ᠤᠷᠠᠳᠴᠤᠳ ᠤᠨ ᠣᠪᠣᠭ ᠤᠭᠰᠠᠭ᠎ᠠ
ᠨᠡᠶᠢᠲᠡᠯᠡᠭᠰᠡᠨ ᠴᠠᠭ᠄
2024/6/11
    ︽ ᠤᠭ ᠨᠤᠳᠤᠭ ᠬᠦᠯᠦᠨ ᠪᠣᠶᠢᠷ᠂ ᠣᠳᠤᠮ ᠰᠠᠳᠤᠨ ᠪᠣᠷᠬᠠᠢ ᠵᠠᠰᠠᠭ ᠭᠤᠷᠪᠠᠨ ᠭᠦᠩ᠂ ᠲᠦᠪ ᠨᠤᠳᠤᠭ ᠬᠦᠯᠦᠨ ᠪᠣᠶᠢᠷ ᠬᠦᠪᠲᠦ ᠨᠠᠢᠮᠠᠨᠴᠠᠭᠠᠨ᠂ ᠲᠦᠷᠦᠯ ᠤᠭᠰᠠᠭ᠎ᠠ ᠬᠠᠪᠤᠳᠤ ᠬᠠᠰᠠᠷ ᠤᠨ ᠦᠷᠡᠰ︾ ᠭᠡᠵᠦ ᠤᠷᠠᠳ ᠬᠤᠷᠢᠮ ᠤᠨ ︽ᠡᠭᠦᠳᠡᠨ ᠳᠠᠷᠤᠯᠭ᠎ᠠ︾ ᠳᠤ ᠡᠶᠢᠮᠦᠷᠬᠦ ᠰᠢᠯᠦᠭ ᠬᠠᠮᠤᠭ ᠲᠡᠷᠢᠬᠦᠨ ᠳᠤ ᠢᠯᠡᠷᠡᠳᠡᠭ᠃ ᠤᠷᠠᠳ ᠤᠨ ᠭᠤᠷᠪᠠᠨ ᠬᠤᠰᠢᠭᠤᠨ ᠤ ᠵᠠᠰᠠᠭ ᠭᠦᠩ ᠨᠤᠶᠠᠳ ᠨᠢ ᠬᠡᠳᠦᠢ ᠪᠠᠷ ᠠᠬ᠎ᠠ ᠳᠡᠭᠦᠦ ᠶᠢᠨ ᠬᠠᠷᠢᠴᠠᠭ᠎ᠠ ᠲᠠᠢ ᠪᠠᠶᠢᠭᠰᠠᠨ ᠪᠤᠯᠪᠠᠴᠤ᠂ ᠲᠡᠳᠡ ᠬᠤᠭᠤᠷᠤᠨᠳᠤ  ᠪᠠᠨ ᠪᠦᠷ ᠦᠶᠡᠯᠢᠳ᠂ ᠬᠠᠶᠠᠯᠢᠳ ᠠᠬ᠎ᠠ ᠳᠡᠭᠦᠦ ᠪᠣᠯᠬᠤ ᠶᠤᠮ᠃ ᠤᠷᠠᠳ ᠤᠨ ᠡᠮᠦᠨᠡᠳᠦ  ᠭᠦᠩ ᠤᠨ ᠬᠤᠰᠢᠭᠤᠨ ᠤ ᠠᠩᠬ᠎ᠠ ᠲᠦᠷᠦᠭᠦᠦ ᠵᠠᠰᠠᠭ ᠭᠦᠩ ᠨᠤᠶᠠᠨ ᠦᠪᠠᠨ ᠪᠣᠯ ᠪᠣᠷᠬᠠᠢ ᠶᠢᠨ ᠠᠬᠠᠮᠠᠳ ᠬᠦᠪᠡᠬᠦᠨ ᠯᠠᠶᠢᠭ᠎ᠠ ᠶᠢᠨ ᠠᠴᠢᠨᠴᠢᠷ ᠪᠦᠭᠡᠳ ᠬᠠᠪᠤᠲᠤ ᠬᠠᠰᠠᠷ ᠤᠨ ᠠᠷᠪᠠ ᠶᠢᠰᠦᠳᠦᠭᠡᠷ ᠦᠶ᠎ᠡ ᠶᠢᠨ ᠦᠷ᠎ᠡ ᠦᠨᠳᠦᠰᠦ ᠨᠢ ᠪᠣᠯᠬᠤ ᠶᠤᠮ᠃ ᠤᠷᠠᠳ ᠤᠨ  ᠲᠤᠮᠳᠠᠳᠤ  ᠭᠦᠩ ᠤᠨ ᠬᠤᠰᠢᠭᠤᠨ ᠤ ᠠᠩᠬ᠎ᠠ ᠲᠦᠷᠦᠭᠦᠦ ᠵᠠᠰᠠᠭ ᠭᠦᠩ ᠨᠤᠶᠠᠨ ᠭᠦᠩ ᠪᠠᠭᠪᠠᠭ᠋ᠠᠢ ᠪᠣᠯ ᠪᠤᠷᠬᠠᠢ ᠶᠢᠨ ᠲᠠᠪᠤᠳᠤᠭᠠᠷ ᠬᠦᠪᠡᠭᠦᠨ ᠪᠠᠷᠰᠢ ᠶᠢᠨ ᠵᠢᠴᠢᠨᠴᠢᠷ ᠪᠦᠭᠡᠳ ᠬᠠᠪᠤᠲᠤ ᠬᠠᠰᠠᠷ ᠤᠨ ᠬᠤᠷᠢᠳᠤᠭᠠᠷ ᠦᠶ᠎ᠡ ᠶᠢᠨ ᠦᠷ᠎ᠡ ᠦᠨᠳᠦᠰᠦ ᠨᠢ ᠪᠣᠯᠬᠤ ᠶᠤᠮ᠃ ᠡᠶᠢᠮᠦ ᠠᠴᠠ ᠤᠷᠠᠳ ᠠᠶᠢᠮᠠᠭ ᠪᠣᠯ ᠬᠠᠪᠤᠲᠤ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠠᠴᠢ ᠭᠤᠷᠪᠠᠨ  ᠭᠡᠵᠢᠭᠡᠲᠦ ᠪᠤᠷᠬᠠᠢ ᠵᠠᠰᠠᠭ ᠨᠤᠶᠠᠨ ᠤ ᠬᠤᠶᠢᠴᠢ ᠦᠶ᠎ᠡ ᠶᠢᠨ ᠣᠪᠤᠭ ᠤᠭᠰᠠᠭ᠎ᠠ ᠪᠣᠯᠬᠤ ᠨᠢ ᠲᠤᠳᠤᠷᠬᠠᠢ ᠪᠠᠶᠢᠨ᠎ᠠ᠃    ᠤᠷᠠᠳ ᠠᠶᠢᠮᠠᠭ ᠢᠩᠬᠢᠵᠦ ᠦᠰᠦᠭᠰᠡᠨ ᠪᠤᠳᠤᠭ ᠬᠦᠯᠦᠨ ᠪᠣᠶᠢᠷ᠂ ᠤᠤᠭᠤᠭᠰᠠᠨ ᠤᠰᠤ ᠡᠷᠭᠦᠨ᠎ᠡ ᠬᠦᠯᠦᠨ ᠨᠠᠭᠤᠷ ᠠᠴᠠ ᠪᠠᠨ ᠰᠠᠯᠤᠭᠠᠳ᠂ ᠤᠷᠲᠤ ᠵᠠᠮ ᠤᠨ ᠬᠠᠳᠠᠭᠤ ᠪᠡᠷᠬᠡ ᠠᠶᠠᠨ ᠢ ᠲᠤᠭᠤᠯᠵᠤ ᠣᠳᠤ ᠨᠢᠭᠡᠨᠲᠡ 360 ᠵᠢᠯ ᠤᠨ ᠨᠢᠭᠤᠷ ᠦᠵᠡᠵᠦ ᠪᠠᠶᠢᠨ᠎ᠠ᠃ ᠲᠡᠭᠡᠭᠡᠳ ᠲᠡᠲᠡ 1649 ᠣᠨ ᠤ ᠣᠷᠴᠢᠮ ᠢᠶᠠᠷ ᠬᠠᠲᠤᠨ ᠭᠤᠣᠯ ᠤᠨ ᠬᠤᠶᠢᠲᠤ ᠬᠦᠪᠡᠭᠡ᠂ ᠮᠤᠨᠠ ᠠᠭᠤᠯᠠ ᠶᠢᠨ ᠠᠷᠤ ᠦᠪᠦᠷ ᠤᠨ ᠦᠩ ᠰᠢᠮᠡᠯᠢᠭ ᠦᠷᠭᠡᠨ ᠠᠭᠤᠳᠠᠮ ᠨᠤᠲᠤᠭ ᠲᠤ ᠬᠦᠷᠴᠦ ᠢᠷᠡᠭᠡᠳ᠂ ᠬᠠᠨ ᠮᠤᠨᠠ ᠶᠢᠨ ᠡᠪᠦᠷ ᠲᠤ ᠪᠦᠪᠠᠶᠢᠯᠡᠭᠳᠡᠵᠦ᠂ ᠬᠠᠳᠤᠨ ᠭᠤᠣᠯ ᠤᠨ ᠤᠮᠳᠠ ᠰᠢᠮ᠎ᠡ ᠪᠠᠷ ᠲᠦᠯᠦᠵᠢᠭᠡᠳ᠂ ᠦᠷ᠎ᠡ ᠬᠡᠤᠬᠡᠳ ᠢᠶᠠᠨ ᠦᠰᠭᠡᠵᠦ᠂ ᠦᠨᠳᠦᠰᠦ ᠤᠭᠰᠠᠭ᠎ᠠ ᠪᠠᠨ ᠵᠠᠯᠭᠠᠮᠵᠢᠯᠠᠵᠤ ᠤᠷᠤᠭ᠎ᠠ ᠪᠣᠰᠬᠠᠭ᠎ᠠ ᠤᠨ ᠰᠠᠷ᠎ᠠ ᠶᠢ ᠡᠯᠡᠭᠡᠵᠦ ᠡᠳᠦᠭᠡ ᠳᠤ ᠬᠦᠷᠴᠠᠢ᠃                                                                                    ᠮᠤᠩᠭᠤᠯ  ᠲᠡᠤᠬᠡ  ᠰᠤᠶᠤᠯ  ᠤᠨ  ᠰᠤᠩᠭᠤᠳᠠᠭ  ᠵᠤᠬᠢᠶᠠᠯ  ᠤᠨ ᠬᠦᠮᠦᠷᠭᠡ᠂                                               ᠵᠠᠩ ᠦᠢᠯᠡ ᠶᠢᠨ ᠴᠤᠪᠤᠷᠠᠯ ︽ᠤᠷᠠᠳ ᠵᠠᠩ ᠦᠢᠯᠡ︾ ᠠᠴᠠ ᠪᠠᠭᠤᠯᠭᠠᠪᠠ
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ