ᠰᠦᠨ ᠤ ᠦᠨᠢᠶᠡᠨ ᠤ ᠡᠭᠦᠯᠳᠡᠷ ᠪᠠ ᠪᠡᠶ᠎ᠡ ᠪᠠᠶᠢᠳᠠᠯ ᠤᠨ ᠤᠨᠴᠠᠯᠢᠭ | ᠲᠠᠯ᠎ᠠ ᠨᠤᠲᠤᠭ ᠤᠨ ᠤᠯᠠᠭᠠᠨ ᠦᠬᠡᠷ | ᠲᠤᠰ ᠡᠭᠦᠯᠳᠡᠷ ᠤᠨ ᠦᠬᠡᠷ ᠪᠣᠯ ᠰᠦ ᠮᠢᠬᠠᠨ ᠤ ᠬᠤᠣᠰ ᠬᠡᠷᠡᠭᠯᠡᠭᠦᠨᠲᠦ ᠡᠭᠦᠯᠳᠡᠷ ᠤᠨ ᠦᠬᠡᠷ ᠪᠣᠯᠣᠨ᠎ᠠ᠃ ᠭᠤᠣᠯᠳᠠᠭᠤ ᠦᠪᠦᠷ ᠮᠣᠩᠭᠤᠯ᠂ ᠭᠢᠷᠢᠨ᠂ | ᠯᠢᠶᠤᠤᠨᠢᠩ᠂ ᠾᠧᠪᠧᠢ ᠵᠡᠷᠭᠡ ᠮᠣᠵᠢ ᠦᠪᠡᠷᠲᠡᠭᠡᠨ ᠵᠠᠰᠠᠬᠤ ᠤᠷᠤᠨ ᠳᠤ ᠲᠠᠷᠬᠠᠵᠤ ᠪᠣᠢ᠃ ᠲᠡᠷᠡ ᠪᠣᠯ ᠮᠠᠨ ᠤ ᠤᠷᠤᠨ ᠤ ᠮᠣᠩᠭᠤᠯ ᠦᠬᠡᠷ ᠢ ᠤᠬᠤᠷ ᠡᠪᠡᠷᠲᠦ | ᠦᠬᠡᠷ ᠲᠠᠢ ᠡᠷᠯᠢᠰᠡᠵᠢᠭᠦᠯᠦᠭᠡᠳ ᠪᠤᠶᠢᠵᠢᠭᠤᠯᠤᠨ ᠭᠠᠷᠭᠠᠭᠰᠠᠨ ᠰᠦᠨ ᠮᠢᠬᠠᠨ ᠤ ᠬᠤᠤᠰ ᠬᠡᠷᠡᠭᠯᠡᠭᠦᠨᠲᠦ ᠡᠭᠦᠯᠳᠡᠷ ᠤᠨ ᠦᠬᠡᠷ ᠮᠦᠨ᠃ 1973 ᠤᠨ ᠳᠤ | ᠲᠡᠭᠦᠨ ᠢ ᠲᠠᠯ᠎ᠠ ᠨᠤᠲᠤᠭ ᠤᠨ ᠤᠯᠠᠭᠠᠨ ᠦᠬᠡᠷ ᠭᠡᠵᠦ ᠵᠢᠩᠬᠢᠨᠢ ᠪᠠᠷ ᠨᠡᠷᠡᠶᠢᠳᠪᠡ᠃ | ᠲᠠᠯ᠎ᠠ ᠨᠤᠲᠤᠭ ᠤᠨ ᠤᠯᠠᠭᠠᠨ ᠦᠬᠡᠷ ᠤᠨ ᠦᠩᠭᠡ ᠵᠢᠰᠦᠮ ᠤᠨ ᠤᠨᠴᠠᠯᠢᠭ ᠨᠢ ᠭᠡᠪᠡᠯ᠂ ᠲᠤᠯᠤᠭᠠᠢ ᠨᠢ ᠴᠡᠪᠡᠷ ᠭᠤᠸᠠᠯᠢᠭ᠂ ᠪᠡᠶ᠎ᠡ ᠶᠢᠨ ᠶᠡᠭᠡ ᠪᠠᠭ᠎ᠠ ᠨᠢ | ᠲᠡᠩᠴᠡᠭᠦᠷᠢᠲᠡᠢ᠂ ᠡᠪᠡᠷ ᠨᠢ ᠨᠠᠷᠢᠨ ᠮᠦᠷᠲᠡᠭᠡᠨ ᠤᠬᠤᠷ᠂ ᠬᠦᠵᠦᠭᠦᠦ ᠳᠠᠯᠤ ᠶᠢᠨ ᠬᠡᠰᠡᠭ ᠤᠨ ᠤᠶᠠᠯᠳᠤᠯ ᠨᠢ ᠲᠡᠩᠴᠡᠭᠦᠬᠡᠨ᠂ ᠪᠦᠭᠰᠡᠨ ᠪᠡᠶ᠎ᠡ ᠨᠢ ᠦᠷᠭᠡᠨ ᠲᠡᠭᠰᠢ᠂ | ᠴᠡᠭᠡᠵᠢ ᠨᠢ ᠦᠷᠭᠡᠨ ᠪᠦᠭᠡᠳ ᠭᠦᠨ᠂ ᠳᠦᠷᠪᠡᠨ ᠮᠦᠴᠢ ᠨᠢ ᠲᠡᠭᠰᠢ᠂ ᠪᠦᠬᠦ ᠪᠡᠶ᠎ᠡ ᠶᠢᠨ ᠪᠦᠲᠦᠴᠡ ᠨᠢ ᠵᠢᠭᠲᠡ ᠲᠡᠩᠴᠡᠭᠦᠬᠡᠨ᠂ ᠪᠣᠯᠴᠢᠩ ᠨᠢ ᠳᠦᠭᠦᠷᠡᠩ | ᠪᠠᠶᠢᠳᠠᠭ᠃ ᠵᠢᠰᠦᠮ ᠨᠢ ᠤᠯᠠᠩᠬᠢ ᠨᠢ ᠤᠯᠠᠭᠠᠨ᠂ ᠪᠠᠰᠠ ᠴᠦᠬᠡᠨ ᠲᠤᠭᠠᠨ ᠤ ᠬᠠᠷ᠎ᠠ ᠪᠣᠶᠣ ᠪᠤᠰᠤᠳ ᠬᠤᠯᠢᠮᠠᠭ ᠵᠢᠰᠦᠮ ᠲᠠᠢ ᠴᠤ ᠪᠠᠶᠢᠳᠠᠭ᠃ | ᠡᠨᠡ ᠬᠦ ᠡᠭᠦᠯᠳᠡᠷ ᠤᠨ ᠦᠨᠢᠶᠡᠨ ᠤ ᠰᠦ ᠱᠦᠭᠦᠷᠡᠯ ᠤᠨ ᠬᠤᠭᠤᠴᠠᠭ᠎ᠠ ᠨᠢ ᠬᠠᠮᠤᠭ ᠣᠯᠠᠨ ᠳᠠᠭᠠᠨ 200 ᠭᠠᠷᠣᠢ ᠡᠳᠦᠷ ᠪᠠᠶᠢᠵᠤ᠂ ᠭᠤᠷᠪᠠᠳᠡᠬᠢ ᠦᠶ᠎ᠡ ᠶᠢᠨ | ᠦᠨᠢᠶᠡᠨ ᠤ ᠵᠢᠯ ᠤᠨ ᠳᠤᠮᠳᠠᠴᠢ ᠰᠦᠨ ᠤ ᠭᠠᠷᠤᠯᠲᠠ ᠨᠢ 1155 ᠺᠢᠯᠦᠭᠷᠡᠮ᠂ ᠰᠦᠨ ᠤ ᠲᠤᠰᠤᠯᠢᠭ ᠤᠨ ᠬᠡᠮᠵᠢᠶ᠎ᠡ ᠨᠢ 3.73% ᠳᠤ ᠬᠦᠷᠳᠡᠭ᠃ ᠴᠡᠪᠡᠷ | ᠮᠢᠬᠠᠨ ᠤ ᠨᠤᠷᠮ᠎ᠠ ᠨᠢ ᠶᠡᠷᠦ ᠳᠡᠭᠡᠨ 50% ᠤᠷᠴᠢᠮ ᠪᠠᠶᠢᠳᠠᠭ᠃ | ᠲᠠᠯ᠎ᠠ ᠨᠤᠲᠤᠭ ᠤᠨ ᠣᠯᠠᠭᠠᠨ ᠦᠬᠡᠷ ᠤᠨ ᠵᠤᠬᠢᠴᠠᠬᠤ ᠴᠢᠨᠠᠷ ᠨᠢ ᠴᠢᠩᠭ᠎ᠠ᠂ ᠪᠦᠳᠦᠭᠦᠯᠢᠭ ᠡᠪᠡᠰᠦ ᠪᠤᠷᠳᠤᠭ᠎ᠠ ᠭᠤᠯᠤᠬᠤ ᠦᠭᠡᠢ᠂ ᠡᠩ ᠤᠨ ᠠᠷᠠᠴᠢᠯᠠᠭ᠎ᠠ | ᠲᠡᠵᠢᠭᠡᠯᠭᠡ ᠳᠤ ᠮᠠᠰᠢ ᠳᠠᠭᠠᠭᠠᠴᠠᠲᠠᠢ ᠶᠣᠮ᠃ ᠭᠡᠪᠡᠴᠦ ᠵᠣ ᠨᠢᠷᠤᠭᠤ ᠨᠢ ᠲᠡᠶᠢᠮᠦ ᠲᠡᠭᠰᠢ ᠠᠰᠬᠠᠨ ᠪᠢᠰᠢ ᠪᠦᠭᠡᠳ ᠬᠦᠬᠦᠨ ᠤ ᠡᠮᠦᠨ᠎ᠡ ᠬᠤᠶᠢᠨᠠᠬᠢ ᠶᠡᠭᠡ ᠪᠠᠭ᠎ᠠ ᠨᠢ | ᠲᠡᠩᠴᠡᠭᠦᠷᠢ ᠦᠭᠡᠢ ᠶᠣᠮ᠃ | | ᠴᠧᠨ ᠪᠠᠭᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ ᠤᠨ ᠨᠠᠶᠢᠷᠠᠭᠤᠯᠤᠨ ᠵᠤᠬᠢᠶᠠᠭᠰᠠᠨ ︽ᠰᠦᠨ ᠤ | ᠦᠨᠢᠶᠡᠨ ᠤ ᠠᠷᠠᠴᠢᠯᠠᠭ᠎ᠠ ᠲᠡᠵᠢᠭᠡᠯᠭᠡ ᠶᠢᠨ ᠠᠷᠭ᠎ᠠ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃ | |