ᠡᠷᠲᠡ ᠤᠷᠢᠳᠤ ᠶᠢᠨ ᠴᠠᠭ ᠲᠤ᠂ ᠢᠮᠠᠭᠠᠲᠤ ᠶᠢᠨ ᠠᠭᠤᠯᠠ ᠶᠢᠨ ᠡᠮᠦᠨ᠎ᠡ ᠬᠤᠷᠮᠤᠢ ᠳᠤ᠂ ᠢᠷᠭᠠᠶᠢᠲᠤ ᠭᠤᠤᠯ ᠤᠨ ᠬᠦᠪᠡᠭᠡᠨ ᠳᠤ᠂ ᠨᠢᠭᠡᠨ ᠶᠠᠳᠠᠭᠤ ᠭᠦᠭᠰᠢᠨ | ᠡᠵᠢ ᠰᠠᠭᠤᠵᠤ ᠪᠠᠶᠢᠵᠠᠢ᠃ ᠬᠦᠭᠰᠢᠨ ᠡᠵᠢ ᠠᠯᠠᠭᠠᠨ ᠳᠡᠭᠡᠷ᠎ᠡ ᠪᠠᠨ ᠲᠠᠯᠪᠢᠪᠠᠯ ᠪᠦᠮᠪᠦᠷᠢᠨᠡᠮ᠂ ᠠᠮᠠᠨ ᠳᠠᠭᠠᠨ ᠭᠢᠪᠡᠯ ᠬᠠᠶᠢᠯᠤᠮᠠᠷ᠂ ᠴᠤᠷ ᠤᠨ ᠭᠠᠭᠴᠠ ᠬᠦᠪᠡᠭᠦᠨ | ᠲᠠᠢ ᠪᠠᠶᠢᠵᠠᠢ᠃ ᠬᠦᠦ ᠶᠢᠨ ᠬᠢᠨᠢ ᠨᠡᠷ᠎ᠡ ᠨᠢ ᠶᠠᠭᠠᠯᠳᠠᠢ ᠭᠡᠳᠡᠭ᠃ ᠬᠦᠭᠰᠢᠨ ᠡᠵᠢ ᠳᠡᠭᠡᠨ ᠲᠤᠶᠢᠯ ᠤᠨ ᠠᠴᠢᠯᠠᠯ ᠡᠯᠪᠡᠷᠢᠯ ᠲᠠᠢ ᠭᠡᠨ᠎ᠡ᠃ ᠶᠢᠰᠦᠨ ᠨᠠᠰᠤᠲᠠᠢ ᠠᠴᠠ | ᠡᠬᠢᠯᠡᠵᠦ ᠠᠪᠤ ᠶᠢᠨ ᠢᠶᠠᠨ ᠦᠮᠴᠢ ᠪᠤᠯᠭᠠᠨ ᠦᠯᠡᠳᠡᠭᠡᠭᠰᠡᠨ ᠬᠦᠷᠡᠩ ᠵᠡᠭᠡᠷᠳᠡ ᠮᠤᠷᠢ ᠪᠠᠨ ᠤᠨᠤᠵᠤ᠂ ᠶᠢᠰᠦᠨ ᠳᠠᠪᠬᠤᠷ ᠨᠤᠮᠤ ᠲᠠᠢ ᠨᠤᠮᠤ ᠰᠤᠮᠤ ᠪᠠᠨ | ᠮᠦᠷᠦᠪᠴᠢᠯᠡᠭᠡᠳ᠂ ᠢᠷᠭᠠᠶᠢᠲᠤ ᠶᠢᠨ ᠭᠤᠤᠯ ᠤᠨ ᠶᠡᠷᠡ ᠶᠢᠰᠦᠨ ᠲᠤᠬᠤᠢ ᠶᠢ ᠲᠤᠭᠤᠷᠢᠵᠤ᠂ ᠢᠮᠠᠭᠠᠲᠤ ᠶᠢᠨ ᠠᠭᠤᠯᠠ ᠶᠢᠨ ᠶᠡᠷᠡ ᠶᠢᠰᠦᠨ ᠳᠠᠪᠠᠭ᠎ᠠ ᠪᠠᠷ ᠳᠠᠪᠠᠵᠤ᠂ | ᠠᠩ ᠭᠦᠷᠦᠭᠡ ᠬᠢᠵᠦ ᠠᠮᠢᠳᠤᠷᠠᠨ᠂ ᠭᠦᠭᠰᠢᠨ ᠡᠵᠢ ᠲᠠᠢ ᠪᠠᠨ ᠬᠠᠷᠢᠯᠴᠠᠨ ᠲᠦᠰᠢᠭᠯᠡᠵᠦ᠂ ᠬᠤᠪᠢ ᠵᠠᠶᠠᠭ᠎ᠠ ᠪᠠᠨ ᠬᠠᠮᠲᠤᠳᠬᠠᠨ ᠠᠮᠢᠳᠤᠷᠠᠵᠤ ᠪᠠᠶᠢᠵᠠᠢ᠃ | ᠡᠨᠡᠷᠢᠩᠭᠦᠢ ᠡᠵᠢ ᠨᠢ ᠬᠦᠦ ᠪᠠᠨ ᠲᠤᠶᠢᠯ ᠢᠶᠠᠷ ᠡᠩᠭᠦᠷᠡᠶᠢᠯᠡᠨ ᠬᠠᠶᠢᠷᠠᠯᠠᠳᠠᠭ ᠭᠡᠨ᠎ᠡ᠃ ᠡᠳᠤᠷ ᠪᠦᠷᠢ ᠶᠢᠨ ᠦᠷᠯᠦᠭᠡ ᠡᠷᠲᠡ ᠬᠦᠦ ᠨᠢ ᠰᠠᠶᠢᠬᠠᠨ ᠨᠤᠶᠢᠷᠰᠤᠬᠤ | ᠳᠤ ᠡᠵᠢ ᠨᠢ ᠡᠷᠲᠡᠯᠡᠨ ᠪᠤᠰᠴᠤ ᠬᠦᠳᠡᠭᠡ ᠭᠡᠭᠡᠷ᠎ᠡ ᠪᠠᠷ ᠠᠷᠭᠠᠯ ᠲᠡᠭᠦᠳᠡᠭ᠃ ᠦᠷᠯᠦᠭᠡ ᠠᠷᠭᠠᠯ ᠲᠡᠭᠦᠬᠦ ᠪᠠᠷ ᠭᠠᠷᠬᠤ ᠪᠤᠯᠭᠠᠨ ᠭᠦᠭᠰᠢᠨ ᠡᠵᠢ ᠨᠢ ᠭᠤᠷᠤᠬ᠎ᠠ ᠶᠢᠨ | ᠬᠠᠵᠠᠭᠤ ᠳᠠᠬᠢ ᠨᠤᠭᠤᠭᠠᠨ ᠵᠦᠯᠭᠡᠨ ᠳᠡᠭᠡᠷ᠎ᠡ ᠬᠤᠶᠠᠷ ᠪᠤᠭᠤ ᠮᠦᠷᠭᠦᠯᠳᠦᠵᠦ ᠪᠠᠶᠢᠬᠤ ᠲᠠᠢ ᠲᠠᠭᠠᠷᠠᠯᠳᠤᠳᠠᠭ ᠭᠡᠨ᠎ᠡ᠃ ᠨᠠᠰᠤᠲᠠᠨ ᠭᠤᠧᠠᠢ ᠡᠨᠡᠬᠦ ᠤᠴᠠᠷᠠᠯ ᠢ ᠬᠦᠦ | ᠳᠡᠭᠡᠨ ᠬᠡᠯᠡᠵᠦ ᠦᠭᠭᠦᠶ᠎ᠡ ᠭᠡᠵᠦ ᠭᠡᠳᠦ ᠤᠳᠠᠭ᠎ᠠ ᠪᠤᠳᠤᠭᠰᠠᠨ ᠪᠤᠯᠪᠠᠴᠤ ᠭᠡᠷ ᠲᠡᠭᠡᠨ ᠬᠠᠷᠢᠵᠤ ᠢᠷᠡᠭᠰᠡᠭᠡᠷ ᠶᠠᠭᠤ ᠴᠤ ᠦᠭᠡᠢ ᠪᠦᠷ ᠮᠠᠷᠲᠠᠴᠢᠬᠠᠳᠠᠭ᠃ | ᠨᠢᠭᠡᠨ ᠡᠳᠤᠷ ᠬᠦᠭᠰᠢᠨ ᠡᠵᠢ ᠠᠷᠭᠠᠯ ᠲᠡᠭᠦᠵᠤ ᠪᠠᠶᠢᠬᠤ ᠳᠤ ᠬᠤᠶᠠᠷ ᠪᠤᠭᠤ ᠪᠠᠰᠠ ᠯᠠ ᠮᠦᠷᠭᠦᠯᠳᠦᠭᠡᠳ᠂ ᠬᠡᠨ ᠬᠡᠨ ᠳᠡᠭᠡᠨ ᠴᠤ ᠨᠠᠶᠢᠷ ᠲᠠᠯᠪᠢᠬᠤ ᠦᠭᠡᠢ | ᠪᠠᠶᠢᠬᠤ ᠶᠢ ᠤᠯᠵᠤ ᠦᠵᠠᠪᠠ᠃ ᠡᠨᠡᠬᠦ ᠤᠴᠢᠷ ᠢ ᠮᠠᠷᠲᠠᠬᠤ ᠦᠭᠡᠢ ᠶᠢᠨ ᠲᠦᠯᠦᠭᠡ ᠬᠦᠭᠰᠢᠨ ᠡᠵᠢ ᠨᠢ ᠲᠤᠯᠤᠭᠠᠢ ᠳᠡᠭᠡᠷ᠎ᠡ ᠪᠠᠨ ᠬᠠᠮᠠᠷᠠᠭ ᠵᠡᠭᠦᠭᠡᠳ ᠭᠡᠷ ᠲᠡᠭᠡᠨ | ᠬᠠᠷᠢᠪᠠ᠃ ᠬᠦᠦ ᠨᠢ ᠡᠵᠢ ᠶᠢᠨ ᠢᠶᠠᠨ ᠡᠶᠢᠮᠦᠷᠬᠦ ᠳᠦᠷᠢ ᠪᠠᠶᠢᠳᠠᠯ ᠲᠠᠢ ᠪᠠᠶᠢᠬᠤ ᠶᠢ ᠦᠵᠡᠭᠡᠳ ᠭᠠᠶᠢᠬᠠᠵᠤ ᠠᠰᠠᠭᠤᠭᠰᠠᠨ ᠨᠢ᠄ ︽ ᠡᠵᠢ ᠡ᠂ ᠲᠠᠨ ᠤ ᠡᠨᠡ ᠴᠢᠨᠢ | ᠶᠠᠮᠠᠷ ᠤᠴᠢᠷ ᠪᠤᠯᠴᠢᠬᠠᠪᠠ︖︾ ᠭᠡᠬᠦ ᠳᠤ᠂ ᠡᠵᠢ ᠨᠢ᠄ ︽ᠠ᠂ ᠡᠵᠢ ᠨᠢ ᠴᠢᠮ᠎ᠠ ᠳᠤ ᠨᠢᠬᠡ ᠤᠴᠢᠷ ᠢ ᠬᠡᠯᠡᠶ᠎ᠡ ᠭᠡᠳ ᠮᠠᠷᠲᠠᠭᠠᠳ ᠯᠠ ᠪᠠᠶᠢᠨ᠎ᠠ᠂ ᠲᠡᠭᠡᠭᠡᠳ | ᠰᠠᠶ᠋ᠢ ᠡᠶᠢᠮᠦ ᠠᠷᠭ᠎ᠠ ᠶᠢ ᠠᠪᠴᠠᠢ︾ ᠭᠡᠵᠦ ᠬᠠᠷᠢᠭᠤᠯᠬᠤ ᠳᠤ ᠬᠦᠦ ᠨᠢ᠄ ︽ ᠶᠠᠮᠠᠷ ᠤᠴᠢᠷ ᠪᠤᠯᠴᠢᠬᠠᠪᠠ ᠳ᠋ᠠ︖︾ᠭᠡᠬᠦ ᠳᠤ᠂ ᠨᠠᠰᠤᠲᠠᠨ᠄ ︽ ᠪᠢ ᠡᠳᠦᠷ | ᠪᠤᠯᠭᠠᠨ ᠠᠷᠭᠠᠯ ᠲᠡᠭᠦᠬᠦ ᠪᠠᠷ ᠶᠠᠪᠤᠬᠤ ᠳᠤ᠂ ᠪᠤᠯᠠᠭ ᠤᠨ ᠬᠦᠪᠡᠭᠡᠨ ᠤ ᠵᠦᠯᠭᠡᠨ ᠳᠡᠭᠡᠷ᠎ᠡ ᠬᠤᠶᠠᠷ ᠪᠤᠭᠤ ᠮᠦᠷᠭᠦᠯᠳᠦᠨ ᠲᠡᠮᠡᠴᠡᠯᠳᠦᠵᠦ ᠪᠠᠶᠢᠬᠤ ᠲᠠᠢ | ᠲᠠᠭᠠᠷᠠᠯᠳᠤᠳᠠᠭ ᠶᠤᠮ︾ ᠭᠡᠯᠡ᠃ | ᠶᠠᠭᠠᠯᠳᠠᠢ ᠬᠦᠷᠡᠩ ᠵᠡᠭᠡᠷᠳᠡ ᠪᠠᠨ ᠤᠨᠤᠵᠤ᠂ ᠶᠢᠰᠦᠨ ᠳᠠᠪᠬᠤᠷ ᠨᠤᠮᠤ ᠲᠠᠢ ᠰᠤᠮᠤ ᠰᠠᠭᠠᠳᠠᠭ ᠢᠶᠠᠨ ᠠᠭᠰᠠᠵᠤ ᠢᠷᠭᠠᠶᠢᠲᠤ ᠶᠢᠨ ᠭᠤᠤᠯ ᠢ ᠲᠤᠭᠤᠯᠤᠨ᠂ | ᠢᠮᠠᠭᠠᠲᠤ ᠶᠢᠨ ᠠᠭᠤᠯᠠ ᠶᠢ ᠳᠠᠪᠠᠭᠠᠳ᠂ ᠦᠨᠦᠬᠢ ᠬᠤᠶᠠᠷ ᠪᠤᠭᠤ ᠶᠢ ᠠᠩᠨᠠᠨ ᠪᠠᠷᠢᠬᠤ ᠳᠤ᠂ ᠤᠨᠴᠠᠭᠠᠢ ᠭᠠᠶᠢᠬᠠᠯᠲᠠᠢ ᠨᠢ ᠬᠤᠶᠠᠷ ᠪᠤᠭᠤ ᠶᠢᠨ ᠪᠡᠶ᠎ᠡ ᠠᠴᠠ ᠨᠢᠭᠡ | ᠠᠯᠲᠠᠨ ᠶᠠᠰᠤ᠂ ᠨᠢᠭᠡ ᠮᠦᠩᠭᠦᠨ ᠶᠠᠰᠤ ᠤᠨᠠᠵᠤ ᠢᠷᠡᠭᠰᠡᠨ ᠭᠡᠨ᠎ᠡ᠃ | ᠶᠠᠭᠠᠯᠳᠠᠢ ᠶᠢᠨ ᠠᠯᠲᠠ ᠮᠦᠩᠬᠦᠨ ᠶᠠᠰᠤ ᠤᠯᠤᠭᠰᠠᠨ ᠴᠢᠮᠡᠭᠡ ᠨᠢ ᠤᠳᠠᠯ ᠦᠭᠡᠢ ᠬᠤᠪᠳᠤᠭ ᠰᠢᠨᠤᠬᠠᠢ ᠬᠠᠷᠠᠯᠳᠠᠢ ᠬᠠᠨ ᠤ ᠴᠢᠬᠢᠨ ᠳᠤ ᠤᠷᠤᠪᠠ᠃ ᠬᠡᠷᠪᠡ | ᠦᠨᠡᠨ ᠠᠯᠲᠠ ᠮᠦᠩᠭᠦᠨ ᠶᠠᠰᠤ ᠮᠦᠨ ᠶᠤᠮ ᠪᠤᠯ ᠲᠡᠷᠡ ᠨᠢ ᠯᠠᠪᠲᠠᠢ ᠳᠡᠭᠡᠳᠦ ᠲᠡᠭᠷᠢ ᠠᠴᠠ ᠰᠤᠶᠤᠷᠬᠠᠭᠰᠠᠨ ᠤᠯᠳᠠᠰᠢ ᠦᠭᠡᠢ ᠤᠷᠬᠤᠳᠠᠢ ᠪᠠᠶᠢᠬ᠎ᠠ ᠳ᠋ᠠ᠂ ᠬᠡᠷᠪᠡ | ᠡᠨᠡ ᠡᠷᠳᠡᠨᠢ ᠶᠢ ᠤᠯᠴᠢᠬᠠᠪᠠᠯ ᠬᠦᠭᠵᠢᠨ ᠳᠡᠭᠵᠢᠷᠡᠵᠦ᠂ ᠪᠠᠶᠠᠨ ᠡᠷᠬᠢᠮ ᠪᠤᠯᠬᠤ ᠨᠢ ᠳᠠᠮᠵᠢᠭ ᠦᠭᠡᠢ ᠭᠡᠵᠦ ᠬᠠᠷᠠᠯᠳᠠᠢ ᠬᠠᠨ ᠳᠤᠲᠤᠷ᠎ᠠ ᠪᠠᠨ ᠪᠤᠳᠤᠭᠠᠳ᠂ ᠤᠯᠠᠨ | ᠲᠦᠰᠢᠮᠡᠳ ᠢᠶᠠᠨ ᠴᠤᠭᠯᠠᠭᠤᠯᠵᠤ᠂ ᠵᠦᠪᠳᠠᠯᠴᠡᠨ ᠬᠤᠤᠪᠢᠯᠳᠤᠭᠰᠠᠨ ᠤ ᠬᠤᠶᠢᠨ᠎ᠠ᠂ ᠨᠠᠭᠠᠳᠤᠮ ᠤᠨ ᠬᠤᠷᠠᠯ ᠬᠢᠬᠦ ᠪᠠᠷ ᠳᠤᠬᠲᠠᠵᠤ᠂ ᠶᠠᠭᠠᠯᠳᠠᠢ ᠶᠢ ᠲᠤᠰᠬᠠᠶᠢᠯᠠᠨ | ᠤᠷᠢᠵᠤ᠂ ᠡᠨᠡᠬᠦ ᠦᠪᠡᠳᠡᠭᠰᠢ ᠶᠡᠭᠡ ᠨᠠᠶᠢᠷ ᠨᠠᠭᠠᠳᠤᠮ ᠳᠤ ᠤᠷᠤᠯᠴᠠᠭᠤᠯᠬᠤ ᠪᠠᠷ ᠪᠤᠯᠪᠠ᠃ | ᠶᠠᠭᠠᠯᠳᠠᠢ ᠬᠦᠷᠡᠩ ᠵᠡᠭᠡᠷᠳᠡ ᠪᠠᠨ ᠤᠨᠤᠵᠤ᠂ ᠨᠤᠮᠤ ᠰᠠᠭᠠᠳᠠᠭ ᠢᠶᠠᠨ ᠠᠭᠰᠠᠭᠠᠳ ᠶᠠᠭ ᠶᠠᠪᠤᠬᠤ ᠭᠡᠵᠤ ᠪᠠᠶᠢᠬᠤ ᠳᠤ ᠡᠵᠢ ᠨᠢ ᠬᠦᠦ ᠶᠢᠨ ᠢᠶᠠᠨ ᠭᠠᠷ ᠠᠴᠠ | ᠠᠳᠬᠤᠵᠤ ᠨᠢᠯᠪᠤᠰᠤ ᠪᠦᠮᠪᠦᠷᠢᠭᠦᠯᠦᠭᠰᠠᠭᠡᠷ ᠬᠦᠦ ᠳᠡᠭᠡᠨ ᠵᠠᠬᠢᠭᠰᠠᠨ ᠨᠢ᠄ ︽ᠬᠦᠦ ᠮᠢᠨᠢ ᠡ᠂ ᠰᠡᠷᠡᠮᠵᠢᠲᠠᠢ ᠶᠠᠪᠤᠭᠠᠷᠠᠢ︕ ᠨᠤᠶᠠᠨ ᠬᠦᠮᠦᠨ ᠢ ᠢᠲᠡᠭᠡᠵᠦ ᠪᠤᠯᠬᠤ | ᠦᠭᠡᠢ᠂ ᠨᠤᠶᠢᠲᠠᠨ ᠮᠤᠳᠤ ᠶᠢ ᠲᠦᠰᠢᠵᠦ ᠪᠤᠯᠬᠤ ᠦᠭᠡᠢ ᠰᠢᠤ︕︾ ᠭᠡᠯᠡ᠃ | ᠬᠦᠦ ᠨᠢ ᠡᠵᠢ ᠳᠡᠭᠡᠨ᠄ ︽ᠡᠵᠢ ᠡ᠂ ᠲᠠ ᠰᠠᠨᠠᠭ᠎ᠠ ᠠᠮᠤᠷ ᠪᠠᠶᠢᠭᠠᠷᠠᠢ᠂ ᠬᠦᠦ ᠶᠢᠨ ᠴᠢᠨᠢ ᠳᠡᠷᠭᠡᠳᠡ ᠶᠢᠰᠦᠨ ᠳᠠᠪᠬᠤᠷ ᠨᠤᠮᠤ ᠲᠠᠢ ᠨᠤᠮᠤ ᠰᠤᠮᠤ᠂ ᠬᠦᠷᠡᠩ | ᠵᠡᠭᠡᠷᠳᠡ ᠬᠦᠯᠦᠭ ᠮᠢᠨᠢ ᠪᠠᠶᠢᠳᠠᠭ ᠯᠠ ᠶᠤᠮ ᠪᠤᠯ᠂ ᠬᠦᠦ ᠴᠢᠨᠢ ᠪᠢ ᠦᠨᠳᠦᠷ ᠵᠡᠷᠭᠡ ᠦᠯᠡᠮᠵᠢ ᠹᠦᠩᠯᠦ ᠶᠢᠨ ᠡᠮᠦᠨ᠎ᠡ ᠯᠠᠪᠲᠠᠢ ᠲᠤᠯᠤᠭᠠᠢ ᠪᠦᠬᠦᠶᠢᠬᠦ ᠦᠭᠡᠢ ᠶᠤᠮ᠃ | ︾ ᠭᠡᠪᠡ᠃ | ᠲᠠᠯ᠎ᠠ ᠨᠤᠲᠤᠭ ᠤᠨ ᠦᠪᠡᠳᠡᠭᠰᠢ ᠶᠡᠭᠡ ᠨᠠᠶᠢᠷ ᠨᠠᠭᠠᠳᠤᠮ ᠬᠡᠳᠤᠨ ᠡᠳᠤᠷ ᠦᠷᠭᠦᠯᠵᠢᠯᠡᠪᠡ᠃ ᠬᠦᠷ ᠬᠦᠭᠵᠢᠶᠡᠨ ᠤ ᠳᠤᠮᠳᠠ᠂ ᠵᠢᠰᠦᠷ ᠬᠠᠨ ᠱᠦᠪᠦᠭᠡᠷ ᠡᠷᠡᠦ | ᠶᠢᠨ ᠢᠶᠠᠨ ᠢᠮᠠᠭᠠᠨ ᠰᠠᠬᠠᠯ ᠢᠶᠠᠨ ᠢᠯᠢᠨ ᠪᠠᠶᠢᠵᠤ᠄ ︽ᠡᠨᠡ ᠤᠳᠠᠭᠠᠨ ᠤ ᠨᠠᠶᠢᠷ ᠨᠠᠭᠠᠳᠤᠮ ᠤᠷᠢᠳᠤ ᠡᠮᠦᠨ᠎ᠡ ᠭᠠᠷᠤᠭᠠᠳᠤᠢ ᠦᠪᠡᠳᠡᠭᠰᠢ ᠶᠠᠪᠤᠭᠳᠠᠯ᠎ᠠ︾ ᠬᠡᠵᠦ | ᠬᠡᠯᠡᠬᠦ ᠳᠤ᠂ ᠤᠯᠠᠨ ᠲᠦᠰᠢᠮᠡᠳ ᠨᠢ ᠬᠠᠷᠢᠨ᠄ ︽ᠨᠠᠶᠢᠷ ᠨᠠᠭᠠᠳᠤᠮ ᠤᠷᠢᠳᠤ ᠭᠠᠷᠤᠭᠠᠳᠤᠢ ᠦᠪᠡᠳᠡᠭᠰᠢ ᠪᠤᠯᠤᠭᠰᠠᠨ ᠴᠤ ᠬᠠᠷᠠᠮᠰᠠᠯᠲᠠᠢ ᠨᠢ ᠭᠠᠷᠤᠳᠢ ᠶᠢᠨ ᠦᠳᠦ | ᠲᠤᠲᠠᠵᠤ ᠪᠠᠶᠢᠨ᠎ᠠ ᠳ᠋ᠠ︾ ᠬᠡᠵᠡᠬᠡᠪᠡ᠃ ᠲᠡᠭᠡᠬᠦ ᠳᠤ ᠬᠠᠨ ᠨᠢ᠄ ︽ᠶᠠᠪᠤᠬᠤ ᠬᠦᠮᠦᠨ ᠨᠢ ᠬᠠᠮᠢᠭ᠎ᠠ ᠪᠠᠶᠢᠨ᠎ᠠ︖ ᠤᠨᠤᠯᠭ᠎ᠠ ᠶᠢᠨ ᠲᠤᠮᠤ ᠮᠤᠷᠢ ᠨᠢ ᠬᠠᠮᠢᠭ᠎ᠠ | ᠪᠠᠶᠢᠨ᠎ᠠ︖ ᠠᠭᠰᠠᠬᠤ ᠨᠤᠮᠤ ᠰᠠᠭᠠᠳᠠᠭ ᠨᠢ ᠬᠡᠨ ᠤ ᠭᠠᠷ ᠲᠤ ᠪᠠᠶᠢᠨ᠎ᠠ︖︾ ᠭᠡᠬᠦ ᠳᠤ ᠤᠯᠠᠨ ᠲᠦᠰᠢᠮᠡᠳ ᠨᠢ ᠨᠢᠭᠡᠨ ᠳᠠᠭᠤᠨ ᠢᠶᠠᠷ᠄ ︽ᠶᠠᠪᠤᠬᠤ ᠬᠦᠮᠦᠨ | ᠪᠤᠯ ᠶᠠᠭᠠᠯᠳᠠᠢ᠂ ᠤᠨᠤᠯᠭ᠎ᠠ ᠶᠢᠨ ᠲᠤᠮᠤ ᠮᠤᠷᠢ ᠪᠤᠯ ᠬᠦᠷᠡᠩ ᠵᠡᠭᠡᠷᠳᠡ᠂ ᠠᠭᠰᠠᠬᠤ ᠨᠤᠮᠤ ᠰᠤᠮᠤ ᠪᠤᠯ ᠶᠢᠰᠦᠨ ᠨᠤᠮᠤᠲᠤ ᠰᠤᠮᠤ︾ ᠭᠡᠵᠦ ᠬᠠᠷᠢᠭᠤᠯᠪᠠ᠃ | ᠰᠡᠴᠡᠨ ᠮᠡᠷᠭᠡᠨ ᠠᠩᠴᠢᠨ ᠬᠦᠦ ᠶᠠᠭᠠᠯᠳᠠᠢ᠂ ᠬᠠᠷᠠᠯᠳᠠᠢ ᠬᠠᠨ ᠤ ᠪᠡᠰᠢᠷ ᠢ ᠮᠡᠳᠡᠭᠡᠳ᠂ ᠬᠦᠮᠦᠰ ᠤᠨ ᠠᠩᠬᠠᠷᠤᠮᠵᠢ ᠦᠭᠡᠢ ᠪᠠᠶᠢᠬᠤ ᠳᠤ ᠶᠢᠰᠦᠨ ᠨᠤᠮᠤᠲᠤ | ᠰᠤᠮᠤ ᠪᠠᠨ ᠠᠭᠰᠠᠵᠤ᠂ ᠬᠦᠷᠠᠩ ᠵᠡᠭᠡᠷᠳᠡ ᠮᠤᠷᠢᠨ ᠳᠠᠭᠠᠨ ᠮᠤᠷᠳᠠᠭᠠᠳ᠂ ᠭᠠᠷᠤᠳᠢ ᠶᠢᠨ ᠦᠳᠦ ᠶᠢ ᠡᠷᠢᠬᠦ ᠪᠠᠷ ᠠᠯᠤᠰ ᠲᠡᠷᠳᠡᠭᠡ ᠶᠠᠪᠤᠪᠠ᠃ ᠲᠡᠷᠡ ᠠᠭᠤᠯᠠᠨ ᠤ | ᠪᠠᠷᠲᠠᠭ᠎ᠠ᠂ ᠤᠰᠤᠨ ᠤ ᠠᠶᠤᠯ ᠠᠴᠠ ᠡᠮᠢᠶᠡᠯ ᠦᠭᠡᠢ ᠪᠠᠷ ᠰᠢᠭᠤᠳ ᠤᠷᠤᠭᠰᠢᠯᠠᠨ ᠶᠠᠪᠤᠯ᠎ᠠ᠃ ᠦᠳᠡ ᠪᠤᠯᠬᠤ ᠶᠢᠨ ᠠᠯᠳᠠ ᠳᠤ᠂ ᠨᠢᠭᠡᠨ ᠠᠶᠢᠯ ᠳᠤ ᠪᠠᠭᠤᠪᠠ᠃ | ᠲᠡᠷᠡ ᠮᠤᠷᠢ ᠪᠠᠨ ᠤᠶᠠᠵᠤ᠂ ᠨᠤᠮᠤ ᠰᠠᠭᠠᠳᠠᠭ ᠢᠶᠠᠨ ᠮᠤᠩᠭᠤᠯ ᠭᠡᠷ ᠤᠨ ᠳᠡᠭᠡᠪᠦᠷ ᠳᠡᠭᠡᠷ᠎ᠡ ᠨᠢ ᠲᠠᠯᠪᠢᠭᠠᠳ᠂ ᠭᠡᠷ ᠲᠤ ᠨᠢ ᠤᠷᠤᠵᠠᠢ᠃ ᠭᠡᠷ ᠲᠤ ᠤᠷᠤᠭᠠᠳ | ᠦᠵᠡᠭᠰᠡᠨ ᠴᠢᠨᠢ᠂ ᠭᠤᠷᠪᠠᠨ ᠬᠡᠤᠬᠡᠳ ᠪᠠᠶᠢᠭᠰᠠᠨ ᠪᠦᠭᠡᠳ ᠨᠢᠭᠡ ᠨᠢ ᠴᠢᠷᠠᠯᠠᠨ ᠤᠬᠢᠯᠠᠵᠤ᠂ ᠨᠢᠭᠡ ᠨᠢ ᠲᠡᠨᠡᠭᠯᠡᠨ ᠢᠨᠢᠶᠡᠵᠦ᠂ ᠨᠦᠭᠦᠭᠡ ᠨᠢᠭᠡ ᠨᠢ ᠠᠯᠢᠶᠠᠷᠬᠠᠨ | ᠨᠠᠭᠠᠳᠴᠤ ᠪᠠᠶᠢᠭ᠎ᠠ ᠨᠢ ᠶᠠᠭᠠᠯᠳᠠᠢ ᠳᠤ ᠬᠠᠴᠢᠨ ᠵᠢᠭᠲᠡᠢ ᠪᠤᠳᠤᠭᠳᠠᠵᠤ᠂ ᠠᠰᠠᠭᠤᠭᠰᠠᠨ ᠨᠢ᠄︽ᠡᠨᠡ ᠴᠢᠨᠢ ᠶᠠᠮᠠᠷ ᠤᠴᠢᠷ ᠪᠤᠯᠴᠢᠬᠠᠪᠠ︖︾ ᠭᠡᠬᠦ ᠳᠤ᠂ ᠬᠠᠮᠤᠭ | ᠤᠨ ᠪᠠᠭ᠎ᠠ ᠬᠡᠤᠬᠡᠳ ᠬᠠᠷᠢᠭᠤᠯᠤᠭᠰᠠᠨ ᠨᠢ᠄ ︽ᠪᠢᠳᠡ ᠠᠬ᠎ᠠ ᠳᠡᠭᠦᠦ ᠲᠠᠪᠤᠭᠤᠯᠠ ᠪᠠᠶᠢᠭᠰᠠᠨ ᠶᠤᠮ᠃ ᠶᠡᠭᠡ ᠠᠬ᠎ᠠ ᠪᠤᠯᠤᠨ ᠬᠤᠶᠠᠳᠤᠭᠠᠷ ᠠᠬ᠎ᠠ ᠨᠢᠭᠡᠨᠲᠠ ᠠᠪᠤᠷᠭᠤ | ᠮᠤᠭᠠᠢ ᠳᠤ ᠵᠠᠯᠭᠢᠭᠳᠠᠪᠠ᠃ ᠭᠤᠷᠪᠠᠳᠤᠭᠠᠷ ᠠᠬ᠎ᠠ ᠦᠨᠦᠳᠦᠷ ᠵᠠᠯᠭᠢᠭᠳᠠᠬᠤ ᠭᠡᠵᠦ ᠪᠤᠢ᠂ ᠲᠡᠶᠢᠮᠦ ᠠᠴᠠ ᠲᠡᠷᠡ ᠤᠬᠢᠯᠠᠵᠤ ᠪᠤᠢ᠃ ᠳᠦᠷᠪᠡᠳᠦᠭᠡᠷ ᠠᠬ᠎ᠠ ᠮᠠᠷᠭᠠᠰᠢ | ᠵᠠᠯᠭᠢᠭᠳᠠᠬᠤ ᠭᠡᠵᠦ ᠪᠠᠶᠢᠬᠤ ᠪᠤᠯᠬᠤᠷ ᠲᠡᠷᠡ ᠲᠡᠨᠡᠭᠰᠢᠨ ᠢᠨᠢᠶᠡᠵᠦ ᠪᠠᠶᠢᠨ᠎ᠠ᠃ ᠨᠦᠭᠦᠭᠡᠳᠦᠷ ᠮᠢᠨᠦ ᠡᠭᠡᠯᠵᠢ ᠪᠤᠯᠤᠭᠰᠠᠨ ᠪᠠᠶᠢᠬ᠎ᠠ᠂ ᠲᠡᠶᠢᠮᠦ ᠠᠴᠠ ᠪᠢ ᠰᠡᠯᠡᠭᠦᠴᠡᠨ | ᠨᠠᠭᠠᠳᠴᠤ ᠪᠠᠶᠢᠭ᠎ᠠ ᠨᠢ ᠡᠨᠡ ᠪᠢᠯᠡ︾ ᠭᠡᠵᠦ ᠬᠠᠷᠢᠭᠤᠯᠪᠠ᠃ | ᠶᠠᠭᠠᠯᠳᠠᠢ᠄︽ᠡᠵᠢ ᠴᠢᠨᠢ ᠬᠠᠮᠢᠭ᠎ᠠ ᠶᠠᠪᠤᠭᠰᠠᠨ ᠪᠤᠢ︖︾ ᠭᠡᠵᠦ ᠠᠰᠠᠭᠤᠬᠤ ᠳᠤ ᠬᠠᠮᠤᠭ ᠤᠨ ᠵᠢᠭᠠᠯ ᠨᠢ᠄ ︽ ᠠᠷᠭᠠᠯ ᠲᠡᠭᠦᠬᠦ ᠪᠠᠷ ᠶᠠᠪᠤᠭᠰᠠᠨ︾ ᠭᠡᠪᠡ᠃ | ᠶᠠᠭᠠᠯᠳᠠᠢ ᠪᠠᠰᠠ᠄ ︽ᠲᠤᠮᠤ ᠠᠪᠤᠷᠭᠤ ᠮᠤᠭᠠᠢ ᠬᠠᠮᠢᠭ᠎ᠠ ᠪᠠᠶᠢᠨ᠎ᠠ︖︾ ᠭᠡᠵᠦ ᠠᠰᠠᠭᠤᠬᠤ ᠳᠤ ᠵᠢᠭᠠᠯ ᠬᠦᠪᠡᠭᠦᠨ᠄ ︽ᠡᠵᠢ ᠶᠢᠨ ᠬᠡᠯᠡᠬᠦ ᠪᠠᠷ᠂ ᠲᠡᠷᠡ ᠬᠦ ᠬᠠᠷ᠎ᠠ | ᠪᠠᠷᠠᠭᠠᠨ ᠶᠠᠭᠤᠮ᠎ᠠ ᠪᠤᠯ ᠳᠠᠷᠤᠢ ᠠᠪᠤᠷᠭᠤ ᠮᠤᠭᠠᠢ ᠮᠦᠨ ᠭᠡᠨ᠎ᠡ︾ ᠭᠡᠵᠦ ᠬᠠᠷᠢᠭᠤᠯᠬᠤ ᠶᠢᠨ ᠳᠠᠭᠠᠤ ᠵᠡᠭᠦᠨ ᠬᠤᠶᠢᠳᠤ ᠵᠦᠭ ᠲᠤ ᠶᠡᠭᠡ ᠠᠭᠤᠯᠠ ᠰᠢᠭ᠋ | ᠬᠦᠨᠳᠡᠯᠢᠰᠦᠨ ᠬᠡᠪᠲᠡᠵᠦ ᠪᠠᠶᠢᠭ᠎ᠠ ᠬᠠᠷ᠎ᠠ ᠪᠠᠷᠠᠭᠠᠨ ᠠᠮᠢᠲᠠᠨ ᠢ ᠵᠢᠭᠠᠵᠤ᠄ ︽ ᠲᠡᠷᠡ ᠡᠳᠤᠷ ᠪᠦᠷᠢ ᠶᠢᠨ ᠦᠳᠡ ᠪᠤᠯᠬᠤ ᠳᠤ ᠠᠳᠡ ᠬᠦᠷᠴᠦ ᠢᠷᠡᠭᠡᠳ ᠮᠠᠨᠠᠶᠢᠬᠢ | ᠶᠢᠨ ᠨᠢᠭᠡ ᠶᠢ ᠵᠠᠯᠭᠢᠵᠤ ᠢᠳᠡᠳᠡᠭ︾ ᠭᠡᠵᠦ ᠬᠠᠷᠢᠭᠤᠯᠪᠠ᠃ | ᠶᠠᠭᠠᠯᠳᠠᠢ ᠰᠤᠨᠤᠰᠤᠮᠠᠭᠴᠠ ᠪᠠᠨ᠂ ᠡᠳᠡᠭᠡᠷ ᠬᠦᠭᠡᠷᠦᠬᠦᠨ ᠵᠢᠭᠠᠯ ᠤᠳ ᠤᠨ ᠠᠮᠢ ᠶᠢ ᠠᠪᠤᠷᠠᠬᠤ ᠶᠢᠨ ᠲᠦᠯᠦᠭᠡ᠂ ᠬᠠᠨ ᠤ ᠵᠠᠷᠯᠢᠭ ᠢ ᠬᠠᠶᠢᠬᠤᠷᠤᠭᠰᠠᠨ ᠦᠭᠡᠢ | ᠪᠠᠷ᠂ ᠶᠢᠰᠦᠨ ᠨᠤᠮᠤᠲᠤ ᠨᠤᠮᠤ ᠰᠤᠮᠤ ᠪᠠᠨ ᠠᠪᠴᠤ᠂ ᠪᠦᠬᠦ ᠪᠡᠶ᠎ᠡ ᠶᠢᠨ ᠡᠷ᠎ᠡ ᠴᠢᠳᠠᠯ ᠢᠶᠠᠨ ᠰᠢᠪᠬᠠᠨ᠂ ᠨᠤᠮᠤ ᠪᠠᠨ ᠲᠦᠭᠦᠷᠢᠭ ᠪᠤᠯᠲᠠᠯ᠎ᠠ ᠲᠡᠯᠡᠭᠡᠳ ᠬᠦᠯᠢᠶᠡᠪᠡ᠃ | ᠶᠠᠭ ᠦᠳᠡ ᠪᠤᠯᠬᠤ ᠶᠢᠨ ᠦᠶᠡᠰ ᠲᠤ᠂ ᠭᠡᠨᠡᠳᠲᠡ ᠬᠤᠢ ᠰᠠᠯᠬᠢ ᠬᠡᠶᠢᠰᠴᠦ᠂ ᠭᠱᠡᠨ ᠵᠠᠭᠤᠷ᠎ᠠ ᠲᠡᠭᠷᠢ ᠪᠦᠷᠬᠦᠵᠦ᠂ ᠭᠠᠵᠠᠷ ᠪᠤᠳᠤᠩᠭᠤᠶᠢᠷᠠᠨ ᠬᠠᠷᠠᠯᠠᠭᠠᠳ᠂ ᠡᠯᠡᠰᠦ | ᠰᠢᠷᠦᠢ ᠬᠡᠶᠢᠰᠴᠦ᠂ ᠬᠠᠶᠢᠷ ᠴᠢᠯᠠᠭᠤ ᠳᠡᠭᠳᠡᠭᠡᠳ᠂ ᠦᠨᠦᠬᠢ ᠬᠠᠷ᠎ᠠ ᠪᠠᠷᠠᠭᠠᠨ ᠲᠤᠮᠤ ᠠᠪᠤᠷᠭᠤ ᠮᠤᠭᠠᠢ ᠲᠡᠭᠷᠢ ᠶᠢᠨ ᠬᠠᠶᠠᠭᠠᠨ ᠠᠴᠠ ᠪᠠᠭᠤᠨ ᠢᠷᠡᠵᠦ᠂ ᠪᠦᠳᠦᠭᠦᠨ | ᠠᠮᠠ ᠪᠠᠨ ᠠᠩᠭᠠᠯᠵᠠᠨ ᠰᠢᠭᠤᠳ ᠳᠠᠭᠠᠷᠢᠨ ᠤᠷᠤᠵᠤ ᠢᠷᠡᠯ᠎ᠡ᠃ ᠠᠩᠴᠢᠨ ᠬᠦᠦ ᠶᠢᠨ ᠬᠠᠷᠪᠤᠭᠰᠠᠨ ᠰᠤᠮᠤ ᠦᠴᠦᠬᠡᠨ ᠴᠤ ᠮᠠᠳᠠᠭ ᠦᠭᠡᠢ ᠪᠠᠷ ᠠᠪᠤᠷᠭᠤ ᠮᠤᠭᠠᠢ | ᠶᠢᠨ ᠲᠤᠯᠤᠭᠠᠢ ᠪᠤᠯᠤᠨ ᠨᠢᠷᠦᠭᠤ ᠶᠢ ᠨᠢ ᠨᠡᠪᠲᠡ ᠬᠠᠷᠪᠤᠨ ᠴᠤᠭᠤᠯᠪᠠ᠃ ᠶᠠᠭᠠᠯᠳᠠᠢ ᠬᠦᠦ ᠲᠤᠮᠤ ᠠᠪᠤᠷᠭᠤ ᠮᠤᠭᠠᠢ ᠶᠢᠨ ᠦᠮᠦᠬᠡᠢ ᠴᠢᠰᠦᠨ ᠤ ᠰᠢᠩᠭᠡᠭ ᠦᠨᠦᠷ | ᠲᠤ ᠤᠬᠠᠭ᠎ᠠ ᠠᠯᠳᠠᠨ ᠮᠠᠨᠠᠷᠠᠵᠠᠢ᠃ | ᠡᠨᠡ ᠦᠶ᠎ᠡ ᠳᠤ᠂ ᠭᠤᠷᠪᠠᠨ ᠬᠡᠤᠬᠡᠳ ᠤᠨ ᠡᠵᠢ ᠨᠢ ᠤᠬᠢᠯᠠᠵᠤ ᠪᠠᠷᠬᠢᠷᠠᠭᠰᠠᠭᠠᠷ ᠮᠤᠩᠭᠤᠯ ᠭᠡᠷ ᠲᠡᠭᠡᠨ ᠭᠦᠶᠦᠨ ᠤᠷᠤᠵᠤ ᠢᠷᠡᠬᠦ ᠳᠤ᠂ ᠭᠤᠷᠪᠠᠨ ᠬᠡᠤᠬᠡᠳ | ᠨᠢ ᠬᠠᠷᠢᠨ ᠬᠤᠬᠢᠷᠠᠯ ᠠᠮᠰᠠᠭᠰᠠᠨ ᠦᠭᠡᠢ ᠡᠩᠬᠡ ᠮᠡᠨᠳᠦ ᠪᠠᠶᠢᠭᠰᠠᠨ ᠪᠦᠭᠡᠳ ᠵᠦᠪᠬᠡᠨ ᠭᠡᠷ ᠤᠨ ᠵᠡᠭᠦᠨ ᠬᠠᠶᠠᠭ᠎ᠠ ᠪᠠᠷ ᠨᠢᠭᠡᠨ ᠬᠦᠮᠦᠨ ᠦᠬᠦᠭᠰᠡᠨ ᠬᠦᠮᠦᠨ ᠮᠡᠲᠦ | ᠬᠡᠪᠲᠡᠵᠦ ᠪᠠᠶᠢᠯ᠎ᠠ᠃ | ᠡᠵᠢ ᠨᠢ ᠬᠡᠤᠬᠡᠳ ᠠᠴᠠ ᠪᠠᠨ᠄ ︽ ᠡᠨᠡ ᠬᠠᠮᠢᠭᠠᠬᠢ ᠬᠦᠮᠦᠨ ᠪᠤᠢ︖ ᠶᠠᠭᠠᠬᠢᠭᠠᠳ ᠠᠳᠡ ᠬᠡᠪᠲᠡᠵᠦ ᠪᠠᠶᠢᠬᠤ ᠶᠤᠮ ᠪᠤᠢ︖︾ ᠭᠡᠵᠦ ᠠᠰᠠᠭᠤᠬᠤ ᠳᠤ᠂ | ᠬᠡᠤᠬᠡᠳ ᠤᠳ ᠨᠢ᠄ ︽ ᠲᠡᠷᠡ ᠪᠤᠯ ᠲᠤᠮᠤ ᠠᠪᠤᠷᠭᠤ ᠮᠤᠭᠠᠢ ᠶᠢ ᠬᠠᠷᠪᠤᠵᠤ ᠠᠯᠠᠭᠠᠳ ᠠᠮᠢ ᠠᠪᠤᠷᠠᠭᠰᠠᠨ ᠠᠴᠢᠲᠤ ᠬᠦᠮᠦᠨ ᠮᠦᠨ︾ ᠭᠡᠳ᠂ ᠤᠴᠢᠷ ᠶᠠᠪᠤᠳᠠᠯ ᠤᠨ | ᠦᠩᠭᠡᠷᠡᠯᠲᠡ ᠶᠢ ᠡᠵᠢ ᠳᠡᠭᠡᠨ ᠨᠠᠷᠢᠨ ᠲᠤᠳᠤᠷᠬᠠᠢ ᠬᠡᠯᠡᠵᠦ ᠦᠭᠴᠡᠢ᠃ ᠡᠵᠢ ᠨᠢ ᠡᠨᠡᠬᠦ ᠦᠭᠡ ᠨᠦᠭᠦᠳ ᠢ ᠰᠤᠨᠤᠰᠤᠮᠠᠭᠴᠠ᠂ ᠶᠠᠭᠠᠷᠠᠤ ᠰᠠᠨᠳᠤᠷᠤᠤ ᠪᠠᠷ ᠠᠪᠳᠠᠷ᠎ᠠ | ᠠᠴᠠ ᠪᠠᠨ ᠭᠠᠷᠤᠳᠢ ᠶᠢᠨ ᠦᠳᠦ ᠪᠠᠨ ᠭᠠᠷᠭᠠᠵᠤ᠂ ᠮᠠᠨᠠᠷᠠᠨ ᠤᠨᠠᠭᠰᠠᠨ ᠠᠩᠴᠢᠨ ᠢ ᠠᠪᠤᠷᠠᠵᠤ ᠰᠡᠷᠭᠦᠭᠡᠭᠡᠳ᠄ ︽ᠵᠠᠯᠠᠭᠤ ᠮᠢᠨᠢ ᠡ᠂ ᠠᠯᠳᠠᠷ ᠨᠡᠷ᠎ᠡ ᠴᠢᠨᠢ ᠬᠡᠨ | ᠭᠡᠳᠡᠭ ᠪᠤᠢ︖ ᠶᠠᠮᠠᠷ ᠤᠴᠢᠷ ᠢᠶᠠᠷ ᠠᠳᠡ ᠢᠷᠡᠭᠰᠡᠨ ᠪᠤᠢ︖︾ ᠭᠡᠵᠦ ᠠᠰᠠᠭᠤᠬᠤ ᠳᠤ ᠶᠠᠭᠠᠯᠳᠠᠢ᠄ ︽ᠪᠢ ᠬᠠᠷᠠᠯᠳᠠᠢ ᠬᠠᠨ ᠤ ᠵᠠᠷᠯᠢᠭ ᠢᠶᠠᠷ ᠭᠠᠷᠤᠳᠢ ᠶᠢᠨ | ᠦᠳᠦ ᠶᠢ ᠡᠷᠢᠵᠦ ᠶᠠᠪᠤᠨ᠎ᠠ᠃ ᠬᠡᠷᠪᠡ ᠦᠨᠦᠳᠦᠷ ᠡᠷᠢᠵᠦ ᠤᠯᠬᠤ ᠦᠭᠡᠢ ᠪᠤᠯ ᠠᠮᠢ ᠨᠠᠰᠤᠨ ᠳᠤ ᠮᠢᠨᠢ ᠠᠶᠤᠯᠲᠠᠢ ᠪᠤᠯᠤᠨ᠎ᠠ ︾ ᠭᠡᠬᠦ ᠳᠤ ᠬᠦᠭᠰᠢᠨ ᠡᠵᠢ | ᠰᠤᠨᠤᠰᠤᠩᠭᠤᠳᠠ᠂ ᠭᠠᠷ ᠲᠠᠬᠢ ᠭᠠᠷᠤᠳᠢ ᠶᠢᠨ ᠦᠳᠦ ᠪᠠᠨ ᠠᠩᠴᠢᠨ ᠬᠦᠦ ᠳᠤ ᠭᠠᠷᠳᠠᠭᠤᠯᠵᠤ᠄ ︽ ᠡᠨᠡ ᠪᠤᠯ ᠳᠠᠷᠤᠢ ᠴᠢᠨᠤ ᠡᠷᠢᠵᠦ ᠶᠠᠪᠤᠭ᠎ᠠ ᠭᠠᠷᠤᠳᠢ ᠶᠢᠨ | ᠦᠳᠦ ᠮᠦᠨ᠂ ᠴᠢ ᠠᠪᠤᠭᠠᠳ ᠶᠠᠪᠤ᠃ ᠬᠠᠷᠠᠯᠳᠠᠢ ᠬᠠᠨ ᠬᠡᠳᠦᠢ ᠬᠠᠷ᠎ᠠ ᠰᠡᠳᠬᠢᠯ᠂ ᠬᠠᠷᠭᠢᠰ ᠰᠠᠨᠠᠭ᠎ᠠ ᠲᠠᠢ ᠪᠠᠶᠢᠭᠰᠠᠨ ᠴᠤ᠂ ᠴᠢ ᠡᠷᠬᠡ ᠰᠦᠷᠲᠡᠨ ᠳᠤ ᠪᠠᠭᠤᠵᠤ | ᠦᠭᠬᠦ ᠦᠭᠡᠢ ᠯᠠ ᠶᠤᠮ ᠪᠤᠯ᠂ ᠬᠠᠷᠠᠯᠳᠠᠢ ᠬᠠᠨ ᠴᠢᠮ᠎ᠠ ᠶᠢ ᠶᠠᠭᠠᠬᠢᠵᠤ ᠴᠤ ᠴᠢᠳᠠᠬᠤ ᠦᠭᠡᠢ ᠳ᠋ᠠ ︾ ᠭᠡᠵᠡᠢ᠃ | ᠶᠠᠭᠠᠯᠳᠠᠢ ᠭᠠᠷᠤᠳᠢ ᠶᠢᠨ ᠦᠳᠦ ᠪᠠᠨ ᠬᠠᠨ ᠳᠤ ᠲᠤᠰᠢᠶᠠᠨ ᠦᠭᠪᠡ᠃ ᠭᠡᠲᠡᠯ᠎ᠡ ᠬᠠᠷᠠᠯᠳᠠᠢ ᠬᠠᠨ ᠪᠠᠰᠠ ᠯᠠ ᠰᠡᠳᠬᠢᠯ ᠬᠠᠨᠤᠭᠰᠠᠨ ᠦᠭᠡᠢ ᠪᠠᠷ ᠨᠢᠳᠤ ᠪᠠᠨ | ᠰᠡᠶᠢᠮᠡᠶᠢᠯᠭᠡᠨ᠄ ︽ᠮᠠᠨ ᠤ ᠨᠠᠶᠢᠷ ᠨᠠᠭᠠᠳᠤᠮ ᠦᠨᠡᠭᠡᠷ ᠤᠷᠢᠳ ᠡᠮᠦᠨ᠎ᠡ ᠭᠠᠷᠤᠭ᠎ᠠ ᠦᠭᠡᠢ ᠦᠪᠡᠳᠡᠭᠰᠢ ᠶᠡᠬᠡᠪᠡᠷ ᠶᠠᠪᠤᠭᠳᠠᠯ᠎ᠠ ︾ ᠭᠡᠬᠦ ᠳᠤ᠂ ᠲᠦᠰᠢᠮᠡᠳ ᠨᠢ ︽ | ᠨᠠᠶᠢᠷ ᠨᠠᠭᠠᠳᠤᠮ ᠴᠤ ᠵᠤᠶᠢᠷᠯᠡᠰᠢ ᠦᠭᠡᠢ ᠦᠪᠡᠳᠡᠭᠰᠢ ᠶᠡᠭᠡ ᠪᠠᠷ ᠶᠠᠪᠤᠭᠳᠠᠯ᠎ᠠ᠂ ᠭᠡᠲᠡᠯ᠎ᠡ ᠪᠠᠰᠠ ᠠᠪᠤᠷᠭᠤ ᠮᠤᠭᠠᠢ ᠶᠢᠨ ᠰᠦᠰᠦ ᠲᠤᠲᠠᠵᠤ ᠪᠠᠶᠢᠨ᠎ᠠ ︾ ᠭᠡᠪᠡ᠃ | ᠬᠠᠷᠠᠯᠳᠠᠢ ᠬᠠᠨ ᠵᠠᠯᠭᠠᠭᠠᠳ ᠠᠰᠠᠭᠤᠭᠰᠠᠨ ᠨᠢ᠄ ︽ ᠶᠠᠪᠤᠬᠤ ᠬᠦᠮᠦᠨ ᠨᠢ ᠬᠠᠮᠢᠭ᠎ᠠ ᠪᠠᠶᠢᠨ᠎ᠠ︖ ᠤᠨᠤᠯᠭ᠎ᠠ ᠶᠢᠨ ᠬᠦᠯᠦᠭ ᠮᠤᠷᠢ ᠨᠢ ᠬᠠᠮᠢᠭ᠎ᠠ ᠪᠠᠶᠢᠨ᠎ᠠ︖ | ᠠᠭᠰᠠᠬᠤ ᠨᠤᠮᠤ ᠰᠠᠭᠠᠳᠠᠭ ᠨᠢ ᠬᠡᠨ ᠤ ᠭᠠᠷ ᠲᠤ ᠪᠠᠶᠢᠨ᠎ᠠ︖ ︾ ᠭᠡᠬᠦ ᠳᠤ᠂ ᠲᠦᠰᠢᠮᠡᠳ ᠨᠢ ᠨᠢᠭᠡᠨ ᠳᠠᠭᠤᠨ ᠢᠶᠠᠷ᠄ ︽ ᠶᠠᠪᠤᠬᠤ ᠬᠦᠮᠦᠨ ᠪᠤᠯ ᠶᠠᠭᠠᠯᠳᠠᠢ᠂ | ᠤᠨᠤᠯᠭ᠎ᠠ ᠶᠢᠨ ᠬᠦᠯᠦᠭ ᠮᠤᠷᠢ ᠪᠤᠯ ᠬᠦᠷᠡᠩ ᠵᠡᠭᠡᠷᠳᠡ᠂ ᠠᠭᠰᠠᠬᠤ ᠨᠤᠮᠤ ᠰᠤᠮᠤ ᠪᠤᠯ ᠶᠢᠰᠦᠨ ᠨᠤᠮᠤᠲᠤ ᠰᠤᠮᠤ ︾ ᠭᠡᠵᠤ ᠬᠠᠷᠢᠭᠤᠯᠪᠠ᠃ | ᠶᠠᠭᠠᠯᠳᠠᠢ ᠬᠦᠦ ᠬᠠᠨ ᠤ ᠵᠠᠷᠯᠢᠭ ᠢᠶᠠᠷ ᠶᠠᠪᠤᠭᠰᠠᠭᠠᠷ ᠪᠠᠶᠢᠵᠤ᠂ ᠶᠠᠭ ᠰᠠᠶᠢᠬᠠᠨ ᠲᠦᠮᠡᠨ ᠲᠡᠮᠡᠭᠡ ᠬᠠᠷᠢᠭᠤᠯᠤᠭᠰᠠᠨ ᠴᠢᠬᠢᠷᠠᠭ ᠲᠡᠩᠬᠡᠯᠡᠭᠦᠨ ᠪᠡᠶ᠎ᠡ ᠲᠠᠢ᠂ ᠨᠢᠭᠡᠨ | ᠰᠢᠷ᠎ᠠ ᠡᠪᠦᠭᠡᠨ ᠲᠠᠢ ᠤᠴᠠᠷᠠᠪᠠ᠃ ᠲᠡᠮᠡᠭᠡᠴᠢᠨ ᠡᠪᠦᠭᠡᠨ ᠶᠠᠭᠠᠯᠳᠠᠢ ᠠᠴᠠ ᠬᠡᠨ ᠤ ᠵᠠᠷᠯᠢᠭ ᠢᠶᠠᠷ ᠶᠠᠪᠤᠵᠤ ᠪᠠᠶᠢᠬᠤ ᠶᠢ ᠨᠢ ᠠᠰᠠᠭᠤᠬᠤ ᠳᠤ᠂ ᠶᠠᠭᠠᠯᠳᠠᠢ᠄ ︽ᠪᠢ | ᠬᠠᠷᠠᠯᠳᠠᠢ ᠬᠠᠨ ᠤ ᠵᠠᠷᠯᠢᠭ ᠢᠶᠠᠷ ᠠᠪᠤᠷᠭᠤ ᠮᠤᠭᠠᠢ ᠶᠢᠨ ᠰᠦᠰᠦ ᠶᠢ ᠡᠷᠢᠵᠦ ᠤᠯᠬᠤ ᠪᠠᠷ ᠶᠠᠪᠤᠵᠤ ᠪᠠᠶᠢᠨ᠎ᠠ ︾ ᠭᠡᠵᠦ ᠬᠠᠷᠢᠭᠤᠯᠪᠠ᠃ ᠡᠪᠦᠭᠡᠨ᠄ ︽ᠬᠦᠭᠡᠷᠦᠬᠦᠢ | ᠬᠦᠦ ᠮᠢᠨᠢ ᠳ᠋ᠠ᠂ ᠴᠢᠮ᠎ᠠ ᠳᠤ ᠤᠯᠵᠤ ᠠᠪᠬᠤ ᠠᠷᠭ᠎ᠠ ᠪᠠᠶᠢᠨ᠎ᠠ ᠤᠤ︖ ᠠᠪᠤᠷᠭᠤ ᠮᠤᠭᠠᠢ ᠶᠢᠨ ᠰᠦᠰᠦ ᠪᠠᠷᠠᠭᠤᠨ ᠲᠠᠯ᠎ᠠ ᠶᠢᠨ ᠦᠨᠳᠦᠷ ᠠᠭᠤᠯᠠᠨ ᠤ ᠡᠮᠦᠨ᠎ᠡ | ᠬᠤᠷᠮᠤᠢ ᠳᠤ ᠪᠠᠶᠢᠬᠤ ᠮᠦᠷᠲᠡᠭᠡᠨ ᠲᠡᠷᠡ ᠠᠪᠤᠷᠭᠤ ᠮᠤᠭᠠᠢ ᠡᠳᠦᠷ ᠪᠦᠷᠢ ᠨᠠᠷᠠ ᠮᠠᠨᠳᠤᠬᠤ ᠶᠢᠨ ᠦᠶᠡᠰ ᠢᠶᠠᠷ ᠪᠤᠰᠴᠤ᠂ ᠦᠳᠡ ᠪᠤᠯᠬᠤ ᠶᠢᠨ ᠬᠢᠷᠢ ᠳᠤ ᠬᠠᠷ᠎ᠠ | ᠦᠩᠭᠡ ᠲᠠᠢ ᠪᠤᠯᠵᠤ᠂ ᠦᠳᠡᠰᠢ ᠤᠷᠤᠢ ᠪᠤᠯᠬᠤ ᠳᠤ ᠨᠡᠩ ᠠᠶᠤᠮᠠᠷ ᠪᠤᠯᠳᠠᠭ᠃ ᠳᠡᠭᠡᠳᠦ ᠤᠷᠤᠭᠤᠯ ᠨᠢ ᠲᠡᠭᠷᠢ ᠶᠢᠨ ᠤᠳᠤᠳ ᠢ ᠲᠤᠯᠭᠠᠭᠤᠷᠢᠯᠠᠵᠤ᠂ ᠳᠤᠤᠷᠠᠲᠤ | ᠤᠷᠤᠭᠤᠯ ᠢᠶᠠᠨ ᠭᠠᠵᠠᠷ ᠲᠤ ᠰᠢᠷᠭᠤᠭᠤᠯᠤᠭᠰᠠᠨ ᠠᠪᠤᠷᠭᠤ ᠠᠮᠢᠲᠠᠨ ᠪᠤᠯᠳᠠᠭ᠃ ᠬᠦᠦ ᠮᠢᠨᠢ ᠡ︕ ᠴᠢ ᠤᠴᠢᠵᠤ ᠲᠤᠷᠰᠢᠵᠤ ᠦᠵᠡ ᠯᠡ ᠳ᠋ᠡ ︾ ᠭᠡᠵᠦ ᠬᠡᠯᠡᠵᠦ | ᠦᠭᠬᠦᠯ᠎ᠡ᠃ | ᠠᠩᠴᠢᠨ ᠬᠦᠦ ᠶᠠᠭᠠᠯᠳᠠᠢ᠂ ᠲᠡᠮᠡᠭᠡᠴᠢᠨ ᠡᠪᠦᠭᠡᠨ ᠤ ᠦᠭᠡ ᠶᠢ ᠪᠠᠲᠤ ᠴᠡᠭᠡᠵᠢᠯᠡᠵᠦ᠂ ᠪᠠᠷᠠᠭᠤᠨ ᠠᠭᠤᠯᠠᠨ ᠤ ᠬᠤᠷᠮᠤᠢ ᠳᠤ ᠰᠢᠭᠤᠳ ᠬᠦᠷᠴᠦ ᠪᠠᠭᠤᠳᠠᠯᠯᠠᠪᠠ᠃ | ᠳᠠᠷᠠᠭ᠎ᠠ ᠡᠳᠦᠷ ᠤᠨ ᠬᠢᠨᠢ ᠦᠷᠯᠦᠭᠡ ᠡᠷᠲᠡ ᠪᠤᠰᠴᠤ᠂ ᠪᠤᠭᠤ ᠶᠢᠨ ᠡᠪᠡᠷ ᠢᠶᠠᠷ ᠠᠮᠠᠭᠠᠢ ᠬᠢᠵᠦ᠂ ᠵᠡᠭᠡᠷ᠎ᠡ ᠶᠢᠨ ᠠᠷᠠᠰᠤ ᠪᠠᠷ ᠴᠤᠯᠪᠤᠭᠤᠷ ᠬᠢᠬᠦ ᠪᠠᠷ ᠪᠡᠯᠡᠳᠬᠡᠪᠡ᠃ | ᠨᠠᠷᠠ ᠮᠠᠨᠳᠤᠬᠤ ᠶᠢᠨ ᠦᠶ᠎ᠡ ᠳᠤ᠂ ᠠᠭᠤᠯᠠᠨ ᠤ ᠡᠩᠭᠡᠷ ᠲᠤ ᠬᠦᠷᠴᠦ ᠦᠵᠡᠭᠰᠡᠨ ᠴᠢᠨᠢ᠂ ᠦᠨᠡᠭᠡᠷ ᠨᠢᠭᠡ ᠮᠤᠨᠳᠠᠭ ᠶᠡᠭᠡ ᠠᠮᠢᠲᠠᠨ ᠬᠡᠪᠲᠡᠵᠦ ᠪᠠᠶᠢᠬᠰᠠᠨ ᠠᠴᠠ ᠪᠠᠨ | ᠪᠤᠰᠬᠤ ᠭᠡᠳ ᠳᠡᠯᠴᠢᠯᠡᠵᠦ ᠪᠠᠶᠢᠪᠠ᠃ ᠶᠠᠭᠠᠯᠳᠠᠢ ᠬᠤᠷᠴᠠ ᠱᠠᠯᠠᠮᠠᠭᠠᠢ ᠪᠠᠷ ᠬᠦᠷᠴᠦ ᠤᠴᠢᠨ ᠬᠠᠵᠠᠭᠠᠷᠯᠠᠭᠠᠳ ᠠᠪᠤᠯ᠎ᠠ᠃ ᠦᠳᠡ ᠪᠤᠯᠬᠤ ᠶᠢᠨ ᠠᠯᠳᠠ ᠳᠤ᠂ ᠡᠨᠡᠬᠦ | ᠠᠮᠢᠲᠠᠨ ᠦᠨᠡᠭᠡᠷ ᠬᠠᠷ᠎ᠠ ᠡᠷᠢᠶᠡᠨ ᠪᠤᠯᠵᠤ ᠬᠤᠪᠢᠷᠠᠭᠠᠳ᠂ ᠴᠤᠯᠪᠤᠭᠤᠷ ᠢ ᠲᠠᠰᠤᠯᠬᠤ ᠭᠡᠵᠦ ᠳᠡᠯᠴᠢᠯᠡᠯᠡ᠃ ᠶᠠᠭᠠᠯᠳᠠᠢ ᠠᠪᠤᠷᠭᠤ ᠮᠤᠭᠠᠢ ᠶᠢ ᠴᠢᠷᠴᠦ ᠬᠠᠨ ᠤ | ᠤᠷᠳᠤᠨ ᠳᠤ ᠬᠦᠷᠬᠦ ᠤᠶᠢᠷᠠᠲᠤᠬᠤ ᠳᠤ᠂ ᠨᠠᠷᠠ ᠶᠠᠭ ᠪᠠᠷᠠᠭᠤᠨᠰᠢᠯᠠᠵᠤ ᠰᠢᠩᠭᠡᠬᠦ ᠤᠶᠢᠷᠠᠲᠤᠯ᠎ᠠ᠃ ᠴᠢᠷᠦᠭᠳᠡᠵᠦ ᠶᠠᠪᠤᠭ᠎ᠠ ᠠᠪᠤᠷᠭᠤ ᠮᠤᠭᠠᠢ ᠬᠤᠷᠤᠮᠬᠠᠨ ᠵᠠᠭᠤᠷ᠎ᠠ | ᠳᠡᠭᠡᠳᠦ ᠤᠷᠤᠭᠤᠯ ᠨᠢ ᠲᠡᠭᠷᠢ ᠶᠢ ᠲᠤᠯᠵᠤ᠂ ᠳᠤᠤᠷᠠᠲᠤ ᠤᠷᠤᠭᠤᠯ ᠨᠢ ᠭᠠᠵᠠᠷ ᠲᠤ ᠰᠢᠬᠢᠳᠦᠭᠰᠡᠨ ᠠᠪᠤᠷᠭᠤ ᠲᠤᠮᠤ ᠠᠮᠢᠲᠠᠨ ᠪᠤᠯᠵᠤ᠂ ᠠᠩᠴᠢᠨ ᠬᠦᠦ ᠶᠠᠭᠠᠯᠳᠠᠢ | ᠪᠤᠯᠤᠨ ᠬᠦᠷᠡᠩ ᠵᠡᠭᠡᠷᠳᠡ ᠮᠤᠷᠢ᠂ ᠶᠢᠰᠦᠨ ᠨᠤᠮᠤ ᠲᠠᠢ ᠨᠤᠮᠤ ᠰᠤᠮᠤ ᠶᠢ ᠵᠠᠯᠭᠢᠴᠢᠬᠠᠮᠠᠷ ᠪᠠᠶᠢᠯ᠎ᠠ᠃ ᠬᠠᠷᠠᠯᠳᠠᠢ ᠬᠠᠨ ᠪᠤᠯᠤᠨ ᠤᠯᠠᠨ ᠲᠦᠰᠢᠮᠡᠳ ᠡᠨᠡᠬᠦ ᠪᠠᠶᠢᠳᠠᠯ ᠢ | ᠦᠵᠡᠮᠡᠭᠴᠡ ᠬᠡᠯᠮᠡᠭᠳᠡᠨ ᠰᠤᠴᠢᠵᠤ᠂ ᠦᠩᠭᠦᠯᠴᠡᠭ ᠢᠶᠠᠨ ᠬᠠᠭᠠᠷᠠᠲᠠᠯ᠎ᠠ ᠠᠶᠤᠭᠠᠳ ᠭᠤᠯᠵᠢᠢᠨ ᠤᠨᠠᠵᠤ ᠦᠬᠦᠴᠢᠭᠡᠭᠰᠡᠨ ᠭᠡᠨ᠎ᠡ᠃ | ᠰᠡᠴᠡᠨ ᠮᠡᠷᠭᠡᠨ ᠤᠬᠠᠭᠠᠨᠲᠤ ᠠᠩᠴᠢᠨ ᠬᠦᠦ ᠶᠠᠭᠠᠯᠳᠠᠢ ᠲᠠᠯ᠎ᠠ ᠨᠤᠲᠤᠭ ᠤᠨ ᠲᠦᠯᠦᠭᠡ ᠪᠤᠭ ᠴᠢᠳᠬᠦᠷ ᠢ ᠠᠷᠢᠯᠭᠠᠵᠤ ᠦᠭᠭᠦᠭᠰᠡᠨ ᠠᠴᠠ ᠬᠤᠶᠢᠰᠢ᠂ ᠲᠠᠯ᠎ᠠ | ᠨᠤᠲᠤᠭ ᠤᠨ ᠠᠷᠠᠳ ᠲᠦᠮᠡᠨ ᠳᠠᠬᠢᠵᠤ ᠳᠠᠷᠤᠯᠠᠯ ᠠᠮᠰᠠᠬᠤ ᠦᠭᠡᠢ ᠪᠤᠯᠵᠤ᠂ ᠠᠮᠤᠷ ᠵᠢᠮᠦᠷ ᠠᠵᠤ ᠲᠦᠷᠦᠨ ᠠᠮᠢᠳᠤᠷᠠᠬᠤ ᠪᠤᠯᠤᠭᠰᠠᠨ ᠭᠡᠨ᠎ᠡ᠃ | ︽ᠤᠷᠠᠳ ᠤᠨ ᠲᠤᠮᠳᠠᠳᠤ ᠬᠤᠰᠢᠭᠤᠨ ᠤ ᠤᠶᠢᠯᠠᠯᠭ᠎ᠠ︾ ᠠᠴᠠ ᠪᠠᠭᠤᠯᠭᠠᠪᠠ | |