ᠠᠴᠢ ᠳᠣᠰᠠ ᠶᠢ ᠪᠤᠳᠤᠬᠤ᠃ ᠴᠠᠶᠢᠯᠭᠠᠨ ᠰᠡᠳᠬᠢᠯ ᠲᠠᠢ ᠬᠥᠮᠥᠨ ᠬᠡᠵᠢᠶᠡᠳᠡ ᠠᠵᠠ ᠵᠢᠷᠭᠠᠯ ᠲᠠᠢ᠂ ᠠᠴᠢ ᠶᠢ ᠮᠡᠳᠡᠳᠡᠭ ᠬᠥᠮᠥᠨ ᠬᠡᠵᠢᠶᠡᠳᠡ ᠵᠣᠯ ᠵᠢᠷᠭᠠᠯ ᠲᠠᠢ | ᠭᠡᠳᠡᠭ᠃ ᠪᠤᠰᠤᠳ ᠤᠨ ᠠᠴᠢ ᠳᠣᠰᠠ ᠶᠢ ᠮᠡᠳᠡᠬᠦ ᠪᠤᠯ ᠠᠮᠢᠳᠤᠷᠠᠯ ᠤᠨ ᠨᠢᠭᠡ ᠵᠦᠢᠯ ᠤᠨ ᠣᠪᠣᠷ ᠮᠥᠨ᠂ ᠲᠡᠷᠡ ᠨᠢ ᠪᠢᠳᠠᠨ ᠢ ᠠᠮᠢᠳᠤᠷᠠᠯ ᠳᠤ ᠬᠠᠶᠢᠷᠠᠳᠠᠢ ᠬᠦᠰᠡᠯ | ᠮᠦᠷᠦᠬᠡᠳᠦᠯ ᠲᠠᠢ ᠪᠤᠯᠭᠠᠳᠠᠭ᠃ | ᠠᠭᠤᠵᠢᠭᠤ ᠲᠠᠶᠢᠪᠤᠭᠤ ᠪᠠᠶᠢᠬᠤ᠃ ᠬᠦᠮᠦᠨ ᠤ ᠠᠮᠢᠳᠤᠷᠠᠯ ᠶᠡᠷᠦᠨᠢ ᠥᠭᠡᠳᠡ ᠲᠠᠢ ᠤᠷᠤᠭᠤ ᠲᠠᠢ ᠪᠠᠶᠢᠳᠠᠭ᠃ ᠪᠢᠳᠡ ᠪᠤᠰᠤᠳ ᠢ ᠥᠭᠡᠷᠡᠴᠢᠯᠡᠵᠦ ᠴᠢᠳᠠᠬᠤ | ᠦᠬᠡᠢ ᠪᠠᠶᠢᠵᠦ ᠮᠠᠭᠠᠳ᠂ ᠬᠠᠷᠢᠨ ᠥᠪᠡᠷ ᠤᠨ ᠰᠡᠳᠬᠢᠯ ᠰᠠᠨᠠᠭ᠎ᠠ ᠪᠠᠨ ᠡᠵᠡᠮᠳᠡᠵᠦ ᠰᠣᠷᠬᠤ ᠭᠡᠷᠡᠭᠳᠡᠢ ᠶᠤᠮ᠃ ᠰᠡᠳᠬᠢᠯ ᠰᠠᠨᠠᠭ᠎ᠠ ᠪᠠᠨ ᠠᠭᠤᠵᠢᠭᠤ ᠲᠠᠶᠢᠪᠤᠭᠤᠬᠠᠨ | ᠪᠠᠶᠢᠯᠭᠠᠪᠠᠯ ᠰᠠᠶ᠋ᠢ ᠭᠤᠨᠢᠭ ᠪᠤᠬᠢᠨᠢᠳᠤᠯ ᠲᠠᠨ ᠠᠴᠠ ᠬᠤᠯᠠᠳᠠᠵᠦ ᠪᠠᠶᠢᠳᠠᠭ᠃ | ᠳᠣᠳᠠᠭᠤ ᠠᠳᠠᠭᠠᠷᠬᠠᠬᠤ᠃ ᠠᠮᠢᠳᠤᠷᠠᠯ ᠳᠤ ᠶᠡᠷᠦᠨᠢ ᠣᠯᠠᠩᠬᠢ ᠦᠶ᠎ᠡ ᠳᠤ ᠪᠤᠬᠢᠨᠢᠳᠤᠯ ᠢ ᠥᠪᠡᠷ ᠢᠶᠠᠨ ᠡᠷᠢᠵᠦ᠂ ᠵᠣᠪᠠᠨᠢᠯ ᠢ ᠥᠪᠡᠷ ᠲᠡᠭᠡᠨ ᠬᠤᠴᠤᠷᠣᠭᠠᠳᠠᠭ᠃ | ᠦᠨᠡᠨ ᠳᠡᠭᠡᠨ ᠵᠠᠷᠢᠮ ᠤᠴᠢᠷ ᠶᠠᠪᠤᠳᠠᠯ ᠰᠠᠨᠠᠭᠰᠠᠨ ᠰᠢᠭ᠋ ᠲᠡᠶᠢᠮᠦ ᠪᠤᠳᠤᠯᠢᠶᠠᠨᠲᠠᠢ ᠪᠢᠰᠢ᠂ ᠭᠡᠪᠡᠴᠦ ᠥᠪᠡᠷ ᠢᠶᠠᠨ ᠬᠡᠲᠦᠷᠬᠡᠢ ᠢᠯᠡᠬᠦᠦ ᠮᠦᠴᠡᠬᠡᠷᠬᠡᠵᠦ | ᠠᠳᠠᠭᠠᠷᠬᠠᠬᠰᠠᠨ ᠠᠴᠠ ᠪᠤᠯᠤᠭᠠᠳ ᠪᠡᠶ᠎ᠡ ᠪᠠᠨ ᠵᠤᠪᠠᠭᠠᠳᠠᠭ ᠶᠤᠮ᠃ | ᠬᠡᠵᠢᠶᠡᠳᠡ ᠦᠪᠡᠷ ᠢᠶᠠᠷ ᠢᠶᠠᠨ ᠪᠠᠶᠢᠬᠤ᠃ ᠠᠮᠵᠢᠯᠳᠠ ᠳᠤ ᠪᠠᠷᠳᠠᠮᠨᠠᠬᠤ ᠦᠭᠡᠢ᠂ ᠢᠯᠠᠬᠳᠠᠯ ᠳᠤ ᠴᠦᠬᠦᠷᠡᠬᠦ ᠦᠭᠡᠢ ᠪᠠᠶᠢᠬᠤ ᠪᠣᠯ ᠬᠠᠮᠤᠭ ᠤᠨ ᠴᠢᠬᠤᠯᠠ ᠶᠤᠮ᠃ | ᠪᠠᠷᠢᠮᠲᠠᠯᠠᠬᠤ ᠶᠢᠨ ᠭᠠᠶᠢᠬᠠᠮᠰᠢᠭ ᠲᠤ ᠢᠲᠡᠭᠡᠬᠦ᠃ ᠬᠠᠮᠤᠭ ᠤᠨ ᠵᠣᠯ ᠵᠢᠷᠭᠠᠯᠲᠠᠢ ᠠᠮᠢᠳᠣᠷᠠᠯ ᠪᠤᠯ᠂ ᠥᠪᠡᠷ ᠤᠨ ᠪᠠᠷᠢᠮᠲᠠᠯᠠᠯ ᠪᠠ ᠴᠢᠷᠮᠠᠶᠢᠯᠭ᠎ᠠ ᠪᠠᠷ ᠢᠶᠠᠨ | ᠰᠠᠨᠠᠭᠰᠠᠨ ᠢᠶᠠᠨ ᠪᠡᠶᠡᠯᠡᠭᠦᠯᠬᠦ ᠶᠠᠪᠤᠳᠠᠯ ᠪᠣᠯᠣᠨ᠎ᠠ᠃ ᠡᠶᠢᠮᠦ ᠠᠴᠠ ᠬᠠᠮᠢᠭ᠎ᠠ ᠶᠠᠭᠤ ᠬᠢᠵᠦ ᠪᠠᠶᠢᠭᠰᠠᠨ ᠴᠦ ᠰᠠᠨᠠᠭᠰᠠᠨ ᠢᠶᠠᠨ ᠪᠡᠶᠡᠯᠡᠭᠦᠯᠬᠦ ᠶᠢᠨ ᠲᠥᠯᠥᠭᠡ ᠰᠠᠭᠠᠷᠠᠰᠢ | ᠦᠬᠡᠢ ᠵᠤᠷᠢᠭ ᠢᠶᠠᠷ ᠵᠢᠳᠬᠦᠬᠦ ᠯᠠ ᠴᠢᠬᠤᠯᠠ ᠶᠤᠮ᠃ | | |