ᠡᠷᠳᠡᠨᠢ ︵1922.6—1985︶ | ᠡᠷᠡᠭᠳᠡᠢ᠂ ᠮᠤᠩᠭᠤᠯ ᠦᠨᠳᠤᠰᠤᠳᠡᠨ᠂ ᠤᠭ ᠨᠤᠳᠤᠭ ᠨᠢ ᠮᠤᠩᠭᠤᠯ ᠤᠯᠤᠰ ᠤᠨ ᠡᠮᠤᠨ᠎ᠡ ᠭᠤᠪᠢ ᠠᠶᠢᠮᠠᠭ ᠤᠨ ᠪᠠᠶᠠᠨ ᠤᠪᠤᠭ᠎ᠠ ᠰᠤᠮᠤᠨ ᠤ ᠭᠦᠮᠤᠨ᠃ | 1938 ᠤᠨ ᠳᠤ ᠲᠡᠷᠡ ᠠᠪᠤ ᠡᠵᠢ ᠪᠠᠨ ᠲᠠᠭᠠᠵᠤ ᠤᠷᠠᠳ ᠤᠨ ᠲᠠᠯ᠎ᠠ ᠨᠤᠳᠤᠭ᠂ ᠠᠯᠠᠱᠨ ᠤᠷᠴᠢᠮ ᠢᠶᠠᠷ ᠲᠡᠨᠤᠭᠦᠴᠢᠯᠡᠨ ᠠᠮᠢᠳᠤᠷᠠᠵᠤ ᠪᠠᠶᠢᠵᠠᠢ᠃ ᠲᠠᠪᠢᠭᠠᠳ | ᠤᠨ ᠤ ᠦᠶ᠎ᠡ ᠳᠤ ᠤᠳᠤ ᠶᠢᠨ ᠤᠷᠠᠳ ᠤᠨ ᠲᠤᠮᠳᠠᠳᠤ ᠬᠤᠰᠢᠭᠤᠨ ᠤ ᠴᠤᠩᠵᠢ ᠰᠤᠮᠤᠨ ᠤ ᠪᠠᠶᠢᠲ᠋ᠦᠩ ᠭᠠᠴᠠᠭᠠᠨ ᠳᠤ ᠨᠤᠳᠤᠭᠰᠢᠨ ᠰᠠᠭᠤᠪᠡ᠂ ᠶᠡᠷᠤ ᠠᠴᠠ ᠪᠠᠨ | ᠮᠠᠯᠴᠢᠨ ᠪᠠᠶᠢᠵᠠᠢ᠃ | ᠡᠷᠳᠡᠨᠢ ᠶᠠᠰᠤ ᠪᠠᠷᠢᠭᠴᠢ ᠰᠤᠷᠪᠤᠯᠵᠢᠳᠤ ᠠᠶᠢᠯ ᠤᠨ ᠭᠠᠷᠤᠯ ᠲᠠᠢ ᠪᠤᠯᠬᠤᠷ 18 ᠨᠠᠰᠤᠨ ᠳᠠᠭᠠᠨ ᠪᠡᠶ᠎ᠡ ᠪᠠᠨ ᠲᠠᠭᠠᠭᠠᠵᠤ ᠶᠠᠰᠤ ᠪᠠᠷᠢᠬᠤ ᠮᠡᠷᠭᠡᠵᠢᠯ ᠲᠠᠢ ᠪᠤᠯᠵᠤ᠂ | ᠶᠠᠰᠤ ᠬᠤᠭᠤᠷᠠᠬᠤ᠂ ᠦᠶ᠎ᠡ ᠬᠡᠰᠢᠭᠦᠦ ᠮᠤᠯᠳᠤᠷᠠᠬᠤ᠂ ᠭᠠᠪᠠᠯᠠ ᠶᠢᠨ ᠵᠠᠭᠠᠳᠠᠰᠤ ᠭᠦᠳᠡᠯᠭᠦ ᠵᠢᠴᠢ ᠨᠤᠭᠤᠰᠤᠨ ᠤ ᠦᠷᠪᠢᠰᠦᠯ᠂ ᠪᠤᠯᠴᠢᠩ ᠰᠢᠷᠪᠤᠰᠤ ᠭᠡᠮᠳᠤᠭᠦ ᠪᠡ | ᠲᠤᠳᠤᠷ ᠰᠢᠷᠠᠬᠳᠤᠵᠤ ᠭᠡᠮᠳᠤᠭᠦ᠂ ᠲᠠᠷᠢᠬᠢ ᠤᠨᠠᠬᠤ ᠵᠡᠷᠭᠡ ᠶᠢᠨ ᠵᠠᠰᠠᠯ ᠳᠤ ᠯᠤᠳᠤ ᠰᠠᠶᠢᠨ ᠪᠠᠶᠢᠳᠠᠭ ᠪᠦᠭᠡᠳ ᠡᠬᠡ ᠪᠠᠷᠢᠬᠴᠢ ᠶᠢᠨ ᠠᠵᠢᠯ ᠪᠡ ᠡᠮᠡᠭᠳᠡᠶᠢᠴᠤᠳ ᠤᠨ | ᠡᠪᠡᠳᠴᠢᠨ ᠢ ᠴᠦ ᠰᠠᠶᠢᠨ ᠡᠮᠨᠡᠵᠤ ᠴᠢᠳᠠᠨ᠎ᠠ᠃ ᠲᠡᠭᠦᠨ ᠤ ᠦᠷᠭᠦᠯᠵᠢ ᠬᠡᠷᠡᠭᠯᠡᠳᠡᠭ ᠵᠠᠰᠠᠯ ᠨᠢ ᠲᠦᠷᠭᠢᠭᠦ᠂ ᠪᠠᠷᠢᠬᠤ᠂ ᠰᠢᠪᠳᠤᠷᠬᠤ᠂ ᠠᠮᠢᠰᠬᠤᠯ ᠤᠨ ᠲᠠᠮᠢᠷ ᠵᠡᠷᠭᠡ | ᠪᠤᠢ᠃ 1983 ᠤᠨ ᠳᠤ ᠴᠤᠩᠵᠢ ᠨᠢᠭᠡᠳᠤᠯ ᠤᠨ ᠰᠢᠪᠠᠭ ᠪᠠᠷᠢᠭᠠᠳᠠ ᠶᠢᠨ ᠮᠠᠯᠴᠢᠨ ᠰᠤᠮᠢᠶ᠎ᠠ ᠮᠤᠷᠢᠨ ᠠᠴᠠ ᠤᠶᠢᠴᠢᠭᠠᠳ 7 ᠡᠳᠤᠷ 7 ᠰᠦᠨᠢ ᠮᠡᠳᠡᠭᠡ ᠰᠡᠬᠡᠭᠡ | ᠦᠬᠡᠢ ᠪᠤᠯᠵᠤ᠂ ᠠᠮᠢ ᠨᠠᠰᠤᠨ ᠤ ᠠᠶᠤᠯ ᠲᠠᠢ ᠪᠠᠶᠢᠯ᠎ᠠ᠃ ᠡᠷᠳᠡᠨᠢ ᠲᠠᠪᠤᠨ ᠴᠤᠯᠤ ᠶᠢ ᠨᠢ ᠵᠢᠩ ᠪᠠᠷᠢᠬᠤ ᠪᠡ ᠠᠮᠢᠰᠬᠤᠯ ᠤᠨ ᠬᠦᠴᠦᠨ ᠤ ᠵᠠᠰᠠᠯ ᠤᠨ ᠠᠷᠭ᠎ᠠ ᠪᠠᠷ | ᠲᠡᠭᠦᠨ ᠢ ᠠᠮᠢ ᠤᠷᠤᠭᠤᠯᠵᠤ᠂ ᠤᠳᠠᠯ ᠦᠭᠡᠢ ᠡᠳᠡᠭᠡᠷᠡᠭᠦᠯᠦᠭᠰᠡᠨ ᠪᠢᠯᠡ᠃ ᠪᠠᠰᠠ ᠨᠢᠭᠡ ᠤᠳᠠᠭ᠎ᠠ᠂ ᠪᠠᠶᠠᠨ ᠨᠢᠭᠡᠳᠤᠯ ᠤᠨ ᠪᠡ ᠤᠪᠤᠭᠳᠤ ᠮᠠᠯᠴᠢᠨ ᠤ ᠭᠦᠦ ᠶᠢᠨ | ᠬᠢᠨᠢ ᠲᠠᠷᠢᠬᠢ ᠨᠢ ᠤᠨᠠᠬᠤ ᠳᠤ ᠲᠡᠷᠡ ᠬᠠᠯᠠᠭᠤᠨ ᠵᠢᠩ ᠪᠠᠷᠢᠬᠤ ᠠᠷᠭ᠎ᠠ ᠶᠢᠨ ᠵᠠᠰᠠᠯ ᠬᠢᠵᠤ ᠡᠳᠡᠭᠡᠷᠡᠭᠦᠯᠪᠡ᠃ | ᠡᠷᠳᠡᠨᠢ ᠬᠡᠳᠤᠶᠢᠪᠡᠷ ᠰᠢᠰᠲ᠋ᠧᠮ ᠲᠠᠢ ᠵᠢᠩᠭᠢᠨᠡᠴᠢᠯᠡᠭᠰᠡᠨ ᠰᠤᠷᠭᠠᠨ ᠭᠦᠮᠤᠵᠢᠯ ᠭᠦᠷᠳᠡᠭᠰᠡᠨ ᠦᠬᠡᠢ ᠪᠤᠯᠪᠠᠴᠦ᠂ ᠤᠶᠢᠯᠡᠳᠤᠯᠭᠡ ᠶᠢᠨ ᠲᠤᠮᠳᠠ ᠭᠦᠮᠤᠨ ᠤ ᠪᠡᠶ᠎ᠡ | ᠶᠢᠨ ᠡᠷᠬᠡᠳᠡᠨ᠂ ᠮᠡᠳᠡᠷᠡᠯ ᠤᠨ ᠰᠢᠰᠲ᠋ᠧᠮ ᠵᠡᠷᠭᠡ ᠶᠢ ᠡᠵᠡᠮᠰᠢᠭᠰᠡᠨ ᠲᠠᠯ᠎ᠠ ᠪᠠᠷ ᠨᠡᠯᠢᠶᠡᠳ ᠪᠦᠷᠢᠨ ᠲᠡᠭᠦᠯᠳᠡᠷ ᠤᠴᠢᠷ ᠠᠴᠠ᠂ ᠡᠮᠴᠢᠯᠡᠵᠤ ᠲᠤᠳᠤᠯᠠᠬᠤ ᠳᠠᠭᠠᠨ | ᠤᠨᠤᠪᠴᠢᠳᠠᠢ ᠵᠠᠰᠠᠯ ᠨᠢ ᠵᠦᠢ ᠵᠤᠬᠢᠰᠳᠠᠢ ᠪᠠᠶᠢᠳᠠᠭ ᠶᠤᠮ᠃1985 ᠤᠨ ᠤ ᠬᠠᠪᠤᠷ ᠲᠡᠷᠡ ᠡᠪᠡᠳᠴᠢᠨ ᠢᠶᠠᠷ ᠨᠠᠰᠤ ᠪᠠᠷᠠᠪᠡ ᠃ ᠠᠮᠢᠳᠤ ᠰᠡᠷᠢᠭᠦᠨ ᠪᠠᠶᠢᠬᠤ | ᠳᠠᠭᠠᠨ ᠲᠡᠷᠡ ᠲᠦᠮᠡ ᠢᠯᠡᠭᠦᠦ ᠬᠦᠮᠦᠨ ᠤᠳᠠᠭᠠᠨ ᠤ ᠡᠪᠡᠳᠴᠢᠨ ᠭᠡᠮ ᠢ ᠡᠮᠨᠡᠨ ᠵᠠᠰᠠᠵᠤ᠂ ᠡᠳᠡᠭᠡᠷᠡᠭᠦᠯᠭᠦ ᠨᠤᠷᠮ᠎ᠡ ᠨᠢ ᠲᠤᠩ ᠦᠨᠳᠤᠷ ᠤᠴᠢᠷ ᠠᠴᠠ ᠪᠠᠶᠠᠨᠨᠠᠭᠤᠷ | ᠠᠶᠢᠮᠠᠭ᠂ ᠠᠯᠠᠱᠨ᠂ ᠤᠯᠠᠭᠠᠨᠴᠠᠪ ᠠᠶᠢᠮᠠᠭ ᠤᠨ ᠠᠷᠠᠳ ᠤᠨ ᠲᠤᠮᠳᠠ ᠨᠡᠷ᠎ᠡ ᠠᠯᠳᠠᠷᠰᠢᠭᠰᠠᠨ ᠮᠦᠷᠳᠡᠭᠡᠨ ᠲᠡᠭᠦᠨ ᠢ《 ᠶᠠᠰᠤ ᠪᠠᠷᠢᠭᠴᠢ ᠰᠠᠬᠢᠭᠤᠯᠰᠤᠨ》 ᠭᠡᠵᠤ | ᠨᠡᠷᠡᠯᠡᠵᠤ ᠪᠠᠶᠢᠪᠡ᠃ ᠲᠡᠷᠡ ᠪᠤᠰᠤᠳ ᠲᠤ ᠲᠦᠪ ᠨᠢᠮᠪᠠᠢ ᠬᠠᠨᠳᠤᠳᠠᠭ ᠪᠦᠭᠡᠳ ᠤᠷᠢᠳ ᠬᠤᠵᠢᠳ ᠤᠯᠠᠨ ᠱᠠᠪᠢ ᠲᠠᠭᠠᠭᠤᠯᠤᠭᠰᠠᠨ ᠪᠤᠯᠪᠠᠴᠦ ᠲᠡᠭᠦᠨ ᠤ ᠰᠢᠯᠢᠳᠡᠭ | ᠡᠮᠨᠡᠬᠦ ᠮᠡᠷᠭᠡᠵᠢᠯ ᠢ ᠨᠢ ᠡᠮᠬᠢᠳᠭᠡᠵᠤ᠂ ᠵᠢᠭᠠᠨ ᠰᠤᠷᠭᠠᠵᠤ ᠤᠯᠠᠮᠵᠢᠯᠠᠨ ᠲᠡᠯᠭᠡᠷᠡᠭᠦᠯᠵᠤ ᠴᠢᠳᠠᠭᠰᠠᠨ ᠦᠬᠡᠢ ᠨᠢ ᠬᠠᠷᠠᠮᠰᠠᠯᠳᠠᠢ ᠶᠠᠪᠤᠳᠠᠯ ᠪᠤᠯᠤᠨ᠎ᠠ᠃ | | ︽ᠤᠷᠠᠳ ᠤᠨ ᠲᠤᠮᠳᠠᠳᠤ ᠬᠤᠰᠢᠭᠤᠨ ᠤ ᠤᠶᠢᠯᠠᠯᠭ᠎ᠠ︾ ᠠᠴᠠ ᠪᠠᠭᠤᠯᠭᠠᠪᠠ |