ᠰᠦᠨ ᠤ ᠦᠨᠢᠶᠡᠨ ᠤ ᠡᠭᠦᠯᠳᠡᠷ — ᠰᠧᠢᠰ ᠤᠨ ᠬᠦᠷᠡᠩ ᠦᠬᠡᠷ
ᠨᠡᠶᠢᠲᠡᠯᠡᠭᠰᠡᠨ ᠴᠠᠭ᠄
2024/5/6
    ᠰᠦᠨ ᠤ ᠦᠨᠢᠶᠡᠨ ᠤ ᠡᠭᠦᠯᠳᠡᠷ ᠪᠠ ᠪᠡᠶ᠎ᠡ ᠪᠠᠶᠢᠳᠠᠯ ᠤᠨ ᠤᠨᠴᠠᠯᠢᠭ       ᠰᠧᠢᠰ ᠤᠨ ᠬᠦᠷᠡᠩ ᠦᠬᠡᠷ    ᠮᠢᠬ᠎ᠠ ᠬᠦᠯᠦᠰᠢᠨ ᠤ ᠬᠠᠮᠲᠤᠷᠠᠮᠠᠯ ᠬᠡᠷᠡᠭᠯᠡᠭᠦᠨᠲᠦ ᠡᠭᠦᠯᠳᠡᠷ ᠤᠨ ᠦᠬᠡᠷ ᠪᠠᠶᠢᠵᠠᠢ᠂ ᠵᠠᠷᠢᠮ ᠭᠠᠵᠠᠷ ᠤᠷᠤᠨ ᠨᠢ ᠬᠡᠷᠡᠭᠴᠡᠭᠡ ᠪᠠᠨ ᠦᠨᠳᠦᠰᠦᠯᠡᠨ ᠰᠦᠨ ᠬᠡᠷᠡᠭᠯᠡᠭᠦᠨᠲᠦ ᠲᠡᠰᠢ ᠬᠦᠭᠵᠢᠭᠦᠯᠦᠭᠰᠡᠨ ᠪᠠᠶᠢᠨ᠎ᠠ᠃     ᠰᠧᠢᠰ ᠤᠨ ᠬᠦᠷᠡᠩ ᠦᠬᠡᠷ ᠪᠣᠯ ᠰᠧᠢᠰ ᠣᠯᠣᠰ ᠤᠨ ᠠᠯᠫᠰ ᠤᠨ ᠡᠮᠦᠨᠡᠲᠦ ᠬᠡᠰᠡᠭ ᠤᠨ ᠠᠭᠤᠯᠠᠷᠬᠠᠭ ᠣᠷᠣᠨ ᠠᠴᠠ ᠤᠭ ᠭᠠᠷᠤᠯ ᠲᠠᠢ ᠶᠤᠮ᠃ ᠰᠧᠢᠰ ᠤᠨ ᠬᠦᠷᠡᠩ ᠦᠬᠡᠷ ᠤᠨ ᠦᠩᠭᠡ ᠵᠢᠰᠦᠮ ᠤᠨ ᠤᠨᠴᠠᠯᠢᠭ ᠨᠢ ᠭᠡᠪᠡᠯ᠂ ᠲᠤᠯᠤᠭᠠᠢ ᠨᠢ ᠲᠤᠮᠤ ᠪᠦᠳᠦᠭᠦᠨ᠂ ᠮᠠᠩᠨᠠᠢ ᠨᠢ ᠪᠠᠭ᠎ᠠ ᠬᠦᠩᠬᠦᠷ᠂ ᠬᠤᠶᠠᠷ ᠨᠢᠳᠦ ᠨᠢ ᠪᠦᠯᠲᠡᠭᠡᠷ ᠪᠦᠭᠡᠳ ᠡᠪᠡᠷ ᠲᠠᠢ᠃ ᠭᠦᠢᠬᠡᠨ ᠬᠦᠷᠡᠩ᠂ ᠪᠣᠷᠣ ᠬᠦᠷᠡᠩ ᠪᠣᠶᠣ ᠭᠦᠨ ᠬᠦᠷᠡᠩ ᠵᠢᠰᠦᠮ ᠲᠠᠢ᠃ ᠶᠡᠷᠦ ᠳᠡᠭᠡᠨ ᠠᠮᠠ ᠤᠷᠴᠢᠮ ᠨᠢ ᠴᠠᠭᠠᠨ ᠪᠠᠶᠢᠵᠤ᠂ ᠲᠤᠭᠤᠷᠠᠢ᠂ ᠡᠪᠡᠷ ᠤᠨ ᠦᠵᠦᠭᠦᠷ ᠵᠢᠴᠢ ᠰᠡᠭᠦᠯ ᠤᠨ ᠦᠵᠦᠭᠦᠷ ᠨᠢ ᠴᠦᠮ ᠬᠠᠷ᠎ᠠ ᠦᠩᠭᠡᠲᠡᠢ ᠶᠣᠮ᠃     ᠰᠦ ᠱᠦᠭᠦᠷᠡᠯ ᠤᠨ ᠬᠤᠭᠤᠴᠠᠭᠠᠨ ᠳᠠᠬᠢ ᠰᠦᠨ ᠤ ᠭᠠᠷᠤᠯᠲᠠ ᠨᠢ 3500~4000 ᠺᠢᠯᠦᠭᠷᠡᠮ᠂ ᠰᠦᠨ ᠤ ᠲᠤᠰᠤᠯᠢᠭ ᠤᠨ ᠨᠤᠷᠮ᠎ᠠ ᠨᠢ 4% ᠪᠣᠯᠣᠨ᠎ᠠ᠃     ᠪᠤᠬᠠᠨ ᠤ ᠪᠡᠶ᠎ᠡ ᠶᠢᠨ ᠬᠦᠨᠳᠦ ᠨᠢ 900~1100 ᠺᠢᠯᠦᠭᠷᠡᠮ ᠪᠠᠶᠢᠵᠤ᠂ ᠦᠨᠢᠶᠡᠨ ᠤ ᠬᠢᠨᠢ 500~550 ᠺᠢᠯᠦᠭᠷᠡᠮ ᠪᠠᠶᠢᠳᠠᠭ᠃ ᠨᠢᠲᠤᠯᠤᠯᠲᠠ ᠶᠢᠨ ᠨᠤᠷᠮ᠎ᠠ ᠨᠢ 50%~60% ᠳᠤ ᠬᠦᠷᠳᠡᠭ᠃     ᠰᠧᠢᠰ ᠤᠨ ᠬᠦᠷᠡᠩ ᠦᠬᠡᠷ ᠤᠨ ᠪᠡᠶ᠎ᠡ ᠨᠢ ᠲᠤᠮᠤ ᠪᠦᠭᠡᠳ ᠪᠦᠬᠡᠯᠢᠭ᠂ ᠵᠠᠩ ᠠᠭᠠᠯᠢ ᠨᠢ ᠨᠤᠮᠤᠬᠠᠨ᠂ ᠡᠩ ᠤᠨ ᠠᠷᠠᠴᠢᠯᠠᠭ᠎ᠠ ᠲᠡᠵᠢᠭᠡᠯᠭᠡ ᠳᠤ ᠳᠠᠭᠠᠭᠠᠴᠠᠲᠠᠢ ᠪᠦᠭᠡᠳ ᠦᠷᠡᠵᠢᠬᠦ ᠴᠢᠳᠠᠪᠤᠷᠢ ᠨᠢ ᠴᠢᠩᠭ᠎ᠠ ᠪᠠᠶᠢᠳᠠᠭ᠃ ᠭᠡᠪᠡᠴᠦ ᠪᠡᠯᠭᠡ ᠪᠣᠯᠪᠠᠰᠤᠷᠠᠬᠤ ᠨᠢ ᠨᠡᠯᠢᠶᠡᠳ ᠤᠷᠤᠢ ᠪᠦᠭᠡᠳ ᠦᠬᠢᠨ ᠪᠢᠷᠠᠭᠤ ᠨᠢ 24~28 ᠰᠠᠷ᠎ᠠ ᠪᠣᠯᠪᠠᠯ ᠰᠠᠶ᠋ᠢ ᠲᠡᠭᠦᠨ ᠢ ᠬᠡᠭᠡᠯᠳᠦᠭᠦᠯᠵᠦ ᠪᠤᠯᠳᠠᠭ᠃        ᠴᠧᠨ ᠪᠠᠭᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ ᠤᠨ ᠨᠠᠶᠢᠷᠠᠭᠤᠯᠤᠨ ᠵᠤᠬᠢᠶᠠᠭᠰᠠᠨ ︽ᠰᠦᠨ ᠤ ᠦᠨᠢᠶᠡᠨ ᠤ ᠠᠷᠠᠴᠢᠯᠠᠭ᠎ᠠ ᠲᠡᠵᠢᠭᠡᠯᠭᠡ ᠶᠢᠨ ᠠᠷᠭ᠎ᠠ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃ 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ