ᠤᠷᠠᠳᠴᠤᠳ᠂ ᠬᠠᠪᠤᠷ ᠪᠠ ᠵᠤᠨ ᠤ ᠡᠬᠢᠨ ᠢᠶᠠᠷ ᠲᠦᠯ ᠮᠠᠯ ᠴᠠᠭᠠᠯᠠᠬᠤ ᠦᠶ᠎ᠡ ᠳᠤ ᠪᠠᠨ ᠡᠭᠦᠯᠳᠡᠷ ᠮᠠᠯ ᠢ ᠰᠣᠩᠭᠤᠳᠠᠭ᠃ | ᠠᠵᠢᠷᠭ᠎ᠠ ᠰᠣᠩᠭᠤᠬᠤ ᠠᠷᠭ᠎ᠠ᠄ ᠤᠷᠠᠳᠴᠤᠳ᠂ ᠦᠷᠢᠶ᠎ᠡ ᠬᠠᠭᠠᠷᠢᠬᠤ ᠳᠤ ᠪᠠᠨ ᠰᠢᠳᠦᠯᠡᠩ ᠬᠢᠵᠠᠭᠠᠯᠠᠩ ᠨᠠᠰᠤᠨ ᠤ ᠦᠷᠢᠶ᠎ᠡ ᠲᠤᠳᠤᠷ᠎ᠠ ᠠᠴᠠ ᠠᠵᠢᠷᠭ᠎ᠠ ᠪᠠᠨ | ᠰᠤᠩᠭᠤᠵᠤ ᠲᠠᠯᠪᠢᠳᠠᠭ᠃ ᠠᠵᠢᠷᠭ᠎ᠠ ᠰᠤᠩᠭᠤᠬᠤ ᠳᠤ ᠪᠠᠨ ᠪᠡᠶ᠎ᠡ ᠪᠠᠷ ᠲᠡᠭᠰᠢ᠂ ᠲᠤᠮᠤ᠂ ᠬᠠᠮᠠᠷ ᠬᠤᠩᠰᠢᠶᠠᠷ ᠨᠢ ᠪᠦᠳᠦᠭᠦᠨ᠂ ᠬᠠᠮᠠᠷ ᠤᠨ ᠨᠥᠬᠡ ᠨᠢ ᠲᠤᠭᠤᠢ | ᠪᠦᠳᠦᠬᠦᠨ᠂ ᠠᠮᠠᠨ ᠬᠦᠵᠦᠭᠦᠦ ᠨᠢ ᠪᠦᠳᠦᠬᠦᠨ᠂ ᠬᠦᠵᠦᠬᠦᠦ ᠨᠢ ᠪᠤᠭᠤᠨᠢ᠂ ᠪᠡᠶ᠎ᠡ ᠪᠠᠭᠠᠲᠠᠢ ᠶᠢ ᠬᠦᠴᠦ ᠲᠠᠮᠢᠷ ᠰᠠᠶᠢᠨ᠂ ᠳᠠᠭᠠᠭᠠᠴᠠ ᠲᠡᠰᠪᠦᠷᠢᠲᠡᠢ ᠭᠡᠵᠦ ᠬᠡᠯᠡᠳᠡᠭ᠃ | ᠲᠠᠰᠢᠶ᠎ᠠ ᠦᠷᠭᠡᠨ ᠠᠳᠤᠭᠤ ᠶᠢ ᠬᠡᠪ ᠶᠠᠩᠵᠤ ᠲᠠᠢ᠂ ᠮᠢᠬ᠎ᠠ ᠰᠠᠶᠢᠨ ᠰᠠᠭᠤᠳᠠᠭ ᠭᠡᠵᠦ ᠦᠵᠡᠳᠡᠭ᠃ ᠨᠢᠷᠤᠭᠤ ᠨᠢ ᠦᠯᠦ ᠮᠡᠳᠡᠭ ᠪᠦᠭᠳᠦᠷ ᠰᠢᠭ ᠠᠳᠤᠭᠤ ᠶᠢ | ᠳᠠᠭᠠᠭᠠᠴᠠ ᠰᠠᠶᠢᠨ᠂ ᠬᠦᠴᠦ ᠴᠢᠳᠠᠯ ᠲᠠᠢ ᠭᠡᠨ᠎ᠡ᠃ ᠲᠤᠭᠤᠷᠠᠢ ᠪᠦᠳᠦᠬᠦᠨ ᠠᠳᠤᠭᠤ ᠶᠢ ᠬᠦᠴᠦ ᠲᠠᠮᠢᠷ ᠰᠠᠶᠢᠲᠠᠢ᠂ ᠰᠢᠯᠪᠢ ᠨᠢ ᠪᠤᠭᠤᠨᠢ ᠪᠦᠭᠡᠳ ᠦᠯᠦ ᠮᠡᠳᠡᠭ | ᠨᠠᠷᠢᠪᠳᠤᠷ ᠠᠳᠤᠭᠤ ᠶᠢ ᠬᠤᠷᠳᠤᠨ ᠪᠦᠭᠡᠳ ᠪᠦᠬᠡᠯᠢᠭ ᠲᠡᠰᠪᠦᠷᠢᠲᠡᠢ ᠭᠡᠳᠡᠭ᠃ ᠬᠤᠶᠢᠲᠤ ᠬᠦᠯ ᠤᠨ ᠪᠣᠷᠪᠢ ᠪᠣᠰᠤᠭ᠎ᠠ ᠲᠡᠭᠰᠢᠬᠡᠨ ᠠᠳᠤᠭᠤ ᠶᠢ ᠴᠢᠳᠠᠯ ᠰᠠᠶᠢᠲᠠᠢ᠂ | ᠲᠡᠰᠪᠦᠷᠢᠲᠡᠢ ᠭᠡᠳᠡᠭ᠃ ᠳᠡᠯ ᠰᠡᠬᠦᠯ ᠨᠢ ᠦᠳᠭᠡᠨ ᠠᠳᠤᠭᠤ ᠶᠢ ᠴᠢᠰᠤᠨ ᠤᠳᠤᠮ ᠢᠶᠠᠷ ᠰᠠᠶᠢᠨ᠂ ᠪᠡᠶ᠎ᠡ ᠶᠢᠨ ᠲᠤᠳᠤᠷ ᠡᠷᠬᠡᠲᠡᠨ ᠨᠢ ᠡᠷᠡᠭᠦᠯ ᠴᠢᠭᠢᠷᠠᠭ᠂ ᠰᠦᠷ | ᠵᠢᠪᠬᠤᠭ᠎ᠠ ᠲᠠᠢ᠂ ᠬᠤᠷᠢᠶᠠᠯᠠᠭ᠎ᠠ ᠰᠠᠶᠢᠲᠠᠢ ᠭᠡᠨ᠎ᠡ᠃ ᠣᠩᠭᠠᠰᠤ ᠨᠢ ᠨᠢᠭᠲᠠ ᠦᠳᠭᠡᠨ᠂ ᠠᠷᠠᠰᠤ ᠨᠢ ᠵᠣᠵᠠᠭᠠᠪᠳᠤᠷ ᠠᠳᠤᠭᠤ ᠶᠢ ᠬᠦᠢᠲᠡᠨ ᠬᠠᠯᠠᠭᠤᠨ ᠳᠤ | ᠲᠡᠰᠪᠦᠷᠢᠲᠡᠢ᠂ ᠠᠭᠤᠷ ᠠᠮᠢᠰᠬᠤᠯ ᠳᠤ ᠵᠣᠬᠢᠴᠠᠬᠤ ᠪᠠᠷ ᠰᠠᠶᠢᠨ ᠭᠡᠵᠦ ᠦᠵᠡᠳᠡᠭ᠃ ᠨᠢᠲᠦ ᠨᠢ ᠪᠦᠳᠦᠬᠦᠨ ᠮᠦᠷᠲᠡᠭᠡᠨ ᠭᠡᠷᠡᠯ ᠲᠠᠢ᠂ ᠴᠡᠭᠡᠵᠢ ᠨᠢ ᠦᠯᠦ ᠮᠡᠳᠡᠭ | ᠲᠤᠤᠷ᠎ᠠ ᠠᠳᠤᠭᠤ ᠶᠢ ᠶᠠᠩᠵᠤ ᠲᠠᠢ᠂ ᠴᠢᠳᠠᠯ ᠬᠦᠴᠦ ᠰᠠᠶᠢᠨ᠂ ᠮᠢᠬ᠎ᠠ ᠰᠠᠶᠢᠨ ᠰᠠᠭᠤᠳᠠᠭ ᠭᠡᠳᠡᠭ᠃ ᠳᠠᠩ ᠪᠠᠷᠠᠭᠠᠨ ᠵᠢᠰᠤᠮ᠂ ᠦᠭᠡᠷ᠎ᠡ ᠪᠠᠷ ᠬᠡᠯᠡᠪᠡᠯ ᠬᠦᠷᠡᠩ᠂ | ᠬᠠᠷ᠎ᠠ᠂ ᠬᠡᠬᠡᠷ ᠠᠳᠤᠭᠤ ᠶᠢ ᠵᠤᠳ ᠭᠠᠮᠰᠢᠭ ᠲᠤ ᠲᠡᠰᠪᠦᠷᠢᠲᠡᠢ ᠭᠡᠵᠦ ᠰᠢᠨᠵᠢᠭᠡᠳ᠂ ᠨᠡᠩ ᠢᠯᠠᠩᠭᠤᠶ᠎ᠠ ᠬᠦᠷᠡᠩ ᠵᠢᠰᠤᠮ ᠤᠨ ᠠᠳᠤᠭᠤ ᠶᠢ ᠴᠢᠭᠢᠭ ᠨᠣᠶᠢᠲᠠᠨ ᠳᠤ | ᠲᠡᠰᠪᠦᠷᠢᠲᠡᠢ ᠭᠡᠵᠦ ᠨᠣᠲᠠᠯᠠᠨ ᠰᠤᠩᠭᠤᠳᠠᠭ᠃ | ᠠᠵᠢᠷᠭ᠎ᠠ ᠶᠢ ᠤᠷᠠᠳ ᠨᠤᠲᠤᠭ ᠤᠨ ᠠᠭᠤᠷ ᠠᠮᠢᠰᠬᠤᠯ᠂ ᠡᠪᠡᠰᠦ ᠤᠷᠭᠤᠮᠠᠯ ᠤᠨ ᠣᠷᠭᠤᠴᠠ ᠪᠠ ᠲᠦᠷᠦᠯ ᠵᠦᠢᠯ ᠳᠤ ᠪᠠᠨ ᠵᠤᠬᠢᠴᠠᠭᠤᠯᠵᠤ᠂ ᠬᠠᠷᠢ ᠣᠷᠤᠨ ᠤ | ᠪᠣᠰᠤᠳ ᠤᠨ ᠠᠳᠤᠭᠤᠨ ᠰᠦᠷᠦᠭ ᠠᠴᠠ ᠰᠤᠩᠭᠤᠬᠤ ᠨᠢ ᠣᠳᠤᠮ ᠤᠭᠰᠠᠭ᠎ᠠ ᠶᠢ ᠰᠠᠶᠢᠵᠢᠷᠠᠭᠤᠯᠵᠤ ᠶᠠᠰᠤ ᠴᠢᠨᠠᠷ ᠢ ᠳᠡᠭᠡᠭᠰᠢᠯᠡᠬᠦᠯᠬᠦ ᠳᠤ ᠲᠤᠩ ᠴᠢᠬᠤᠯᠠ | ᠦᠢᠯᠡᠳᠦᠯ ᠲᠠᠢ ᠶᠤᠮ᠃ | ᠪᠤᠬ᠎ᠠ ᠰᠤᠩᠭᠤᠬᠤ ᠠᠷᠭ᠎ᠠ᠄ ᠪᠤᠬ᠎ᠠ ᠶᠢ ᠰᠤᠩᠭᠤᠬᠤ ᠳᠤ ᠪᠠᠨ ᠦᠷᠭᠡᠨ ᠲᠤᠬᠤ ᠲᠠᠢ᠂ ᠴᠡᠭᠡᠵᠢ ᠦᠷᠭᠡᠨ᠂ ᠡᠪᠴᠢᠭᠦᠦ ᠲᠤᠷᠤᠭᠰᠢ᠂ ᠬᠦᠵᠦᠬᠦᠦ ᠪᠦᠳᠦᠬᠦᠨ᠂ | ᠨᠢᠷᠤᠭᠤ ᠲᠡᠭᠰᠢ ᠤᠷᠳᠤ᠂ ᠪᠦᠳᠦᠭᠦᠨ ᠭᠤᠶ᠎ᠠ ᠪᠠᠷ ᠢᠶᠠᠨ ᠪᠦᠭᠡᠷᠡᠩᠬᠡᠢ᠂ ᠬᠠᠳᠠᠭᠤ ᠵᠠᠩᠭᠢᠷᠠᠭᠰᠠᠨ ᠪᠤᠯᠴᠢᠩ ᠲᠠᠢ᠂ ᠡᠮᠦᠨ᠎ᠡ ᠬᠦᠯ ᠨᠢ ᠡᠭᠴᠡ᠂ ᠬᠤᠶᠢᠲᠦ ᠪᠣᠷᠪᠢ ᠨᠢ | ᠠᠭᠤᠵᠢᠮ᠂ ᠲᠠᠬᠢᠮ ᠨᠢ ᠣᠶᠢᠷ᠎ᠠ ᠪᠢᠰᠢ᠂ ᠰᠡᠭᠦᠯ ᠤᠷᠳᠤ᠂ ᠦᠰᠦ ᠰᠠᠬᠤᠯᠢᠭ᠂ ᠠᠷᠠᠰᠤ ᠵᠤᠵᠠᠭᠠᠨ᠂ ᠡᠪᠡᠷ ᠪᠤᠭᠤᠨᠢ ᠪᠠᠬᠢᠮ᠂ ᠵᠢᠰᠦ ᠨᠢ ᠤᠯᠠᠭᠠᠨ᠂ ᠬᠦᠷᠡᠩ᠂ ᠬᠠᠯᠢᠭᠤᠨ᠂ | ᠬᠠᠷ᠎ᠠ ᠵᠡᠷᠭᠡ ᠵᠢᠰᠦᠮ ᠪᠦᠬᠦᠢ ᠨᠦᠬᠦᠴᠡᠯ ᠢ ᠦᠨᠳᠦᠰᠦᠯᠡᠵᠦ ᠰᠤᠩᠭᠤᠨ ᠳᠠᠯᠪᠢᠳᠠᠭ ᠵᠠᠩᠰᠢᠯ ᠲᠠᠢ᠃ | ᠪᠤᠤᠷ᠎ᠠ ᠰᠤᠩᠭᠤᠬᠤ ᠠᠷᠭ᠎ᠠ᠄ ᠪᠤᠤᠷ᠎ᠠ ᠰᠤᠩᠭᠤᠬᠤ ᠳᠤ ᠪᠠᠨ ᠪᠡᠶ᠎ᠡ ᠪᠦᠳᠦᠬᠦᠨ᠂ ᠮᠠᠩᠨᠠᠢ ᠦᠨᠳᠦᠷ᠂ ᠨᠢᠳᠦ ᠨᠢ ᠪᠦᠯᠳᠡᠭᠡᠷ ᠠᠭᠤᠵᠢᠮ᠂ ᠵᠦᠭᠡᠯᠡᠨ ᠬᠠᠷᠠᠴᠠ ᠲᠠᠢ᠂ | ᠰᠢᠳᠦ ᠰᠠᠶᠢᠲᠠᠢ᠂ ᠪᠦᠬᠦ ᠨᠢ ᠠᠭᠤᠵᠢᠮ ᠵᠠᠢ ᠲᠠᠢ᠂ ᠴᠡᠭᠡᠵᠢ ᠦᠷᠭᠡᠨ᠂ ᠡᠮᠦᠨ᠎ᠡ ᠬᠤᠶᠠᠷ ᠬᠦᠯ ᠨᠢ ᠬᠤᠭᠤᠷᠤᠨᠳᠤ ᠪᠠᠨ ᠵᠠᠢ ᠲᠠᠢ᠂ ᠬᠤᠨᠳᠤᠯᠠᠢ ᠰᠠᠶᠢᠲᠠᠢ᠂ ᠪᠦᠳᠦᠬᠦᠨ | ᠲᠤᠮᠤ ᠭᠤᠶ᠎ᠠ ᠲᠠᠢ᠂ ᠲᠠᠪᠠᠭ ᠠᠴᠠ ᠡᠬᠢᠯᠡᠨ ᠬᠠᠷ᠎ᠠ ᠮᠢᠬ᠎ᠠ ᠶᠡᠭᠡ ᠲᠠᠢ᠂ ᠬᠢᠯᠭᠠᠰᠤᠨ ᠡᠪᠦᠳᠦᠭ ᠵᠣᠭᠳᠤᠷ ᠰᠠᠶᠢᠨ᠂ ᠤᠷᠳᠤ ᠦᠳᠭᠡᠨ ᠨᠤᠯᠤᠤᠷ ᠦᠰᠦ ᠲᠠᠢ᠂ ᠪᠠᠭᠠᠬᠠᠨ | ᠴᠣᠮᠪᠤᠭᠤᠷ ᠲᠠᠪᠠᠭ ᠲᠠᠢ᠂ ᠵᠤᠵᠠᠭᠠᠨ ᠬᠠᠷ᠎ᠠ ᠤᠯᠠ ᠲᠠᠢ᠂ ᠰᠢᠯᠪᠢ ᠪᠤᠭᠤᠨᠢ ᠪᠦᠳᠦᠬᠦᠨ᠂ ᠬᠢᠮᠦᠰᠦ ᠬᠤᠮᠪᠤᠭᠤᠷ᠂ ᠰᠡᠬᠦᠯ ᠤᠷᠳᠤ᠂ ᠪᠣᠷᠪᠢ ᠪᠠᠷ ᠲᠡᠨᠢᠭᠦᠨ᠂ ᠵᠠᠩ ᠠᠪᠤᠷᠢ | ᠨᠣᠮᠣᠬᠠᠨ ᠲᠠᠶᠢᠯᠤᠭ ᠲᠡᠮᠡᠭᠡ ᠶᠢ ᠰᠤᠩᠭᠤᠳᠠᠭ᠃ | ᠬᠤᠴᠠ ᠰᠤᠩᠭᠤᠬᠤ ᠠᠷᠭ᠎ᠠ᠄ ᠬᠤᠴᠠ ᠰᠤᠩᠭᠤᠬᠤ ᠳᠤ ᠪᠠᠨ ᠪᠡᠶ᠎ᠡ ᠪᠠᠷ ᠪᠦᠳᠦᠬᠦᠨ᠂ ᠪᠦᠭᠡᠷᠡᠩᠬᠡᠢ ᠲᠡᠭᠰᠢ ᠪᠡᠶ᠎ᠡ ᠲᠠᠢ᠂ ᠳᠠᠯᠤ ᠬᠤᠨᠳᠤᠯᠠᠢ ᠪᠠᠷ ᠦᠷᠭᠡᠨ᠂ ᠬᠦᠯ ᠨᠢ | ᠡᠭᠴᠡ ᠴᠢᠭᠢᠷᠠᠭ᠂ ᠬᠦᠵᠦᠬᠦᠦ ᠪᠤᠭᠤᠨᠢ ᠪᠦᠬᠡᠳ ᠪᠦᠳᠦᠬᠦᠨ᠂ ᠴᠡᠭᠡᠵᠢ ᠦᠷᠭᠡᠨ᠂ ᠡᠪᠴᠢᠬᠦᠦ ᠲᠤᠷᠤᠭᠰᠢ᠂ ᠠᠷᠠᠰᠤ ᠵᠦᠭᠡᠯᠡᠨ᠂ ᠰᠡᠬᠦᠯ ᠨᠢ ᠲᠤᠭᠤᠷᠢᠭ ᠲᠤᠮᠤ᠂ ᠪᠣᠷᠪᠢ | ᠨᠢ ᠲᠡᠨᠢᠭᠦᠨ᠂ ᠰᠢᠳᠦ ᠰᠠᠶᠢᠲᠠᠢ᠂ ᠡᠪᠡᠷ ᠨᠢ ᠲᠤᠬᠢᠷᠠᠮᠵᠢᠲᠠᠢ᠂ ᠦᠰᠦ ᠨᠣᠣᠰᠣ ᠨᠢ ᠪᠣᠷᠵᠢᠬᠢᠷ ᠰᠠᠬᠤᠯᠢᠭ ᠪᠦᠭᠡᠳ ᠲᠣᠷᠭᠠᠮᠰᠤᠭ ᠨᠠᠷᠢᠨ᠂ ᠵᠢᠰᠦ ᠨᠢ ᠳᠡᠮᠳᠡᠭ ᠦᠭᠡᠢ᠂ | ᠤᠯᠠᠭᠠᠨ ᠪᠤᠶᠤ ᠬᠠᠷ᠎ᠠ ᠲᠤᠯᠤᠭᠠᠢ ᠲᠠᠢ᠂ ᠡᠰᠡᠬᠦᠯ᠎ᠡ ᠶᠠᠮᠠᠷᠴᠤ ᠳᠡᠮᠳᠡᠭ ᠦᠭᠡᠢ ᠴᠡᠩᠭᠡᠷ ᠵᠢᠰᠦᠮ ᠤᠨ ᠬᠤᠷᠠᠭ᠎ᠠ ᠶᠢ ᠰᠤᠩᠭᠤᠳᠠᠭ᠃ | ᠤᠬᠤᠨ᠎ᠠ ᠰᠤᠩᠭᠤᠬᠤ ᠠᠷᠭ᠎ᠠ᠄ ᠤᠬᠤᠨ᠎ᠠ ᠰᠣᠩᠭᠤᠬᠤ ᠳᠤ ᠪᠠᠨ ᠲᠡᠭᠰᠢ ᠪᠦᠳᠦᠬᠦᠨ ᠪᠡᠶ᠎ᠡ ᠲᠠᠢ ᠂ ᠴᠡᠭᠡᠵᠢ ᠦᠷᠭᠡᠨ᠂ ᠡᠪᠴᠢᠬᠦᠦ ᠲᠤᠷᠤᠭᠰᠢ᠂ ᠬᠦᠵᠦᠬᠦᠦ | ᠪᠦᠳᠦᠬᠦᠨ᠂ ᠬᠦᠯ ᠨᠢ ᠡᠭᠴᠡ᠂ ᠰᠢᠯᠪᠢ ᠪᠦᠳᠦᠬᠦᠨ᠂ ᠪᠤᠯᠴᠢᠩ ᠰᠠᠶᠢᠲᠠᠢ᠂ ᠬᠤᠨᠳᠤᠯᠠᠢ ᠦᠷᠭᠡᠨ᠂ ᠰᠢᠲᠦ ᠰᠠᠶᠢᠲᠠᠢ᠂ ᠴᠡᠭᠡᠵᠢᠳᠡᠭᠦᠦ ᠭᠡᠳᠡᠰᠦ ᠲᠠᠢ᠂ ᠦᠰᠦ ᠨᠤᠯᠤᠤᠷ | ᠡᠯᠪᠡᠭ᠂ ᠡᠪᠡᠷ ᠨᠢ ᠪᠠᠭ᠎ᠠ ᠮᠢᠬᠠᠯᠢᠭ᠂ ᠰᠦ ᠰᠠᠶᠢᠲᠠᠢ ᠣᠳᠤᠮ ᠤᠨ ᠢᠰᠢᠬᠡ ᠶᠢ ᠰᠤᠩᠭᠤᠵᠤ ᠲᠠᠯᠪᠢᠨ᠎ᠠ᠃ | ᠮᠠᠯ ᠤᠨ ᠡᠭᠦᠯᠳᠡᠷ ᠢ ᠰᠤᠩᠭᠤᠨ ᠳᠠᠯᠪᠢᠬᠤ ᠳᠤ ᠪᠠᠨ ᠬᠠᠮᠤᠭ ᠤᠨ ᠠᠩᠬᠠᠳᠤᠭᠠᠷ ᠲᠦᠯ ᠢᠶᠠᠷ ᠳᠠᠯᠪᠢᠬᠤ ᠦᠭᠡᠢ᠂ ᠬᠠᠷᠢᠨ ᠲᠤᠮᠳᠠ ᠨᠠᠰᠤᠨ ᠤ ᠮᠠᠯ ᠤᠨ ᠲᠦᠯ | ᠢᠶᠠᠷ ᠰᠤᠩᠭᠤᠨ ᠳᠠᠯᠪᠢᠬᠤ ᠶᠢ ᠴᠢᠬᠤᠯᠠᠴᠢᠯᠠᠳᠠᠭ᠃ ᠤᠷᠠᠳᠴᠤᠳ ᠦᠷ᠎ᠡ ᠶᠢᠨ ᠮᠠᠯ ᠢᠶᠠᠨ ᠲᠤᠩ ᠶᠡᠭᠡ ᠬᠦᠨᠳᠦᠳᠭᠡᠨ ᠳᠡᠭᠡᠳᠦᠯᠡᠳᠡᠭ᠃ ᠦᠷ᠎ᠡ ᠶᠢᠨ ᠮᠠᠯ ᠦᠬᠦᠵᠦ | ᠬᠤᠬᠢᠷᠠᠪᠠᠯ ᠠᠷᠠᠰᠤ ᠶᠢ ᠨᠢ ᠦᠪᠴᠢᠬᠦ ᠦᠭᠡᠢ ᠪᠠᠷ ᠠᠭᠤᠯᠠ ᠶᠢᠨ ᠤᠷᠤᠢ ᠪᠤᠶᠤ ᠦᠨᠳᠦᠷ ᠭᠠᠵᠠᠷ ᠲᠤᠯᠤᠭᠠᠢ ᠶᠢ ᠨᠢ ᠬᠤᠶᠢᠲᠤ ᠵᠦᠭ ᠲᠤ ᠬᠠᠨᠳᠤᠭᠤᠯᠤᠨ ᠵᠠᠰᠠᠵᠤ | ᠳᠠᠯᠪᠢᠳᠠᠭ᠃ | | ᠮᠣᠩᠭᠤᠯ ᠲᠡᠤᠬᠡ ᠰᠤᠶᠤᠯ ᠤᠨ ᠰᠤᠩᠭᠤᠳᠠᠭ ᠵᠣᠬᠢᠶᠠᠯ ᠤᠨ ᠬᠦᠮᠦᠷᠭᠡ᠂ ᠵᠠᠩ | ᠦᠢᠯᠡ ᠶᠢᠨ ᠴᠣᠪᠤᠷᠠᠯ ᠪᠢᠴᠢᠭ ︽ᠤᠷᠠᠳ ᠵᠠᠩ ᠦᠢᠯᠡ︾ ᠠᠴᠠ ᠪᠠᠭᠤᠯᠭᠠᠪᠠ | | | | | |