ᠪᠤᠭ ᠮᠠᠯ ᠤᠨ ᠭᠡᠳᠡᠰᠤ ᠬᠦᠭᠡᠭᠡᠬᠦ ᠬᠡᠮ ᠢ ᠭᠡᠷᠬᠢᠨ ᠡᠮ ᠭᠡᠷᠡᠭᠯᠡᠬᠦ ᠦᠭᠡᠢ ᠪᠠᠷ ᠵᠠᠰᠠᠬᠤ ᠪᠤᠢ︖
ᠨᠡᠶᠢᠲᠡᠯᠡᠭᠰᠡᠨ ᠴᠠᠭ᠄
2024/5/15
    ᠵᠤᠨ ᠤ ᠤᠯᠠᠷᠢᠯ ᠳᠤ ᠬᠤᠨᠢ ᠢᠮᠠᠭ᠎ᠠ ᠰᠢᠬᠦᠳᠡᠷᠢ ᠲᠠᠢ ᠭᠠᠪᠢᠷ᠎ᠠ ᠴᠡᠴᠡᠭ ᠪᠤᠶᠤ ᠬᠦᠴᠢᠩᠬᠢ ᠶᠢ ᠢᠳᠡᠪᠡᠯ ᠬᠢᠯᠪᠠᠷᠬᠠᠨ ᠭᠡᠳᠡᠰᠤ ᠬᠦᠭᠡᠭᠡᠳᠡᠭ᠃ ᠭᠡᠷᠪᠡ ᠴᠠᠭ ᠲᠤᠬᠠᠢ ᠳᠤᠨᠢ ᠡᠮᠨᠡᠨ ᠵᠠᠰᠠᠬᠤ ᠦᠭᠡᠢ ᠪᠤᠯ ᠦᠬᠦᠵᠤ ᠮᠡᠳᠡᠨ᠎ᠡ᠃ ᠲᠤᠤᠷ᠎ᠠ ᠭᠡᠳᠦᠨ ᠵᠦᠢᠯ ᠤᠨ ᠲᠦᠬᠦᠮ ᠠᠷᠭ᠎ᠠ ᠲᠠᠨᠢᠯᠴᠠᠭᠤᠯᠤᠶ᠎ᠠ᠃    1. ᠬᠤᠨᠢ ᠢᠮᠠᠭᠠᠨ ᠤ ᠭᠡᠳᠡᠰᠤ ᠬᠦᠭᠡᠭᠡᠵᠤ ᠪᠠᠶᠢᠬᠤ ᠶᠢ ᠮᠡᠳᠡᠮᠡᠭᠴᠠ ᠡᠪᠡᠰᠤ ᠢᠳᠡᠬᠦ ᠶᠢ ᠨᠢ ᠵᠤᠭᠰᠤᠭᠠᠵᠤ᠂ ᠡᠪᠡᠰᠤ ᠪᠠ ᠮᠤᠳᠤᠨ ᠨᠠᠮᠠᠭ᠎ᠠ ᠶᠢ ᠲᠠᠮᠤᠭᠠᠳ ᠠᠮᠠᠨ ᠳᠤᠨᠢ ᠤᠶᠠᠵᠤ ᠬᠠᠵᠠᠯᠠᠭᠤᠯᠤᠨ᠎ᠠ᠃ ᠬᠠᠵᠠᠯᠠᠬᠤ ᠬᠦᠳᠡᠯᠭᠡᠭᠡᠨ ᠢᠶᠠᠷ ᠲᠡᠮᠵᠢᠵᠤ ᠡᠪᠡᠳᠴᠢᠨ ᠤ ᠰᠢᠨᠵᠢ ᠲᠡᠮᠳᠡᠭ ᠨᠢ ᠠᠭᠠᠵᠢᠮ ᠢᠶᠠᠷ ᠠᠷᠢᠯᠤᠨ᠎ᠠ᠃    2. ᠬᠤᠨᠢ ᠢᠮᠠᠭᠠᠨ ᠤ ᠭᠡᠳᠡᠰᠤ ᠨᠡᠯᠢᠶᠡᠳ ᠰᠦᠷᠡᠭᠡᠢ ᠬᠦᠭᠡᠭᠡᠵᠤ ᠪᠠᠶᠢᠪᠠᠯ ᠪᠦᠳᠦᠬᠦᠨ ᠰᠢᠭ ᠲᠠᠷᠢᠯᠭ᠎ᠠ ᠶᠢᠨ ᠵᠡᠬᠦᠤ ᠶᠢ ᠬᠤᠳᠤᠭᠤᠳᠤᠨ ᠭᠡᠰᠡᠭ ᠲᠤᠨᠢ ᠬᠠᠳᠬᠤᠵᠤ ᠲᠠᠯᠪᠢᠨ᠎ᠠ᠃ ᠬᠤᠶᠠᠷ ᠭᠤᠷᠪᠠᠨ ᠵᠡᠬᠦᠤ ᠬᠠᠳᠬᠤᠪᠠᠯ ᠬᠤᠳᠤᠭᠤᠳᠤᠨ ᠲᠤᠳᠤᠷᠠᠬᠢ ᠬᠡᠢ ᠨᠢ ᠠᠶᠠᠨᠳᠠᠭᠠᠨ ᠭᠠᠳᠠᠭᠰᠢᠯᠠᠵᠤ ᠡᠪᠡᠳᠴᠢᠨ ᠨᠢ ᠮᠠᠰᠢ ᠲᠦᠷᠭᠡᠨ ᠡᠳᠡᠭᠡᠷᠡᠨ᠎ᠡ᠃         ︽ᠮᠠᠯ ᠵᠢᠬᠦᠷᠳᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠳᠠ ᠬᠠᠷᠢᠭᠤᠯᠳᠠ︾ ᠠᠴᠠ ᠪᠠᠭᠤᠯᠭᠠᠪᠠ᠃ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ