ᠲᠦᠷᠦᠯ ᠭᠡᠳᠡᠭ ᠪᠣᠯ ᠡᠴᠢᠭᠡ ᠶᠢᠨ ᠰᠢᠰᠲ᠋ᠧᠮ ᠤᠨ ᠨᠢᠭᠡ ᠤᠳᠤᠮ ᠤᠭᠰᠠᠭᠠᠨ ᠤ ᠶᠠᠰᠤᠨ ᠲᠦᠷᠦᠯ ᠢ ᠵᠢᠭᠠᠵᠤ ᠪᠤᠢ᠃ ᠰᠠᠳᠤᠨ ᠭᠡᠳᠡᠭ ᠪᠣᠯ ᠡᠬᠡ ᠶᠢᠨ | ᠰᠢᠰᠲ᠋ᠧᠮ ᠤᠨ ᠨᠠᠭᠠᠴᠤ ᠨᠠᠷ ᠪᠠ ᠠᠪᠠᠭ᠎ᠠ ᠡᠭᠡᠴᠢ ᠬᠦᠷᠭᠡᠳ ᠪᠤᠯᠤᠨ ᠲᠡᠲᠡᠨ ᠤ ᠬᠡᠤᠬᠡᠳ ᠪᠠᠭᠳᠠᠨ᠎ᠠ᠃ ᠬᠦᠮᠦᠨ ᠤ ᠪᠡᠶ᠎ᠡ ᠶᠢᠨ ᠪᠦᠳᠦᠴᠡ ᠳᠤ ᠡᠬᠡ ᠶᠢᠨ | ᠴᠢᠰᠤᠨ ᠠᠴᠠ ᠦᠷ᠎ᠡ ᠶᠢᠨ ᠴᠢᠰᠤ ᠮᠢᠬ᠎ᠠ ᠪᠦᠳᠦᠳᠡᠭ ᠪᠤᠯᠬᠤᠷ ᠡᠬᠡ ᠶᠢᠨ ᠲᠠᠯ᠎ᠠ ᠶᠢ ᠪᠠᠰᠠ ᠴᠢᠰᠤᠨ ᠲᠦᠷᠦᠯ ᠭᠡᠳᠡᠭ᠃ ᠰᠦᠯᠪᠡᠭᠡ ᠭᠡᠳᠡᠭ ᠪᠣᠯ ᠬᠤᠯᠠ ᠶᠢᠨ | ᠰᠠᠳᠤᠨ ᠢ ᠬᠡᠯᠡᠳᠡᠭ᠃ ᠡᠴᠢᠭᠡ ᠡᠬᠡ ᠶᠢᠨ ᠲᠦᠷᠦᠯ ᠰᠠᠳᠤᠨ ᠠᠴᠠ ᠠᠷᠠᠢ ᠵᠠᠶᠢᠳᠠᠭᠤ ᠦᠭᠡᠷ᠎ᠡ ᠤᠪᠤᠭ ᠤᠨ ᠤᠶᠢᠷ᠎ᠠ ᠬᠠᠮᠢᠶᠠᠳᠠᠨ ᠪᠤᠯᠤᠨ᠎ᠠ᠃ | ᠡᠴᠢᠭᠡ ᠶᠢᠨ ᠲᠠᠯ᠎ᠠ ᠶᠢᠨ ᠬᠤᠭᠤᠷᠤᠨᠳᠤᠬᠢ ᠲᠠᠭᠤᠳᠠᠯᠭ᠎ᠠ᠄ ᠡᠴᠢᠭᠡ ᠭᠡᠳᠡᠭ ᠪᠣᠯ ᠦᠷ᠎ᠡ ᠪᠡᠶ᠎ᠡ ᠲᠤᠭᠲᠠᠬᠤ ᠦᠶ᠎ᠡ ᠳᠤ ᠲᠠᠷᠢᠬᠢ᠂ ᠶᠠᠰᠤ᠂ ᠰᠢᠷᠪᠤᠰᠦ᠂ ᠴᠢᠮᠦᠭᠡ ᠶᠢ | ᠪᠦᠳᠦᠭᠡᠳᠡᠭ ᠡᠷᠡᠭᠲᠡᠢ ᠬᠦᠮᠦᠨ ᠢ ᠵᠢᠭᠠᠵᠤ ᠪᠠᠶᠢᠨ᠎ᠠ᠃ | ᠡᠬᠡ ᠭᠡᠳᠡᠭ ᠪᠣᠯ ᠦᠷ᠎ᠡ ᠪᠡᠶ᠎ᠡ ᠲᠤᠭᠲᠠᠬᠤ ᠦᠶ᠎ᠡ ᠳᠤ ᠴᠢᠰᠤ ᠮᠢᠬ᠎ᠠ᠂ ᠲᠠᠪᠤᠨ ᠴᠤᠯᠤ ᠵᠢᠷᠭᠤᠭᠠᠨ ᠰᠠᠪᠠ ᠶᠢ ᠪᠦᠳᠦᠭᠡᠭᠰᠡᠨ ᠡᠮᠡᠭᠲᠡᠢ ᠬᠦᠮᠦᠨ ᠢ ᠵᠢᠭᠠᠵᠤ | ᠪᠠᠶᠢᠨ᠎ᠠ᠃ | ᠲᠡᠭᠡᠭᠰᠢ ᠪᠠᠨ ᠦᠶ᠎ᠡ ᠲᠠᠷᠠᠭᠠᠯᠠᠨ ᠵᠢᠭᠰᠠᠭᠠᠪᠠᠯ᠄ ᠡᠪᠦᠭᠡ ᠡᠮᠡᠭᠡ — ᠡᠯᠦᠨᠴᠡ ᠡᠪᠦᠭᠡ᠂ ᠡᠯᠦᠨᠴᠡ ᠡᠮᠡᠭᠡ — ᠬᠤᠯᠤᠨᠴᠠ ᠡᠪᠦᠭᠡ᠂ ᠬᠤᠯᠤᠨᠴᠠ ᠡᠮᠡᠭᠡ | — ᠡᠯᠦᠨ ᠡᠪᠦᠭᠡ᠂ ᠡᠯᠦᠨ ᠡᠮᠡᠭᠡ — ᠬᠤᠯᠤᠨ ᠡᠪᠦᠭᠡ᠂ ᠬᠤᠯᠤᠨ ᠡᠮᠡᠭᠡ — ᠬᠤᠯᠪᠤᠭ᠎ᠠ ᠡᠪᠦᠭᠡ ᠂ ᠬᠤᠯᠪᠤᠭ᠎ᠠ ᠡᠮᠡᠭᠡ — ᠦᠨᠳᠦᠷ ᠡᠪᠦᠭᠡ᠂ | ᠦᠨᠳᠦᠷ ᠡᠮᠡᠭᠡ ᠭᠡᠬᠦ ᠮᠡᠳᠦ ᠪᠠᠷ ᠲᠠᠭᠤᠳᠠᠨ᠎ᠠ᠃ | ᠪᠡᠶ᠎ᠡ ᠠᠴᠠ ᠲᠤᠤᠷᠠᠬᠢ ᠦᠶ᠎ᠡ ᠶᠢᠨ ᠲᠦᠷᠦᠯ ᠤᠨ ᠲᠠᠭᠤᠳᠠᠯᠭ᠎ᠠ᠄ ᠪᠡᠷᠢ — ᠦᠪᠡᠷ ᠲᠤ ᠬᠠᠤᠯᠢ ᠶᠤᠰᠤᠭᠠᠷ ᠪᠠᠳᠤᠯᠠᠭᠳᠠᠵᠤ ᠦᠰᠦ ᠬᠤᠯᠪᠤᠭᠰᠠᠨ ᠦᠭᠡᠷ᠎ᠡ | ᠤᠪᠤᠭ ᠤᠨ ᠡᠮᠡᠭᠲᠡᠢ ᠶᠢ ᠵᠢᠭᠠᠵᠤ ᠪᠤᠢ᠃ | ᠲᠡᠬᠦᠦ ᠪᠡᠷᠢ᠄ ᠦᠪᠡᠷ ᠠᠴᠠ ᠲᠤᠤᠷᠠᠬᠢ ᠦᠶ᠎ᠡ ᠨᠢᠭᠡᠪᠤᠷᠢ ᠶᠢᠨ ᠬᠤᠷᠢᠮᠯᠠᠵᠤ ᠪᠠᠭᠤᠯᠭᠠᠭᠰᠠᠨ ᠪᠤᠰᠤᠳ ᠤᠪᠤᠭ ᠤᠨ ᠦᠬᠢᠳ ᠢ ᠵᠢᠭᠠᠵᠤ ᠪᠤᠢ᠂ ᠬᠦᠦ ᠪᠡᠷᠢ᠂ ᠠᠴᠢ | ᠪᠡᠷᠢ ᠬᠡᠬᠦ ᠮᠡᠳᠦ᠃ | ᠬᠦᠦ ᠬᠡᠤᠬᠡᠨ — ᠦᠪᠡᠷ ᠠᠴᠠ ᠲᠦᠷᠦᠭᠰᠡᠨ ᠬᠡᠤᠬᠡᠳ ᠤᠨ ᠡᠷᠡᠭᠲᠡᠢ ᠶᠢ ᠨᠢ ᠬᠦᠦ᠂ ᠡᠮᠡᠭᠳᠡᠢ ᠶᠢ ᠨᠢ ᠬᠡᠤᠬᠡᠨ ᠬᠡᠨ᠎ᠡ᠃ | ᠦᠶ᠎ᠡ ᠲᠠᠷᠠᠭᠠᠯᠠᠨ ᠲᠤᠷᠤᠭᠰᠢ ᠵᠢᠭᠰᠠᠭᠠᠪᠠᠯ᠄ ᠠᠴᠢ ︵ᠤᠮᠪᠤᠯᠤ︶ ᠬᠦᠦ᠂ ᠠᠴᠢ ︵ᠤᠮᠪᠤᠯᠤ︶ ᠪᠡᠷᠢ — ᠵᠢᠴᠢ ᠬᠦᠦ ᠵᠢᠴᠢ ᠪᠡᠷᠢ — ᠵᠢᠴᠢᠨᠴᠢᠷ ᠬᠦᠦ | ᠂ ᠵᠢᠴᠢᠨᠴᠢᠷ ᠪᠡᠷᠢ — ᠭᠤᠴᠢ ᠬᠦᠦ᠂ ᠭᠤᠴᠢ ᠪᠡᠷᠢ — ᠭᠤᠴᠢᠨᠴᠢᠷ ᠬᠦᠦ ᠂ ᠭᠤᠴᠢᠨᠴᠢᠷ ᠪᠡᠷᠢ — ᠵᠢᠯᠡᠢᠬᠦᠢ ᠬᠦᠦ᠂ ᠵᠢᠯᠡᠢᠬᠦᠢ ᠪᠡᠷᠢ — ᠲᠠᠯᠢᠢᠬᠦᠢ | ᠬᠦᠦ᠂ ᠲᠠᠯᠢᠢᠬᠦᠢ ᠪᠡᠷᠢ ᠭᠡᠵᠤ ᠲᠠᠭᠤᠳᠠᠨ᠎ᠠ᠃ | ᠬᠦᠨᠳᠡᠯᠡᠨ ᠦᠶ᠎ᠡ ᠶᠢᠨ ᠲᠦᠷᠦᠯ ᠬᠠᠷᠢᠯᠴᠠᠨ ᠲᠠᠭᠤᠳᠠᠯᠴᠠᠬᠤ ᠶᠤᠰᠤᠨ᠄ ᠠᠬ᠎ᠠ — ᠨᠢᠭᠡ ᠡᠬᠡ ᠠᠴᠠ ᠲᠦᠷᠦᠭᠰᠡᠨ ᠡᠴᠢᠭᠡ ᠨᠢᠭᠡᠲᠡᠢ᠂ ᠡᠰᠡᠬᠦᠯ᠎ᠡ ᠡᠴᠢᠭᠡ | ᠨᠢᠭᠡᠲᠡᠢ᠂ ᠡᠬᠡ ᠦᠭᠡᠷ᠎ᠡ᠂ ᠡᠰᠡᠬᠦᠯ᠎ᠡ ᠡᠬᠡ ᠨᠢᠭᠡᠲᠡᠢ ᠡᠴᠢᠭᠡ ᠦᠭᠡᠷ᠎ᠡ ᠨᠠᠰᠤ ᠪᠠᠷ ᠶᠡᠭᠡ ᠡᠷᠡᠭᠲᠡᠢ ᠬᠦᠮᠦᠨ ᠢ ᠠᠬ᠎ᠠ ᠭᠡᠳᠡᠭ᠃ | ᠪᠡᠷᠭᠡᠨ — ᠠᠬ᠎ᠠ ᠶᠢᠨ ᠪᠦᠰᠡᠬᠦᠢ ᠶᠢ ᠪᠡᠷᠭᠡᠨ ᠭᠡᠵᠤ ᠲᠠᠭᠤᠳᠠᠨ᠎ᠠ᠃ ᠪᠡᠶ᠎ᠡ ᠠᠴᠠ ᠲᠡᠭᠡᠭᠰᠢᠬᠢ ᠤᠯᠠᠨ ᠦᠶ᠎ᠡ ᠶᠢᠨ ᠪᠤᠰᠤᠳ ᠤᠪᠤᠭ ᠠᠴᠠ ᠪᠠᠭᠤᠯᠭᠠᠨ | ᠠᠪᠤᠭᠰᠠᠨ ᠬᠦᠨᠳᠡᠯᠡᠨ ᠦᠶ᠎ᠡ ᠶᠢᠨ ᠡᠮᠡᠭᠳᠡᠶᠢᠴᠤᠳ ᠤᠨ ᠨᠡᠶᠢᠲᠡ ᠶᠢᠨ ᠲᠠᠭᠤᠳᠠᠯᠭ᠎ᠠ ᠪᠤᠯᠵᠤ ᠪᠤᠢ᠃ ᠲᠠᠷᠤᠢ ᠨᠠᠭᠠᠴᠤ ᠪᠡᠷᠭᠡᠨ᠂ ᠠᠪᠠᠭ᠎ᠠ ᠪᠡᠷᠭᠡᠨ ᠬᠡᠬᠦ ᠮᠡᠳᠦ᠃ | ᠠᠪᠠᠭ᠎ᠠ — ᠡᠴᠢᠭᠡ ᠯᠦᠭᠡ ᠬᠡᠪᠡᠯᠢ ᠨᠢᠭᠡᠲᠡᠢ ᠠᠬ᠎ᠠ ᠲᠡᠬᠦᠦ ᠶᠢ ᠬᠡᠯᠡᠨ᠎ᠡ᠃ | ᠠᠪᠠᠭ᠎ᠠ ᠪᠡᠷᠭᠡᠨ — ᠠᠪᠠᠭ᠎ᠠ ᠶᠢᠨ ᠪᠦᠰᠡᠬᠦᠢ ᠶᠢ ᠬᠡᠯᠡᠨ᠎ᠡ᠃ | ᠠᠪᠠᠭ᠎ᠠ ᠡᠭᠡᠴᠢ — ᠡᠴᠢᠭᠡ ᠲᠠᠢ ᠡᠬᠡ ᠨᠢᠭᠡᠲᠡᠢ ᠦᠬᠢᠳ ᠢ ᠵᠢᠭᠠᠨ᠎ᠠ᠃ | ᠠᠪᠠᠭ᠎ᠠ ᠬᠦᠷᠭᠡᠨ ᠠᠬ᠎ᠠ — ᠠᠪᠠᠭ᠎ᠠ ᠡᠭᠡᠴᠢ ᠲᠠᠢ ᠬᠠᠤᠯᠢ ᠶᠤᠰᠤᠭᠠᠷ ᠬᠤᠷᠢᠮᠯᠠᠭᠰᠠᠨ ᠡᠷᠡᠭᠲᠡᠢ ᠶᠢ ᠭᠡᠯᠡᠨ᠎ᠡ᠃ | ᠦᠶ᠎ᠡ ᠲᠠᠷᠠᠭᠠᠯᠠᠨ ᠲᠡᠭᠡᠭᠰᠢ ᠵᠢᠭᠰᠠᠭᠠᠪᠠᠯ᠄ ᠠᠪᠠᠭ᠎ᠠ ᠡᠴᠢᠭᠡ᠂ ᠠᠪᠠᠭ᠎ᠠ ᠡᠬᠡ — ᠠᠪᠠᠭ᠎ᠠ ᠡᠪᠦᠭᠡ ᠂ ᠠᠪᠠᠭ᠎ᠠ ᠡᠮᠡᠭᠡ — ᠠᠪᠠᠭ᠎ᠠ ᠡᠯᠦᠨᠴᠡ ᠡᠪᠦᠭᠡ᠂ | ᠠᠪᠠᠭ᠎ᠠ ᠡᠯᠦᠨᠴᠡ ᠡᠮᠡᠭᠡ — ᠠᠪᠠᠭ᠎ᠠ ᠬᠤᠯᠤᠨᠴᠠ ᠡᠪᠦᠭᠡ᠂ ᠠᠪᠠᠭ᠎ᠠ ᠬᠤᠯᠤᠨᠴᠠ ᠡᠮᠡᠭᠡ — ᠠᠪᠠᠭ᠎ᠠ ᠡᠯᠦᠨ ᠡᠪᠦᠭᠡ᠂ ᠠᠪᠠᠭ᠎ᠠ ᠡᠯᠦᠨ ᠡᠮᠡᠭᠡ — ᠠᠪᠠᠭ᠎ᠠ | ᠬᠤᠯᠤᠨ ᠡᠪᠦᠭᠡ᠂ ᠠᠪᠠᠭ᠎ᠠ ᠬᠤᠯᠤᠨ ᠡᠮᠡᠭᠡ — ᠠᠪᠠᠭ᠎ᠠ ᠬᠤᠯᠪᠤᠭ᠎ᠠ ᠡᠪᠦᠭᠡ᠂ ᠠᠪᠠᠭ᠎ᠠ ᠬᠤᠯᠪᠤᠭ᠎ᠠ ᠡᠮᠡᠭᠡ — ᠠᠪᠠᠭ᠎ᠠ ᠦᠨᠳᠦᠷ ᠡᠪᠦᠭᠡ᠂ ᠠᠪᠠᠭ᠎ᠠ | ᠦᠨᠳᠦᠷ ᠡᠮᠡᠭᠡ ᠭᠡᠵᠤ ᠲᠠᠭᠤᠳᠠᠨ᠎ᠠ᠃ | ᠡᠬᠡ ᠶᠢᠨ ᠲᠠᠯ᠎ᠠ ᠶᠢᠨ ᠲᠦᠷᠦᠯ ᠤᠨ ᠬᠤᠭᠤᠷᠤᠨᠳᠤᠬᠢ ᠲᠠᠭᠤᠳᠠᠯᠭ᠎ᠠ᠄ ᠨᠠᠭᠠᠴᠤ — ᠡᠬᠡ ᠲᠠᠢ ᠬᠦᠢ ᠨᠢᠭᠡᠲᠡᠢ ᠡᠷᠡᠭᠲᠡᠢ ᠬᠦᠮᠦᠨ ᠢ ᠬᠡᠯᠡᠨ᠎ᠡ᠃ | ᠨᠠᠭᠠᠴᠤ ᠪᠡᠷᠭᠡᠨ — ᠨᠠᠭᠠᠴᠤ ᠲᠠᠢ ᠬᠠᠤᠯᠢ ᠶᠤᠰᠤᠭᠠᠷ ᠬᠤᠷᠢᠮᠯᠠᠨ ᠰᠠᠭᠤᠭᠰᠠᠨ ᠬᠦᠮᠦᠨ᠃ | ᠨᠠᠭᠠᠴᠤ ᠡᠪᠦᠭᠡ ︵ᠨᠠᠭ᠎ᠠ ᠠᠪᠤ︶ ᠨᠠᠭᠠᠴᠤ ᠡᠮᠡᠭᠡ ︵ᠨᠠᠭ᠎ᠠ ᠡᠵᠢ︶ — ᠡᠵᠢ ᠶᠢᠨ ᠠᠪᠤ ᠡᠵᠢ ᠶᠢ ᠬᠡᠯᠡᠨ᠎ᠡ᠃ | ᠨᠠᠭᠠᠴᠤ ᠡᠭᠡᠴᠢ᠂ ᠨᠠᠭᠠᠴᠤ ᠬᠦᠷᠭᠡᠨ ᠠᠬ᠎ᠠ — ᠡᠵᠢ ᠶᠢᠨ ᠡᠭᠡᠴᠢ ᠪᠤᠶᠤ ᠦᠬᠢᠨ ᠲᠡᠬᠦᠦ ᠵᠢᠴᠢ ᠲᠡᠬᠦᠨ ᠲᠠᠢ ᠬᠤᠷᠢᠮᠯᠠᠨ ᠰᠠᠭᠤᠭᠰᠠᠨ ᠬᠦᠮᠦᠨ᠃ | | | ᠮᠦᠩᠬᠡᠴᠢᠯᠠᠭᠤ ᠶᠢᠨ ︽ᠬᠦᠮᠦᠵᠢᠯ ᠤᠨ ᠬᠦᠬᠡ ᠪᠡᠯᠡᠭ︾ ᠠᠴᠠ ᠪᠠᠭᠤᠯᠭᠠᠪᠠ | |