| 4 ᠰᠠᠷ᠎ᠠ ᠶᠢᠨ 4 ᠤ ᠡᠳᠦᠷ ᠠᠴᠠ 6 ᠤ ᠡᠳᠦᠷ ᠪᠣᠯᠲᠠᠯ᠎ᠠ᠂ ᠤᠷᠠᠳ ᠤᠨ ᠳᠤᠮᠳᠠᠳᠤ ᠬᠤᠰᠢᠭᠤᠨ ᠤ ᠤᠯᠠᠭᠠᠨᠮᠥ᠋ᠴᠢᠷ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠴᠣᠷ ᠤᠨ ᠭᠠᠭᠴᠠ ᠪᠦᠯᠬᠦᠮ ᠨᠡᠶᠢᠳᠡ ᠶᠢᠨ ᠬᠤᠪᠢ ᠪᠠᠷ ᠨᠢᠩᠰᠢᠶᠠ ᠶᠢᠨ ᠵᠥᠩ ᠸᠧᠢ ᠳᠤ ᠡᠷᠭᠢᠯᠡᠭᠰᠡᠨ ᠳᠤᠮᠳᠠᠳᠤ ᠤᠯᠤᠰ ᠤᠨ ᠠᠷᠠᠳ ᠤᠨ | ᠳᠠᠭᠤᠤ ᠶᠢᠨ ᠴᠤᠭᠯᠠᠭᠠᠨ ᠳᠤ ᠤᠷᠢᠯᠭ᠎ᠠ ᠪᠠᠷ ᠣᠷᠣᠯᠴᠠᠵᠤ᠂ ᠤᠷᠠᠳ ᠤᠨ ᠰᠣᠶᠣᠯ ᠢ ᠤᠬᠠᠭᠤᠯᠤᠨ ᠲᠡᠯᠭᠡᠷᠡᠬᠦᠯᠪᠡ᠃ | | | | 4 ᠰᠠᠷ᠎ᠠ ᠶᠢᠨ 5 ᠤ ᠣᠷᠣᠢ᠂ ᠤᠷᠠᠳ ᠤᠨ ᠳᠤᠮᠳᠠᠳᠤ ᠬᠤᠰᠢᠭᠤᠨ ᠤ ᠤᠯᠠᠭᠠᠨᠮᠥ᠋ᠴᠢᠷ ᠤᠨ ᠲᠥᠯᠥᠭᠡᠯᠡᠭᠴᠢᠳ ᠭᠤᠶᠤ ᠰᠠᠶᠢᠬᠠᠨ ᠤᠷᠠᠳ ᠲᠡᠷᠯᠢᠭ ᠢᠶᠠᠨ | ᠡᠮᠦᠰᠴᠦ᠂ ᠤᠷᠠᠳ ᠬᠠᠳᠬᠤᠮᠠᠯ ᠤᠷᠠᠳ ᠤᠨ ᠮᠥᠩᠭᠦᠨ ᠵᠠᠰᠠᠯ ᠵᠢᠮᠰᠡᠭ ᠢᠶᠠᠷ ᠢᠶᠠᠨ ᠭᠤᠶᠤᠯᠠᠵᠤ᠂ ︽ᠠᠷᠤ ᠭᠤᠪᠢ ᠶᠢᠨ ᠠᠳᠤᠭᠤ︾ ᠪᠣᠯᠣᠨ ︽ᠢᠷᠡᠬᠦ ᠪᠠᠨ | ᠶᠠᠭᠠᠬᠢᠭ᠎ᠠ ᠪᠤᠢ︾ ᠭᠡᠬᠦ ᠳᠠᠭᠤᠤ ᠪᠠᠨ ᠪᠦᠬᠦ ᠤᠯᠤᠰ ᠤᠨ ᠡᠯ᠎ᠡ ᠭᠠᠵᠠᠷ ᠠᠴᠠ ᠬᠦᠷᠦᠯᠴᠡᠨ ᠢᠷᠡᠭᠰᠡᠨ ᠠᠷᠠᠳ ᠤᠨ ᠳᠠᠭᠤᠤ ᠶᠢᠨ ᠪᠠᠭ᠋ᠠᠳᠠᠳ ᠲᠤ ᠡᠷᠬᠦᠨ ᠪᠠᠷᠢᠵᠤ | ᠬᠥᠮᠥᠰ ᠤᠨ ᠪᠠᠭ᠋ᠠᠷᠬᠠᠯ ᠢ ᠲᠠᠲᠠᠪᠠ᠃ | | | ᠤᠷᠠᠳ ᠠᠷᠠᠳ ᠤᠨ ᠳᠠᠭᠤᠤ ᠨᠢ 2010 ᠣᠨ ᠳᠤ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠬᠠᠮᠠᠭᠠᠯᠠᠯᠲᠠ ᠶᠢᠨ ᠨᠡᠷᠡᠰ ᠲᠤ | ᠰᠤᠩᠭᠤᠭᠳᠠᠭᠰᠠᠨ ᠶᠤᠮ᠃ ᠤᠷᠠᠳ ᠠᠷᠠᠳ ᠤᠨ ᠳᠠᠭᠤᠤ ᠪᠣᠯ ᠮᠣᠩᠭᠤᠯ ᠦᠨᠳᠦᠰᠦᠲᠡᠨ ᠤ ᠠᠷᠠᠳ ᠤᠨ ᠳᠠᠭᠤᠤ ᠶᠢᠨ ᠴᠢᠬᠤᠯᠠ ᠪᠦᠷᠢᠯᠳᠦᠭᠦᠨ ᠬᠡᠰᠡᠭ ᠪᠠᠶᠢᠵᠤ᠂ | ᠦᠪᠡᠷᠮᠢᠴᠡ ᠬᠡᠪ ᠨᠠᠮᠪᠠ ᠪᠠ ᠢᠯᠭᠤᠮ ᠰᠠᠶᠢᠬᠠᠨ ᠣᠨᠴᠠᠯᠢᠭ ᠢᠶᠠᠷ ᠢᠶᠠᠨ ᠨᠡᠶᠢᠳᠡ ᠤᠯᠠᠨ ᠳᠤ ᠮᠡᠳᠡᠷᠡᠭᠳᠡᠵᠦ᠂ ᠳᠠᠭᠤᠯᠠᠵᠤ ᠢᠯᠡᠳᠭᠡᠭᠰᠡᠨ ᠪᠠᠢᠳᠠᠯ ᠢᠶᠠᠷ ᠨᠢ ᠶᠡᠭᠡ | ᠲᠦᠯᠦᠪ ᠤᠷᠳᠤ ᠲᠠᠭᠤᠤ ︵ᠰᠢᠯᠦᠭ ᠲᠠᠭᠤᠤ︶ ᠪᠤᠯᠤᠨ ᠣᠬᠤᠷ ᠲᠠᠭᠤᠤ ︵ᠬᠤᠸᠠᠷ ᠲᠠᠭᠤᠤ︶ ᠭᠡᠵᠤ ᠬᠤᠶᠠᠷ ᠶᠡᠭᠡ ᠲᠦᠷᠦᠯ ᠳᠤ ᠬᠤᠪᠢᠶᠠᠵᠤ᠂ ᠠᠶᠠᠯᠭᠤ ᠶᠢᠨ | ᠭᠡᠪ ᠮᠠᠶ᠋ᠢᠭ ᠢᠶᠠᠷ ᠨᠢ ᠣᠷᠳᠣ ᠳᠠᠭᠤᠤ ᠶᠢᠨ ᠰᠢᠰᠲ᠋ᠧᠮ ᠪᠠ ᠪᠤᠭᠤᠨᠢ ᠲᠠᠭᠤᠣ ᠶᠢᠨ ᠰᠢᠰᠲ᠋ᠧᠮ ᠭᠡᠵᠤ ᠬᠤᠪᠢᠶᠠᠳᠠᠭ ᠪᠥᠭᠡᠳ ᠥᠪᠡᠷᠮᠢᠴᠡ ᠠᠭᠤᠯᠭ᠎ᠠ᠂ ᠳᠠᠭᠤᠯᠠᠬᠤ | ᠠᠶᠠᠯᠭᠤ ᠪᠠ ᠬᠡᠪ ᠨᠠᠮᠪᠠ ᠨᠢ ᠡᠷᠲᠡᠨ ᠤ ᠤᠷᠠᠳ ᠤᠨ ᠤᠤᠭᠠᠯ ᠬᠥᠭ ᠠᠶᠠᠰ ᠢ ᠪᠦᠷᠢᠨ ᠪᠦᠲᠦᠨ ᠬᠠᠳᠠᠭᠠᠯᠠᠵᠤ᠂ ᠠᠷᠠᠳ ᠤᠨ ᠳᠠᠭᠤᠤ ᠶᠢᠨ ᠤᠷᠠᠯᠢᠭᠴᠢᠳ | ᠨᠣᠲᠤᠭ ᠤᠨ ᠪᠤᠭᠤᠷᠤᠯᠴᠤᠳ ᠤᠨ ᠦᠶ᠎ᠡ ᠶᠢᠨ ᠦᠶ᠎ᠡ ᠳᠤ ᠤᠯᠠᠮᠵᠢᠯᠠᠨ ᠳᠠᠭᠤᠯᠠᠭᠰᠠᠨ ᠢᠶᠠᠷ ᠡᠳᠦᠭᠡ ᠪᠣᠯᠲᠠᠯ᠎ᠠ ᠤᠯᠠᠮᠵᠢᠯᠠᠭᠳᠠᠵᠤ᠂ ᠨᠡᠶᠢᠳᠡ ᠠᠷᠠᠳ ᠤᠨ ᠬᠦᠷᠳᠡᠭᠡᠯ | ᠪᠣᠯᠵᠤ ᠢᠷᠡᠭᠰᠡᠨ ᠶᠤᠮ᠃ | | | ᠤᠷᠠᠳ ᠤᠨ ᠳᠤᠮᠳᠠᠳᠤ ᠬᠤᠰᠢᠭᠤᠨ ᠤ ᠤᠯᠠᠭᠠᠨᠮᠥ᠋ᠴᠢᠷ ᠤᠨ ᠳᠠᠷᠤᠭ᠎ᠠ ᠤᠷᠠᠨ᠎ᠠ᠄ ︽ᠳᠤᠮᠳᠠᠳᠤ ᠤᠯᠤᠰ ᠤᠨ ᠠᠷᠠᠳ ᠤᠨ ᠳᠠᠭᠤᠤ ᠶᠢᠨ ᠴᠤᠭᠯᠠᠭᠠᠨ ᠳᠤ | ᠣᠷᠣᠯᠴᠠᠬᠤ ᠪᠠᠷ ᠳᠡᠮᠵᠢᠨ᠂ ᠪᠢᠳᠡ ᠤᠷᠠᠳ ᠠᠷᠠᠳ ᠤᠨ ᠳᠠᠭᠤᠤ ᠪᠠᠨ ᠤᠬᠠᠭᠤᠯᠤᠨ ᠳᠠᠭᠤᠷᠢᠰᠬᠠᠵᠤ᠂ ᠬᠤᠨ ᠭᠠᠯᠠᠭᠤᠨ ᠨᠤᠲᠤᠭ ᠤᠷᠠᠳ ᠤᠨ ᠳᠤᠮᠳᠠᠳᠤ | ᠬᠤᠰᠢᠭᠤᠨ ᠤ ᠪᠠᠨ ᠥᠯᠢᠭᠡᠷ ᠢ ᠤᠯᠠᠮᠵᠢᠯᠠᠨ ᠲᠡᠯᠭᠡᠷᠡᠬᠦᠯᠦᠭᠰᠡᠨ ᠶᠤᠮ᠃ ᠪᠢᠳᠡ ᠢᠳᠡᠪᠬᠢᠳᠠᠢ ᠪᠠᠷ ᠭᠠᠳᠠᠭᠰᠢ ᠪᠠᠨ ᠤᠬᠠᠭᠤᠯᠵᠤ ᠰᠤᠯᠢᠯᠴᠠᠪᠠᠯ ᠰᠠᠶ᠋ᠢ ᠤᠮᠠᠷᠠᠲᠤ | ᠬᠢᠯᠢ ᠶᠢᠨ ᠡᠬᠡ ᠭᠠᠵᠠᠷ ᠲᠤ ᠦᠨᠳᠦᠰᠦᠯᠡᠭᠰᠡᠨ ᠰᠢᠯᠢᠳᠡᠭ ᠰᠣᠶᠣᠯ ᠢᠶᠠᠨ ᠰᠢᠨ᠎ᠡ ᠴᠠᠭ ᠦᠶ᠎ᠡ ᠳᠤ ᠠᠮᠢᠯᠠᠭᠤᠯᠤᠨ ᠬᠥᠭᠵᠢᠭᠡᠵᠦ ᠴᠢᠳᠠᠨ᠎ᠠ︾ ᠭᠡᠪᠡ᠃ | | | | ᠪᠧᠨ ᠲᠧᠩ ᠬᠠᠮ ᠵᠠᠭᠤᠴᠢᠯᠠᠭᠤᠷ ᠠᠴᠠ ᠪᠠᠭᠤᠯᠭᠠᠨ ᠤᠷᠴᠢᠭᠤᠯᠪᠠ | | | | |