ᠨᠢᠭᠡ᠂ ᠤᠭᠤᠷᠠᠭ ᠰᠦ ᠶᠢ ᠡᠷᠲᠡᠬᠡᠨ ᠤᠤᠭᠤᠯᠭᠠᠬᠤ ᠬᠡᠷᠡᠭᠲᠡᠢ ᠬᠤᠷᠠᠭ᠎ᠠ ᠢᠰᠢᠭᠡᠨ ᠳᠤ ᠤᠭᠤᠷᠠᠭ ᠰᠦ ᠶᠢ ᠡᠷᠲᠡᠬᠡᠨ ᠤᠤᠭᠤᠯᠭᠠᠬᠤ ᠶᠢᠨ ᠬᠠᠮᠲᠤ ᠭᠦᠢᠴᠡᠳ | ᠬᠡᠮᠵᠢᠶ᠎ᠡ ᠲᠠᠢ ᠪᠠᠶᠢᠯᠭᠠᠬᠤ ᠬᠡᠷᠡᠭᠲᠡᠢ᠃ ᠬᠤᠷᠠᠭ᠎ᠠ ᠢᠰᠢᠭᠡᠨ ᠤ ᠤᠤᠭᠤᠭᠰᠠᠨ ᠤᠭᠤᠷᠠᠭ ᠰᠦᠨ ᠤ ᠬᠡᠮᠵᠢᠶ᠎ᠡ ᠨᠢ ᠶᠡᠭᠡ ᠲᠥᠯᠥᠪ ᠪᠡᠶ᠎ᠡ ᠶᠢᠨ ᠬᠦᠨᠳᠦ ᠶᠢᠨ ᠢᠶᠠᠨ | 5% ᠶᠢ ᠡᠵᠡᠯᠡᠵᠦ᠂ ᠬᠠᠭᠠᠰ ᠬᠡᠮᠵᠢᠶ᠎ᠡ ᠶᠢ ᠨᠢ ᠰᠠᠶ᠋ᠢ ᠲᠦᠷᠦᠭᠰᠡᠨ ᠤ ᠳᠠᠷᠠᠭ᠎ᠠ ᠬᠡᠳᠦᠢ ᠡᠷᠲᠡ ᠤᠤᠭᠤᠪᠠᠯ ᠲᠡᠳᠦᠢ ᠰᠠᠶᠢᠨ᠂ ᠨᠥᠭᠦᠭᠡ ᠬᠠᠭᠠᠰ ᠬᠡᠮᠵᠢᠶ᠎ᠡ ᠶᠢ ᠨᠢ | ᠬᠤᠶᠢᠰᠢᠳᠠ ᠶᠢᠨ 10 ~12 ᠴᠠᠭ ᠤᠨ ᠳᠣᠲᠣᠷ᠎ᠠ ᠤᠤᠭᠤᠯᠭᠠᠵᠤ ᠪᠠᠷᠠᠭᠠᠨ᠎ᠠ᠃ | ᠬᠤᠶᠠᠷ᠂ ᠰᠦ ᠳᠤᠲᠠᠬᠤ ᠠᠴᠠ ᠰᠡᠷᠭᠡᠶᠢᠯᠡᠬᠦ ᠬᠡᠷᠡᠭᠲᠡᠢ ᠬᠤᠷᠠᠭ᠎ᠠ ᠢᠰᠢᠭᠡ ᠲᠦᠷᠦᠭᠰᠡᠨ ᠤ ᠳᠠᠷᠠᠭ᠎ᠠ ᠡᠬᠡ ᠶᠢᠨ ᠢᠶᠠᠨ ᠰᠦ ᠪᠠᠨ ᠣᠯᠵᠤ ᠤᠤᠭᠤᠬᠤ ᠦᠭᠡᠢ ᠪᠣᠯ | ᠬᠦᠴᠦ ᠲᠠᠮᠢᠷ ᠨᠢ ᠮᠠᠭᠤᠳᠠᠵᠤ᠂ ᠥᠯᠪᠡᠷᠴᠦ ᠦᠬᠦᠬᠦ ᠪᠠᠶᠢᠳᠠᠯ ᠵᠦᠩᠳᠡᠭᠡᠨ ᠭᠠᠷᠳᠠᠭ᠃ ᠡᠭᠦᠨ ᠢ ᠡᠷᠲᠡᠬᠡᠨ ᠤᠶᠢᠯᠠᠭᠠᠵᠤ᠂ ᠬᠥᠮᠥᠨ ᠤ ᠬᠦᠴᠦ ᠪᠠᠷ ᠬᠠᠯᠠᠭᠤᠨ ᠢ | ᠨᠡᠮᠡᠭᠳᠡᠭᠦᠯᠦᠨ᠂ ᠴᠠᠭ ᠲᠤᠬᠠᠢ ᠳᠤᠨᠢ 1/3 ~ 1/2 ᠴᠣᠮᠣ ᠤᠭᠤᠷᠠᠭ ᠰᠦ ᠤᠤᠭᠤᠯᠭᠠᠵᠤ᠂ ᠬᠤᠷᠠᠭ᠎ᠠ ᠢᠰᠢᠭᠡᠨ ᠤ ᠡᠪᠡᠳᠴᠢᠨ ᠢ ᠡᠰᠡᠷᠭᠦᠴᠡᠬᠦ ᠴᠢᠳᠠᠪᠤᠷᠢ ᠶᠢ | ᠨᠡᠮᠡᠭᠳᠡᠭᠦᠯᠦᠨ᠎ᠡ᠃ ᠬᠤᠷᠠᠭ᠎ᠠ ᠢᠰᠢᠭᠡ ᠵᠢᠭᠠᠬᠠᠨ ᠥᠰᠴᠦ ᠥᠭᠡᠯᠡᠢ ᠪᠣᠯᠪᠠᠯ ᠬᠥᠮᠥᠨ ᠤ ᠬᠦᠴᠦ ᠪᠠᠷ ᠤᠭᠵᠢᠵᠤ᠂ ᠪᠡᠶ᠎ᠡ ᠶᠢᠨ ᠬᠦᠨᠳᠦ ᠶᠢᠨ ᠬᠢᠨᠢ 1/5 ᠶᠢᠨ | ᠬᠡᠮᠵᠢᠶ᠎ᠡ ᠪᠠᠷ ᠤᠭᠵᠢᠭᠤᠷ ᠢᠶᠠᠷ ᠤᠭᠵᠢᠨ᠎ᠠ᠂ ᠡᠷᠲᠡ ᠣᠷᠣᠢ ᠳᠤ 2 ᠤᠳᠠᠭ᠎ᠠ ᠤᠭᠵᠢᠨ᠎ᠠ᠃ | ᠭᠤᠷᠪᠠ᠂ ᠬᠦᠢᠰᠦᠨ ᠤ ᠬᠠᠯᠳᠠᠪᠤᠷᠢᠯᠠᠯ ᠢ ᠰᠡᠷᠭᠡᠶᠢᠯᠡᠬᠦ ᠬᠡᠷᠡᠭᠲᠡᠢ ᠨᠢᠯᠬ᠎ᠠ ᠬᠤᠷᠠᠭ᠎ᠠ ᠢᠰᠢᠭᠡᠨ ᠤ ᠬᠦᠢᠰᠦ ᠨᠢ ᠲᠥᠷᠥᠭᠰᠡᠨ ᠤ ᠪᠠᠨ ᠳᠠᠷᠠᠭ᠎ᠠ ᠬᠡᠳᠦᠨ ᠡᠳᠦᠷ ᠲᠤ | ᠬᠠᠳᠠᠵᠤ ᠬᠠᠮᠰᠢᠢᠬᠤ ᠦᠭᠡᠢ ᠪᠠᠶᠢᠪᠠᠯ ᠬᠢᠴᠢᠶᠡᠭᠡᠷᠡᠢ᠂ ᠡᠨᠡ ᠨᠢ ᠪᠡᠶ᠎ᠡ ᠶᠢᠨ ᠭᠠᠳᠠᠨᠠᠬᠢ ᠪᠠᠺᠲ᠋ᠧᠷᠢ ᠶᠢᠨ ᠬᠤᠨᠢᠨ ᠤ ᠪᠡᠶ᠎ᠡ ᠳᠤ ᠣᠷᠣᠬᠤ ᠵᠠᠮ ᠪᠣᠯᠣᠨ᠎ᠠ᠃ ᠪᠠᠰᠠ ᠨᠢᠭᠡ | ᠵᠦᠢᠯ ᠨᠢ ᠬᠦᠢᠰᠦᠨ ᠤ ᠬᠠᠯᠳᠠᠪᠤᠷᠢᠯᠠᠯ ᠪᠣᠯᠣᠨ᠎ᠠ᠂ ᠬᠤᠷᠠᠭ᠎ᠠ ᠢᠰᠢᠭᠡ ᠲᠦᠷᠦᠭᠰᠡᠨ ᠤ ᠳᠠᠷᠠᠭᠠᠬᠢ ᠭᠤᠷᠪᠠᠨ ᠭᠠᠷᠠᠭ ᠤᠨ ᠳᠣᠲᠣᠷ᠎ᠠ ᠡᠪᠡᠳᠴᠢᠨ ᠤ ᠢᠯᠡᠷᠡᠯ ᠭᠠᠷᠬᠤ | ᠦᠭᠡᠢ ᠪᠣᠯᠪᠠᠴᠤ ᠦᠶ᠎ᠡ ᠶᠢᠨ ᠬᠡᠰᠡᠭ ᠲᠤᠨᠢ ᠢᠳᠡᠭᠡᠲᠦ ᠬᠠᠪᠤᠳᠠᠷ ᠭᠠᠷᠴᠤ᠂ ᠬᠥᠬᠦᠬᠦ ᠨᠢ ᠪᠠᠭᠠᠰᠴᠤ᠂ ᠥᠯᠪᠡᠷᠴᠦ ᠦᠬᠦᠳᠡᠭ᠃ | ᠳᠥᠷᠪᠡ᠂ ᠬᠤᠷᠠᠭ᠎ᠠ ᠢᠰᠢᠭᠡ ᠪᠠᠭᠠᠰᠤ ᠠᠯᠳᠠᠬᠤ ᠠᠴᠠ ᠰᠡᠷᠭᠡᠶᠢᠯᠡᠬᠦ ᠬᠡᠷᠡᠭᠲᠡᠢ ᠲᠦᠷᠦᠭᠰᠡᠨ ᠤ ᠳᠠᠷᠠᠭ᠎ᠠ 3 ᠡᠳᠦᠷ ᠤᠨ ᠳᠣᠲᠣᠷ᠎ᠠ ᠠᠰᠳᠠᠭᠠᠨ ᠲᠠᠰᠤᠯᠭ᠎ᠠ ᠠᠴᠠ | ᠰᠢᠯᠵᠢᠭᠦᠯᠦᠭᠡ ᠦᠭᠡᠢ ᠦᠶ᠎ᠡ ᠳᠤ᠂ ᠬᠤᠷᠠᠭ᠎ᠠ ᠢᠰᠢᠭᠡ ᠠᠮᠠᠷᠬᠠᠨ ᠪᠠᠭᠠᠰᠤ ᠠᠯᠳᠠᠵᠤ᠂ ᠤᠰᠤ ᠠᠯᠳᠠᠬᠤ ᠨᠢ ᠬᠦᠨᠳᠦ ᠨᠣᠴᠢᠲᠠᠢ ᠪᠤᠯᠪᠠᠯ ᠠᠮᠠᠷᠬᠠᠨ ᠦᠬᠦᠳᠡᠭ᠃ | ᠳᠣᠣᠷᠠᠬᠢ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠤᠷ ᠬᠢᠬᠦ ᠬᠡᠷᠡᠭᠲᠡᠢ᠄ | 1. ᠡᠮ᠎ᠡ ᠬᠤᠨᠢ ᠲᠥᠯᠯᠡᠬᠦ ᠠᠴᠠ ᠡᠮᠦᠨᠡᠬᠢ 30 ᠡᠳᠦᠷ ᠲᠤ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ ᠶᠢᠨ ᠸᠠᠺᠼᠢᠨ ᠤ ᠨᠠᠶᠢᠷᠠᠯᠭ᠎ᠠ ᠶᠢ ᠲᠠᠷᠢᠨ᠎ᠠ᠃ | 2. ᠡᠮ᠎ᠡ ᠬᠤᠨᠢ ᠲᠥᠯᠯᠡᠬᠦ ᠠᠴᠠ ᠡᠮᠦᠨ᠎ᠡ 30 ~ 45 ᠡᠳᠦᠷ ᠲᠤ ᠤᠩᠭᠠᠰᠤ ᠨᠣᠣᠰᠣ ᠶᠢ ᠨᠢ ᠬᠠᠶᠢᠴᠢᠯᠠᠬᠤ ᠪᠤᠶᠤ ᠬᠥᠬᠦᠨ ᠤ ᠬᠡᠰᠡᠭ ᠤᠨ ᠤᠩᠭᠠᠰᠤ | ᠨᠣᠣᠰᠣ ᠶᠢ ᠠᠰ ᠢᠶᠠᠷ ᠨᠢ ᠬᠠᠶᠢᠴᠢᠯᠠᠨ᠎ᠠ᠃ | 3. ᠲᠥᠯᠯᠡᠬᠦ ᠠᠴᠠ ᠡᠮᠦᠨ᠎ᠡ ᠱᠦᠭᠦᠷᠳᠡᠵᠦ ᠭᠠᠷᠭᠠᠭᠰᠠᠨ ᠳᠡᠪᠢᠰᠬᠡᠷ ᠡᠪᠡᠰᠦ ᠶᠢ ᠳᠠᠬᠢᠨ ᠬᠡᠷᠡᠭᠯᠡᠵᠦ ᠪᠣᠯᠬᠤ ᠦᠭᠡᠢ᠃ | 4. ᠡᠪᠡᠳᠴᠢᠨ ᠲᠠᠢ ᠬᠤᠷᠠᠭ᠎ᠠ ᠢᠰᠢᠭᠡᠨ ᠤ ᠠᠰᠳᠠᠭᠠᠨ ᠲᠠᠰᠤᠯᠭ᠎ᠠ ᠶᠢ ᠴᠡᠪᠡᠷᠯᠡᠨ ᠠᠷᠢᠭᠤᠳᠬᠠᠵᠤ᠂ ᠴᠣᠬᠤᠢ ᠶᠢᠨ ᠤᠰᠤ ᠰᠦᠷᠴᠢᠵᠦ᠂ ᠪᠠᠭᠠᠰᠤ | ᠪᠤᠷᠲᠠᠭ ᠲᠠᠢ ᠭᠠᠵᠠᠷ ᠢ ᠬᠠᠯᠠᠭᠤᠨ ᠴᠠᠶᠢᠷᠠᠭᠤᠯᠬᠤ ᠨᠤᠨᠳᠠᠭ ᠲᠠᠢ ᠤᠰᠤ ᠪᠠᠷ ᠠᠷᠴᠢᠨ᠎ᠠ᠃ | ᠲᠠᠪᠤ᠂ C ᠬᠡᠯᠪᠡᠷᠢ ᠶᠢᠨ ᠭᠡᠳᠡᠰᠦᠨ ᠤ ᠴᠢᠰᠤ ᠬᠤᠣᠷᠳᠠᠬᠤ ᠭᠡᠮ ᠢ ᠤᠷᠢᠳᠴᠢᠯᠠᠨ ᠰᠡᠷᠭᠡᠶᠢᠯᠡᠬᠦ ᠬᠡᠷᠡᠭᠲᠡᠢ ᠭᠤᠣᠯᠳᠠᠭᠤ ᠲᠦᠷᠦᠭᠡᠳ ᠨᠢᠭᠡ ᠠᠴᠠ ᠬᠤᠶᠠᠷ | ᠭᠠᠷᠠᠭ ᠤᠨ ᠬᠤᠭᠤᠴᠠᠭᠠᠨ ᠤ ᠬᠤᠷᠠᠭ᠎ᠠ ᠢᠰᠢᠭᠡᠨ ᠤ ᠰᠢᠮ᠎ᠡ ᠲᠡᠵᠢᠭᠡᠯ ᠰᠠᠮᠠᠭᠤᠷᠠᠬᠤ ᠦᠶ᠎ᠡ ᠳᠤ ᠲᠣᠬᠢᠶᠠᠯᠳᠤᠨ᠎ᠠ᠃ ᠬᠡᠷᠪᠡ ᠪᠤᠯᠢᠶᠠᠯᠳᠤᠨ ᠢᠳᠡᠵᠦ ᠬᠡᠳᠦ ᠴᠠᠳᠴᠤ᠂ | ᠡᠬᠢᠯᠡᠨ ᠲᠡᠵᠢᠭᠡᠯ ᠨᠥᠬᠦᠬᠦ ᠪᠤᠶᠤ ᠬᠥᠬᠦᠬᠦ ᠬᠡᠮᠵᠢᠶ᠎ᠡ ᠨᠢ ᠭᠡᠨᠡᠳᠲᠡ ᠨᠡᠮᠡᠭᠳᠡᠪᠡᠯ ᠳᠤᠰ ᠭᠡᠮ ᠳᠤ ᠨᠡᠷᠪᠡᠭᠳᠡᠭᠰᠡᠨ ᠪᠠᠶᠢᠵᠤ ᠮᠡᠳᠡᠨ᠎ᠡ᠃ ᠬᠤᠷᠠᠭ᠎ᠠ ᠢᠰᠢᠭᠡ | ᠡᠪᠡᠳᠴᠢᠨ ᠳᠤ ᠨᠡᠷᠪᠡᠭᠳᠡᠭᠰᠡᠨ ᠤ ᠰᠡᠭᠦᠯᠡᠷ᠂ ᠡᠪᠡᠳᠴᠢᠯᠡᠬᠦ ᠨᠢ ᠲᠦᠷᠭᠡᠨ᠂ ᠦᠷᠭᠦᠯᠵᠢ ᠭᠡᠨᠡᠳᠲᠡ ᠪᠠᠷ ᠦᠬᠦᠬᠦ ᠪᠤᠶᠤ ᠬᠡᠪᠡᠯᠢ ᠡᠪᠡᠳᠬᠦ᠂ ᠮᠠᠨᠠᠷᠠᠬᠤ᠂ 2 ~ 12 | ᠴᠠᠭ ᠤᠨ ᠳᠣᠲᠣᠷ᠎ᠠ ᠦᠬᠦᠬᠦ ᠢᠯᠡᠷᠡᠯ ᠲᠠᠢ ᠪᠠᠶᠢᠳᠠᠭ᠃ ᠭᠤᠣᠯᠳᠠᠭᠤ ᠳᠣᠣᠷᠠᠬᠢ ᠮᠡᠲᠦ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠤᠷ ᠬᠢᠨ᠎ᠡ᠄ | 1. ᠡᠮ᠎ᠡ ᠬᠤᠨᠢ ᠲᠥᠯᠯᠡᠬᠦ ᠠᠴᠠ ᠡᠮᠦᠨᠡᠬᠢ 30 ᠡᠳᠦᠷ ᠲᠤ ᠸᠠᠺᠼᠢᠨ ᠤ ᠲᠠᠷᠢᠯᠭ᠎ᠠ ᠬᠢᠨ᠎ᠡ᠃ | ᠸᠠᠺᠼᠢᠨ ᠤ ᠲᠠᠷᠢᠯᠭ᠎ᠠ ᠬᠢᠭᠰᠡᠨ ᠦᠭᠡᠢ ᠡᠮ᠎ᠡ ᠬᠤᠨᠢᠨ ᠤ ᠬᠤᠷᠠᠭ᠎ᠠ ᠳᠤ 2 ~ 3 ᠡᠳᠦᠷ ᠲᠤ ᠨᠢᠭᠡ ᠤᠳᠠᠭ᠎ᠠ ᠸᠠᠺᠼᠢᠨ ᠤ ᠲᠠᠷᠢᠯᠭ᠎ᠠ ᠬᠢᠵᠦ᠂ 2 | ᠭᠠᠷᠠᠭ ᠤᠨ ᠬᠤᠭᠤᠴᠠᠭᠠᠨ ᠳᠤ ᠳᠠᠬᠢᠨ ᠨᠢᠭᠡ ᠤᠳᠠᠭ᠎ᠠ ᠲᠠᠷᠢᠯᠭ᠎ᠠ ᠬᠢᠨ᠎ᠡ᠃ | |