᠪᠠᠨ ᠬᠤᠶᠠᠷ ᠰᠠᠷ᠎ᠠ ᠲᠠᠢ ᠭᠡᠳᠡᠭ᠃     ᠬᠤᠨᠢ ᠨᠢᠭᠡ ᠵᠢᠯ ᠳᠤ ᠬᠤᠶᠠᠷ ᠤᠳᠠᠭ᠎ᠠ ᠭᠡᠭᠡᠯ ᠠᠪᠴᠤ ᠪᠣᠯᠬᠤ ᠪᠤᠯᠪᠠᠴᠤ᠂ ᠮᠠᠯ ᠤᠨ ᠴᠢᠨᠠᠷ ᠴᠢᠨᠰᠠᠭ᠎ᠠ ᠶᠢ ᠬᠠᠮᠠᠭᠠᠯᠠᠬᠤ ᠶᠢᠨ ᠲᠦᠯᠦᠭᠡ ᠵᠢᠯ ᠳᠤ ᠨᠢᠭᠡ ᠯᠡ ᠤᠳᠠᠭ᠎ᠠ ᠬᠤᠷᠠᠭᠠᠯᠠᠳᠠᠭ᠃ ᠡᠷᠲᠡ ᠦᠶ᠎ᠡ ᠳᠤ ᠬᠤᠨᠢᠨ ᠳᠤ ᠲᠤᠬᠢᠷᠠᠭᠰᠠᠨ ᠲᠤᠯᠠᠭᠠᠨ ᠬᠤᠷᠤᠭ᠎ᠠ ᠰᠠᠷᠠᠪᠴᠢ ᠭᠡᠵᠦ ᠪᠠᠶᠢᠭᠰᠠᠨ ᠦᠭᠡᠢ᠂ ᠦᠷᠭᠦᠯᠵᠢ ᠨᠡᠭᠦᠳᠡᠯᠯᠡᠨ ᠮᠠᠯᠵᠢᠵᠤ ᠪᠠᠶᠢᠭᠰᠠᠨ ᠪᠣᠯᠬᠤᠷ ᠬᠤᠨᠢ ᠪᠠᠨ ᠲᠡᠭᠷᠢ ᠲᠤᠯᠠᠭᠠᠨ ᠪᠣᠯᠵᠤ ᠡᠪᠡᠰᠦ ᠨᠤᠭᠤᠭ᠎ᠠ ᠭᠠᠷᠬᠤ ᠴᠠᠭ ᠲᠤ ᠵᠤᠬᠢᠴᠠᠭᠤᠯᠤᠨ ᠬᠠᠭᠤᠴᠢᠨ ᠤᠯᠠᠷᠢᠯ ᠤᠨ ᠶᠢᠰᠦ᠂ ᠠᠷᠪᠠᠨ ᠰᠠᠷ᠎ᠠ ᠳᠤ ᠬᠦᠭ ᠳᠠᠯᠪᠢᠨ᠂ ᠬᠤᠴᠠ ᠪᠠᠨ ᠨᠡᠶᠢᠯᠡᠭᠦᠯᠳᠡᠭ᠂ ᠰᠡᠭᠦᠯᠳᠡᠵᠦ ᠢᠷᠡᠭᠡᠳ ᠤᠷᠠᠳᠴᠣᠳ ᠨᠠᠢᠮᠠᠨ ᠰᠠᠷ᠎ᠠ ᠶᠢᠨ ᠠᠷᠪᠠᠨ ᠲᠠᠪᠤᠨ ᠳᠤ ᠬᠤᠴᠠ ᠨᠡᠶᠢᠯᠡᠭᠦᠯᠵᠦ᠂ ᠡᠪᠦᠯ ᠤᠨ ᠲᠦᠯ᠂ ᠡᠷᠲᠡ ᠶᠢᠨ ᠲᠦᠯ ᠲᠤᠰᠬᠤ ᠪᠤᠯᠤᠭᠰᠠᠨ ᠶᠤᠮ᠃  ᠬᠤᠨᠢᠨ ᠤ  ᠵᠢᠷᠭᠤᠭᠠᠨ ᠰᠠᠷ᠎ᠠ ᠲᠠᠢ ᠭᠡᠳᠡᠭ᠃     ᠢᠮᠠᠭ᠎ᠠ ᠴᠦ ᠮᠥᠨ ᠬᠤᠨᠢ ᠲᠠᠢ ᠠᠳᠠᠯᠢ ᠵᠢᠯ ᠳᠤ ᠬᠤᠶᠠᠷᠲᠠ ᠲᠦᠯ ᠠᠪᠴᠤ ᠪᠤᠯᠳᠠᠭ᠃ ᠨᠠᠮᠤᠷ ᠤᠨ ᠰᠡᠭᠦᠯ ᠰᠠᠷ᠎ᠠ ᠶᠢᠨ ᠦᠶ᠎ᠡ ᠪᠠᠷ ᠤᠬᠤᠨ᠎ᠠ ᠳᠠᠯᠪᠢᠪᠠᠯ ᠲᠠᠷᠠᠭ᠎ᠠ ᠵᠢᠯ ᠤᠨ ᠬᠠᠪᠤᠷ ᠤᠨ ᠬᠤᠶᠠᠷ ᠭᠤᠷᠪᠠᠨ ᠰᠠᠷ᠎ᠠ ᠶᠢᠨ ᠦᠶ᠎ᠡ ᠪᠠᠷ ᠢᠰᠢᠭᠡᠯᠡᠵᠦ ᠲᠦᠯ ᠲᠤᠰᠳᠠᠭ ᠶᠤᠮ᠃ ᠢᠮᠠᠭ᠎ᠠ ᠪᠠᠷᠤᠭ ᠲᠠᠪᠤᠨ ᠰᠠᠷ᠎ᠠ ᠪᠤᠯᠤᠭᠠᠳ ᠲᠦᠯᠯᠡᠳᠡᠭ᠃     ᠲᠦᠯ ᠲᠤᠰᠬᠤ ᠶᠢᠨ ᠡᠮᠦᠨᠡᠬᠢ ᠪᠡᠯᠡᠳᠭᠡᠯ᠄ ᠲᠦᠯ ᠲᠤᠰᠬᠤ ᠪᠠ ᠲᠦᠯ ᠤᠨ ᠠᠷᠠᠴᠢᠯᠠᠭ᠎ᠠ ᠮᠠᠯᠯᠠᠭ᠎ᠠ ᠶᠢᠨ ᠠᠵᠢᠯ ᠢ ᠰᠠᠶᠢᠨ ᠬᠢᠬᠦ ᠡᠰᠡᠬᠦ ᠪᠣᠯ ᠮᠠᠯ ᠠᠵᠤ ᠠᠬᠤᠢ  ᠶᠢᠨ ᠲᠤᠭᠳᠠᠭᠤᠨ᠂ ᠴᠢᠨᠠᠷ ᠰᠠᠶᠢᠲᠠᠢ᠂ ᠦᠨᠢᠷ ᠦᠰᠬᠦ ᠳᠤ ᠰᠢᠭᠤᠳ ᠬᠤᠯᠪᠣᠭᠳᠠᠬᠤ ᠴᠢᠬᠤᠯᠠ ᠠᠵᠢᠯ ᠶᠤᠮ᠃  ᠲᠦᠯ ᠲᠤᠰᠬᠤ ᠠᠵᠢᠯ ᠳᠤ ᠬᠠᠰᠢᠶ᠎ᠠ ᠰᠠᠷᠠᠪᠴᠢ᠂ ᠲᠦᠯ ᠤᠨ ᠤᠭᠤᠲᠠ᠂ ᠲᠦᠯ ᠲᠡᠵᠢᠭᠡᠬᠦ ᠰᠦ᠂ ᠵᠤᠲᠠᠩ᠂ ᠤᠭᠵᠢ᠂ ᠡᠪᠡᠰᠦ ᠪᠤᠷᠳᠤᠭ᠎ᠠ ᠵᠡᠷᠭᠡ ᠶᠢ ᠪᠡᠯᠡᠳᠭᠡᠬᠦ ᠬᠡᠷᠡᠭᠲᠡᠢ ᠪᠠᠶᠢᠳᠠᠭ᠃     ᠲᠦᠯ ᠤᠨ ᠬᠠᠰᠢᠶ᠎ᠠ ᠰᠠᠷᠠᠪᠴᠢ ᠶᠢ ᠲᠤᠯᠠᠭᠠᠯᠠᠨ ᠴᠡᠪᠡᠷᠯᠡᠵᠦ᠂ ᠨᠠᠷᠠ ᠰᠠᠯᠬᠢ ᠬᠠᠩᠭᠠᠮᠵᠢᠲᠠᠢ ᠨᠡᠪᠲᠡᠷᠡᠬᠦ ᠶᠢ ᠠᠩᠬᠠᠷᠴᠤ᠂ ᠲᠦᠯᠯᠠᠬᠦ ᠮᠠᠯ ᠤᠨ ᠴᠠᠭ ᠬᠤᠭᠤᠴᠠᠭ᠎ᠠ ᠪᠠ ᠪᠡᠶ᠎ᠡ ᠶᠢᠨ ᠰᠢᠨᠵᠢ ᠳᠡᠮᠳᠡᠭ ᠢ ᠰᠠᠶᠢᠳᠤᠷ ᠰᠢᠨᠵᠢᠨ ᠠᠩᠬᠠᠷᠴᠤ᠂ ᠡᠬᠡ ᠮᠠᠯ ᠤᠨ ᠠᠷᠠᠴᠢᠯᠠᠭ᠎ᠠ ᠮᠠᠯᠯᠠᠭ᠎ᠠ ᠪᠠᠨ ᠴᠢᠩᠭᠠᠳᠬᠠᠵᠤ᠂ ᠬᠦᠯᠳᠡᠵᠦ ᠰᠦᠢᠳᠬᠦ ᠠᠴᠠ ᠬᠢᠴᠢᠶᠡᠨ᠂ ᠬᠤᠳᠠ ᠬᠠᠰᠢᠶ᠎ᠠ ᠪᠠᠨ ᠰᠠᠶᠢᠨ ᠡᠷᠭᠢᠵᠦ ᠪᠠᠶᠢᠬᠤ ᠬᠡᠷᠡᠭᠲᠡᠢ᠃                                                ᠮᠣᠩᠭᠤᠯ ᠲᠡᠤᠬᠡ ᠰᠤᠶᠤᠯ ᠤᠨ ᠰᠤᠩᠭᠤᠳᠠᠭ ᠵᠣᠬᠢᠶᠠᠯ ᠤᠨ ᠬᠦᠮᠦᠷᠭᠡ ᠂  ᠵᠠᠩ                                                ᠦᠢᠯᠡ ᠶᠢᠨ ᠴᠣᠪᠤᠷᠠᠯ ᠪᠢᠴᠢᠭ ︽ᠤᠷᠠᠳ ᠵᠠᠩ ᠦᠢᠯᠡ︾ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ