ᠯᠢ ᠰᠢᠶᠤᠤ ᠺᠦᠢ ︵1938 — 1991︶ ᠡᠷᠡᠭᠳᠡᠢ᠂ ᠬᠢᠳᠠᠳ ᠦᠨᠳᠦᠰᠦᠳᠡᠨ᠂ 1938 ᠤᠨ ᠤ 7 ᠳ᠋ᠤᠭᠠᠷ ᠰᠠᠷ᠎ᠠ ᠶᠢᠨ 15 ᠤ ᠡᠳᠦᠷ | ᠲᠦᠷᠦᠪᠡ᠂ ᠭᠠᠨᠰᠤ ᠮᠤᠵᠢ ᠶᠢᠨ ᠸᠧᠢ ᠶᠤᠸᠠᠨ ᠰᠢᠶᠠᠨ ᠤ ᠬᠦᠮᠦᠨ᠃ 1960 ᠤᠨ ᠳᠤ ᠤᠷᠠᠳ ᠤᠨ ᠲᠤᠮᠳᠠᠳᠤ ᠬᠤᠰᠢᠭᠤᠨ ᠤ ᠤᠩᠭᠤᠨ ᠤ ᠨᠡᠭᠦᠷᠡᠰᠦᠨ | ᠠᠭᠤᠷᠬᠠᠢ ᠪᠠᠶᠢᠭᠤᠯᠬᠤ ᠳᠤ ᠤᠷᠤᠯᠴᠠᠬᠰᠠᠨ ᠠᠩᠬᠠᠨ ᠤ ᠪᠦᠯᠦᠭ ᠤᠨ ᠠᠵᠢᠯᠴᠢᠨ᠃ ᠭᠤᠴᠢᠭᠠᠳ ᠵᠢᠯ ᠤᠨ ᠲᠤᠷᠰᠢ᠂ ᠲᠡᠷᠡ ᠢᠮᠠᠬᠳᠠ ᠠᠭᠤᠷᠬᠠᠢ ᠶᠢᠨ | ᠬᠤᠳᠳᠤᠭ ᠤᠨ ᠦᠢᠯᠡᠳᠪᠦᠷᠢᠯᠡᠯ ᠤᠨ ᠨᠢᠭᠡᠳᠦᠭᠡᠷ ᠹᠷᠤᠨᠲ ᠲᠤ ᠠᠵᠢᠯᠯᠠᠵᠤ᠂ ᠠᠭᠤᠷᠬᠠᠢ ᠶᠢᠨ ᠬᠤᠳᠳᠤᠭ ᠤᠨ ᠠᠯᠢᠪᠡ ᠬᠦᠴᠢᠷ ᠪᠤᠵᠠᠷ ᠠᠶᠤᠯ ᠵᠦᠳᠡᠭᠦᠷᠢ ᠲᠠᠢ | ᠠᠵᠢᠯ ᠪᠤᠯᠭᠠᠨ ᠢ ᠬᠢᠵᠦ ᠦᠩᠭᠡᠷᠡᠭᠰᠡᠨ ᠪᠦᠭᠡᠳ᠂ ᠶᠠᠮᠠᠷ ᠠᠵᠢᠯ ᠭᠢᠪᠡᠯ ᠲᠡᠷᠡ ᠠᠵᠢᠯ ᠢ ᠬᠠᠶᠢᠷᠠᠯᠠᠵᠤ᠂ ᠰᠢᠷᠭᠠᠭᠤ ᠬᠠᠳᠠᠭᠤᠵᠢᠯᠳᠠᠢ ᠨᠠᠷᠢᠨ ᠬᠢᠨᠠᠮᠠᠭᠠᠢ ᠪᠠᠷ | ᠰᠤᠳᠤᠯᠳᠠᠭ ᠤᠴᠢᠷ ᠠᠴᠠ ᠠᠭᠤᠷᠬᠠᠢ ᠶᠢᠨ ᠬᠤᠳᠳᠤᠭ ᠤᠨ ᠠᠵᠢᠯ ᠤᠨ ᠮᠡᠷᠭᠡᠵᠢᠭᠰᠡᠨ ᠬᠦᠮᠦᠨ ᠪᠤᠯᠵᠤ᠂ ᠤᠯᠠᠨ ᠤᠳᠠᠭ᠎ᠠ ᠠᠭᠤᠷᠬᠠᠢ ᠶᠢᠨ ᠱᠠᠳᠤᠨ ᠤ | ᠬᠦᠳᠡᠯᠮᠦᠷᠢ ᠶᠢᠨ ᠵᠢᠱᠢᠶᠡᠴᠢ ᠪᠠᠷ ᠰᠤᠩᠭᠤᠬᠳᠠᠪᠠ᠃ | ᠠᠭᠤᠷᠬᠠᠢ ᠪᠠᠶᠢᠭᠤᠯᠤᠬᠳᠠᠬᠤ ᠶᠢᠨ ᠡᠬᠢᠨ ᠤ ᠦᠶᠡᠰ ᠢᠶᠠᠷ᠂ ᠲᠡᠷᠡ ᠠᠵᠢᠯᠴᠢᠳ ᠲᠠᠢ ᠬᠠᠮᠳᠤ ᠮᠠᠯ ᠤᠨ ᠫᠧᠩ ᠳᠤ ᠰᠠᠭᠤᠵᠤ᠂ ᠰᠠᠯᠬᠢ ᠰᠢᠭᠤᠷᠭᠠᠨ ᠤ ᠲᠤᠮᠳᠠ | ᠬᠤᠭᠤᠯᠠᠯᠵᠤ᠂ ᠲᠤᠰᠠᠯᠠᠬᠤ ᠢᠳᠡᠭᠡᠨ ᠲᠤᠳᠠᠮᠠᠭ ᠮᠦᠷᠳᠡᠭᠡᠨ ᠦᠯᠦᠰᠭᠦᠯᠡᠩ ᠴᠠᠳᠬᠤᠯᠠᠩ ᠲᠡᠩᠴᠡᠭᠦᠷᠢ ᠦᠭᠡᠢ ᠪᠠᠶᠢᠬᠰᠠᠨ ᠴᠤ ᠬᠦᠨᠳᠦ ᠬᠦᠳᠡᠯᠮᠦᠷᠢ ᠬᠢᠭᠰᠡᠭᠡᠷ | ᠠᠷᠪᠠᠭᠠᠳ ᠴᠠᠭ ᠢᠶᠠᠷ ᠠᠵᠢᠯᠯᠠᠵᠤ᠂ ᠬᠦᠮᠦᠨ ᠤ ᠬᠦᠴᠦ ᠪᠠᠷ ᠬᠤᠳᠳᠤᠭ ᠮᠠᠯᠳᠠᠨ ᠴᠢᠯᠠᠭᠤ ᠪᠠᠯᠪᠠᠴᠢᠵᠤ᠂ ᠨᠡᠭᠦᠷᠡᠰᠦ ᠪᠤᠯᠤᠨ ᠵᠠᠭᠠᠷᠤᠭ ᠴᠢᠯᠠᠭᠤ ᠶᠢ ᠨᠢᠭᠡ | ᠭᠤᠤᠲᠸᠤ ᠨᠢᠭᠡ ᠬᠦᠷᠵᠡ ᠪᠠᠷ ᠮᠠᠯᠳᠠᠨ᠂ ᠨᠢᠭᠡ ᠨᠢᠭᠡ ᠰᠠᠬᠰᠤ ᠪᠠᠷ ᠭᠠᠳᠠᠬᠰᠢ ᠲᠠᠮᠨᠠᠨ ᠭᠠᠷᠭᠠᠵᠤ ᠪᠠᠶᠢᠯ᠎ᠠ᠃ ᠬᠡᠴᠢᠨᠡᠨ ᠡᠳᠦᠷ ᠤᠨ ᠬᠦᠢᠳᠡᠨ ᠬᠠᠯᠠᠭᠤᠨ ᠳᠤ ᠲᠡᠷᠡ | ᠨᠢᠭᠡ ᠡᠭᠡᠯᠵᠢ ᠴᠦ ᠠᠮᠠᠷᠠᠬᠰᠠᠨ ᠦᠭᠡᠢ᠃ ᠲᠠᠯᠤ ᠮᠦᠷᠦ ᠶᠢᠨ ᠬᠠᠪᠤᠳᠠᠷ ᠨᠢ ᠭᠡᠰᠡᠭ ᠰᠠᠶᠢᠵᠢᠷᠠᠵᠤ ᠭᠡᠰᠡᠭ ᠮᠠᠭᠤᠳᠠᠵᠤ᠂ ᠭᠠᠤᠯᠢᠨ ᠵᠤᠭᠤᠰᠤᠨ ᠤ ᠬᠢᠷᠢ ᠵᠤᠪ | ᠵᠤᠵᠠᠭᠠᠨ ᠡᠪᠡᠷᠰᠢᠭᠰᠡᠨ ᠪᠠᠶᠢᠯ᠎ᠠ᠃ ᠲᠡᠷᠡ ᠮᠦᠨ ᠰᠡᠯᠡᠭᠦᠤ ᠪᠠᠶᠢᠵᠤ ᠴᠢᠳᠠᠳᠠᠭ ᠦᠭᠡᠢ ᠬᠦᠮᠦᠨ ᠶᠤᠮ᠂ ᠴᠠᠭ ᠤᠯᠳᠠᠬᠰᠠᠭᠠᠷ ᠯᠠ ᠪᠤᠰᠤᠳ ᠢ ᠬᠠᠪᠰᠤᠷᠴᠤ ᠠᠵᠢᠯ | ᠬᠢᠭᠦ ᠲᠤᠷᠠᠳᠠᠢ ᠪᠠᠶᠢᠳᠠᠭ ᠲᠤᠯᠠ᠂ ᠲᠡᠭᠡᠪᠦᠷ ᠤᠨ ᠵᠢᠶᠠᠽᠠ ᠪᠤᠰᠬᠠᠵᠤ᠂ ᠲᠤᠯᠭᠠᠭᠤᠷᠢ ᠵᠤᠬᠰᠤᠭᠠᠬᠤ᠂ ᠲᠠᠰᠢᠭᠦᠷ ᠰᠢᠯᠵᠢᠭᠦᠯᠭᠦ᠂ ᠨᠡᠭᠦᠷᠡᠰᠦ ᠨᠡᠭᠦᠯᠭᠡᠭᠦ᠂ ᠵᠠᠮ | ᠲᠠᠪᠢᠰᠭᠦ᠂ ᠲᠡᠷᠭᠡ ᠲᠦᠯᠬᠢᠭᠦ ᠵᠦᠢᠯ ᠪᠦᠷᠢ ᠶᠢᠨ ᠠᠵᠢᠯ ᠳᠤ ᠴᠦᠮ ᠨᠡᠪᠳᠡᠷᠡᠵᠦ ᠴᠢᠳᠠᠮᠠᠭᠠᠢ ᠠᠵᠢᠯᠯᠠᠳᠠᠭ ᠪᠤᠯᠬᠤᠷ᠂ ᠲᠡᠭᠦᠨ ᠤ ᠡᠭᠦᠷᠭᠡ ᠠᠴᠠ ᠪᠠᠨ ᠭᠠᠳᠠᠨ᠎ᠠ | ᠬᠢᠳᠡᠭ ᠠᠵᠢᠯ ᠨᠢ ᠬᠤᠪᠢ ᠶᠢᠨ ᠡᠭᠦᠷᠭᠡ ᠠᠴᠠ ᠴᠤ ᠲᠠᠪᠠᠵᠤ ᠪᠠᠶᠢᠳᠠᠭ ᠶᠤᠮ᠃ ᠪᠦᠳᠦᠭᠦᠪᠴᠢᠯᠡᠨ ᠪᠦᠷᠢᠳᠭᠡᠭᠰᠡᠨ ᠢᠶᠠᠷ᠂ ᠲᠡᠷᠡ ᠡᠳᠦᠷ ᠪᠦᠷᠢ 10 ᠴᠠᠭ | ᠠᠵᠢᠯᠯᠠᠳᠠᠭ᠂ ᠭᠡᠷᠪᠡ ᠲᠡᠭᠦᠨ ᠤ ᠴᠠᠭ ᠨᠠᠮᠠᠵᠤ ᠠᠵᠢᠯᠯᠠᠬᠰᠠᠨ ᠴᠠᠭ ᠢ ᠪᠤᠳᠤᠬᠤ ᠦᠭᠡᠢ ᠪᠠᠷ ᠲᠡᠷᠡ ᠨᠢᠭᠡ ᠵᠢᠯ ᠳᠤ ᠪᠤᠰᠤᠳ ᠠᠴᠠ 720 ᠴᠠᠭ ᠢᠯᠡᠭᠦᠤ | ᠠᠵᠢᠯᠯᠠᠵᠤ 90 ᠡᠭᠡᠯᠵᠢ ᠪᠤᠯᠵᠤ᠂ 31 ᠵᠢᠯ ᠤᠨ ᠲᠤᠳᠤᠷ᠎ᠠ 40 ᠵᠢᠯ ᠤᠷᠴᠢᠮ ᠤᠨ ᠠᠵᠢᠯ ᠤᠨ ᠡᠭᠦᠷᠭᠡ ᠶᠢ ᠪᠡᠶᠡᠯᠡᠭᠦᠯᠦᠭᠰᠡᠨ ᠶᠤᠮ᠃ ᠲᠡᠷᠡ ᠭᠡᠳᠦᠨ ᠠᠷᠪᠠᠨ | ᠵᠢᠯ ᠳᠤ ᠡᠳᠦᠷ ᠪᠤᠯᠭᠠᠨ ᠡᠨᠡ ᠮᠡᠳᠦ ᠪᠠᠷ ᠦᠭᠡ ᠲᠠᠭᠤᠨ ᠦᠭᠡᠢ ᠠᠵᠢᠯᠯᠠᠭᠠᠳ᠂ ᠶᠠᠮᠠᠷ ᠨᠢᠭᠡᠨ ᠱᠠᠭᠠᠷᠳᠠᠯᠭ᠎ᠠ ᠪᠤᠶᠤ ᠠᠴᠢ ᠬᠠᠷᠢᠭᠤᠯᠳᠠ ᠠᠪᠤᠨ᠎ᠠ ᠭᠡᠵᠦ ᠶᠡᠷᠦ | ᠶᠠᠷᠢᠳᠠᠭ ᠦᠭᠡᠢ᠃ ᠬᠦᠴᠢᠷ ᠵᠤᠪᠠᠯᠠᠩ ᠢᠶᠠᠨ ᠲᠤᠭᠠᠴᠠᠬᠤ ᠦᠭᠡᠢ ᠮᠦᠷᠳᠡᠭᠡᠨ᠂ ᠡᠴᠡᠩᠭᠡᠢ ᠵᠦᠳᠡᠮᠡᠭ ᠪᠡᠶ᠎ᠡ ᠠᠴᠠ ᠨᠢ ︽ᠲᠡᠮᠤᠷ ᠬᠦᠮᠦᠨ︾ ᠤ ᠵᠤᠷᠢᠭ ᠰᠦᠯᠳᠡ | ᠪᠠᠳᠠᠷᠠᠵᠤ ᠪᠠᠶᠢᠳᠠᠭ᠃ ᠵᠢᠯ ᠪᠦᠷᠢ ᠶᠢᠨ ᠰᠢᠯᠭᠠᠷᠠᠭᠤᠯᠤᠨ ᠱᠠᠩᠨᠠᠬᠤ ᠬᠤᠷᠠᠯ ᠲᠡᠭᠡᠷ᠎ᠡ ᠲᠡᠭᠦᠨ ᠤ ᠨᠡᠷ᠎ᠡ ᠶᠢ ᠤᠯᠵᠤ ᠰᠤᠨᠤᠰᠬᠤ ᠠᠴᠠ ᠭᠠᠳᠠᠨ᠎ᠠ᠂ ᠬᠦᠮᠦᠰ ᠵᠦᠪᠭᠡᠨ | ᠠᠭᠤᠷᠬᠠᠢ ᠶᠢᠨ ᠬᠤᠳᠳᠤᠭ ᠲᠤ ᠡᠶᠢᠮᠦ ᠨᠢᠭᠡᠨ ᠨᠡᠭᠦᠷᠡᠰᠦ ᠮᠠᠯᠳᠠᠳᠠᠭ ᠠᠵᠢᠯᠴᠢᠨ ᠪᠠᠶᠢᠨ᠎ᠠ ᠭᠡᠳᠡᠭ ᠢ ᠮᠡᠳᠡᠳᠡᠭ᠂ ᠵᠢᠷ ᠤᠨ ᠠᠵᠢᠯ ᠤᠨ ᠪᠠᠶᠢᠷᠢᠨ ᠳᠤ ᠲᠡᠭᠦᠨ ᠤ | ᠦᠨᠡᠨᠴᠢ ᠭᠠᠷᠮᠠᠭᠠᠢ ᠪᠡᠶ᠎ᠡ ᠶᠢᠨ ᠰᠡᠭᠦᠳᠡᠷ ᠬᠠᠷᠠᠬᠳᠠᠬᠤ ᠠᠴᠠ ᠭᠠᠳᠠᠨ᠎ᠠ ᠤᠨᠳᠤᠤ ᠤᠨᠴᠤᠭᠤᠢ ᠪᠠᠶᠢᠳᠠᠯ ᠶᠡᠷᠦ ᠪᠠᠶᠢᠬᠤ ᠦᠭᠡᠢ ᠰᠢᠭ ᠪᠠᠶᠢᠳᠠᠭ ᠶᠤᠮ᠃ | 1978 ᠤᠨ ᠠᠴᠠ ᠨᠡᠭᠦᠷᠡᠰᠦᠨ ᠠᠭᠤᠷᠬᠠᠢ ᠶᠢᠨ ᠦᠢᠯᠡᠳᠪᠦᠷᠢᠯᠡᠯ ᠤᠨ ᠬᠡᠪᠴᠢᠶ᠎ᠠ ᠤᠯᠠᠮ ᠦᠷᠭᠡᠳᠴᠦ ᠡᠬᠢᠯᠡᠭᠡᠳ᠂ ᠲᠡᠷᠡ ᠠᠭᠤᠷᠬᠠᠢ ᠶᠢᠨ ᠬᠤᠳᠳᠤᠭ ᠤᠨ | ᠠᠮᠤᠷ ᠲᠦᠪᠰᠢᠨ ᠤ ᠬᠠᠮᠠᠭᠠᠯᠠᠬᠴᠢ ᠪᠤᠯᠵᠤ᠂ ᠬᠦᠮᠦᠨ ᠠᠴᠠ ᠲᠡᠷᠢᠭᠦᠨ ᠳᠤ ᠠᠵᠢᠯ ᠳᠤ ᠭᠠᠷᠴᠤ᠂ ᠪᠤᠰᠤᠳ ᠠᠴᠠ ᠰᠡᠭᠦᠯ ᠳᠤ ᠠᠵᠢᠯ ᠠᠴᠠ ᠪᠠᠭᠤᠵᠤ᠂ ᠠᠶᠤᠯ | ᠲᠦᠭᠰᠢᠭᠦᠷᠢ ᠲᠤᠯᠭᠠᠷᠠᠪᠠᠯ ᠡᠮᠦᠨ᠎ᠡ ᠨᠢ ᠶᠠᠪᠤᠵᠤ ᠢᠷᠡᠵᠡᠢ᠃ ᠢᠯᠠᠩᠭᠤᠶ᠎ᠠ 1978᠂ 1982᠂ 1987 ᠤᠨ ᠤ ᠬᠡᠳᠦᠨ ᠤᠳᠠᠭ᠎ᠠ ᠶᠢᠨ ᠬᠦᠨᠳᠦ ᠶᠡᠭᠡ ᠠᠶᠤᠯ ᠢ | ᠠᠷᠢᠯᠭᠠᠬᠤ ᠳᠤ ᠭᠡᠳᠦᠨ ᠠᠷᠪᠠᠨ ᠠᠵᠢᠯᠴᠢᠨ ᠤ ᠠᠮᠢ ᠨᠠᠰᠤᠨ ᠳᠤ ᠬᠦᠨᠳᠦ ᠰᠦᠷᠡᠭᠡᠢ ᠰᠦᠷᠳᠡᠭᠦᠯᠦᠯ ᠤᠴᠠᠷᠠᠬᠤ ᠳᠤ ᠪᠦᠷ ᠯᠠ ᠲᠡᠷᠡ ᠠᠶᠤᠯ ᠭᠡᠨᠳᠡᠯ ᠢ | ᠠᠷᠢᠯᠭᠠᠬᠰᠠᠨ ᠶᠤᠮ᠃ ᠬᠡᠴᠢᠨᠡᠨ ᠤᠳᠠᠭ᠎ᠠ ᠶᠢᠨ ᠬᠦᠨᠳᠦ ᠰᠦᠷᠡᠭᠡᠢ ᠭᠡᠷᠡᠭ ᠤᠴᠢᠷ ᠠᠴᠠ ᠵᠠᠶᠢᠯᠠᠵᠤ ᠴᠢᠳᠠᠬᠰᠠᠨ ᠶᠠᠪᠤᠳᠠᠯ ᠪᠤᠯ ᠪᠦᠷ ᠲᠡᠭᠦᠨ ᠤ ᠠᠮᠢ ᠪᠠᠷ ᠢᠶᠠᠨ | ᠰᠤᠯᠢᠵᠤ ᠠᠪᠴᠢᠷᠠᠬᠰᠠᠨ ᠶᠤᠮ᠃ ᠲᠡᠭᠦᠨ ᠤ ᠬᠦᠯᠦᠰᠦ ᠠᠭᠤᠷᠬᠠᠢ ᠶᠢᠨ ᠬᠤᠳᠳᠤᠭ ᠤᠨ ᠦᠨᠴᠦᠭ ᠪᠤᠯᠦᠩ ᠳᠤ ᠠᠰᠬᠠᠷᠠᠵᠤ᠂ ᠰᠤᠯᠢᠵᠤ ᠠᠪᠴᠢᠷᠠᠬᠰᠠᠨ ᠨᠢ | ᠲᠠᠷᠤᠢ ᠠᠮᠤᠷ ᠲᠦᠪᠰᠢᠨ ᠢᠶᠠᠷ ᠦᠢᠯᠡᠳᠪᠦᠷᠢᠯᠡᠭᠰᠡᠨ ᠡᠯᠪᠡᠭ ᠪᠠᠶᠠᠯᠢᠭ ᠦᠷ᠎ᠡ ᠪᠦᠳᠦᠭᠡᠯ ᠪᠢᠯᠡ᠃ | 1988 ᠤᠨ ᠳᠤ ᠲᠡᠷᠡ ᠠᠵᠢᠯ ᠠᠴᠠ ᠪᠠᠨ ᠪᠠᠭᠤᠵᠤ ᠠᠮᠠᠷᠠᠪᠠ᠃ ᠴᠤᠬᠤᠮ ᠳᠠᠭᠠᠨ ᠵᠢᠷᠭᠠᠯ ᠴᠡᠩᠭᠡᠯ ᠢ ᠡᠳ᠋ᠯᠡᠵᠦ ᠦᠳᠡᠯᠦᠭᠡ ᠨᠠᠰᠤ ᠪᠠᠨ ᠠᠮᠤᠷᠯᠢᠩᠭᠤᠢ | ᠦᠩᠭᠡᠷᠡᠪᠡᠯ ᠵᠤᠬᠢᠬᠤ ᠶᠤᠮᠰᠠᠨ᠂ ᠬᠤᠪᠢᠨ ᠤ ᠨᠡᠭᠦᠷᠡᠰᠦᠨ ᠠᠭᠤᠷᠬᠠᠢ ᠦᠨᠳᠦᠷ ᠴᠠᠯᠢᠩ ᠢᠶᠠᠷ ᠲᠡᠭᠦᠨ ᠢ ᠤᠷᠢᠬᠤ ᠳᠤ ᠲᠡᠷᠡ ᠤᠴᠢᠬᠰᠠᠨ ᠦᠭᠡᠢ᠂ ᠬᠠᠷᠢᠨ ᠲᠡᠷᠡ | ᠨᠡᠭᠦᠷᠡᠰᠦᠨ ᠠᠭᠤᠷᠬᠠᠢ ᠠᠴᠠ ᠠᠮᠤᠷ ᠲᠦᠪᠰᠢᠨ ᠤ ᠬᠠᠮᠠᠭᠠᠯᠠᠬᠴᠢ ᠶᠢᠨ ᠠᠵᠢᠯ ᠢ ᠵᠠᠯᠭᠠᠭᠠᠳ ᠬᠢᠭᠦ ᠤᠷᠢᠯᠭ᠎ᠠ ᠶᠢ ᠪᠠᠶᠠᠷᠳᠠᠶᠢᠬᠠᠨ ᠬᠦᠯᠢᠶᠠᠨ ᠠᠪᠴᠤ᠂ ᠠᠵᠢᠯ ᠠᠴᠠ | ᠪᠠᠨ ᠪᠠᠭᠤᠵᠤ ᠠᠮᠠᠷᠠᠬᠤ ᠭᠠᠷ ᠬᠦᠢᠴᠡᠳᠭᠡᠯ ᠢᠶᠠᠨ ᠬᠢᠭᠰᠡᠨ ᠪᠤᠯᠪᠠᠴᠤ᠂ ᠬᠦᠮᠦᠨ ᠨᠢ ᠬᠠᠷᠢᠨ ᠠᠭᠤᠷᠬᠠᠢ ᠶᠢᠨ ᠬᠤᠳᠳᠤᠭ ᠠᠴᠠ ᠰᠠᠯᠤᠬᠰᠠᠨ ᠦᠭᠡᠢ᠂ ᠤᠤᠯ | ᠶᠤᠰᠤᠭᠠᠷ ᠡᠭᠦᠷᠭᠡ ᠬᠠᠷᠢᠭᠤᠴᠠᠯᠭ᠎ᠠ ᠪᠠᠨ ᠬᠦᠢᠴᠡᠳᠭᠡᠵᠦ ᠪᠠᠶᠢᠪᠠ᠃ | 1991 ᠤᠨ ᠤ 3 ᠳ᠋ᠤᠭᠠᠷ ᠰᠠᠷ᠎ᠠ ᠶᠢᠨ ᠡᠬᠢ ᠪᠠᠷ᠂ ᠠᠭᠤᠷᠬᠠᠢ ᠶᠢᠨ ᠬᠤᠳᠳᠤᠭ ᠤᠨ ᠭᠠᠵᠠᠷ ᠤᠨ ᠪᠦᠳᠦᠴᠡ ᠶᠢᠨ ᠬᠤᠪᠢᠷᠠᠯᠳᠠ ᠠᠴᠠ ᠪᠤᠯᠵᠤ᠂ ᠠᠮᠤᠷ | ᠲᠦᠪᠰᠢᠨ ᠤ ᠪᠠᠶᠢᠳᠠᠯ ᠳᠤ ᠠᠰᠠᠭᠤᠳᠠᠯ ᠭᠠᠷᠬᠤ ᠳᠤ᠂ ᠲᠡᠷᠡ ᠶᠠᠭᠤᠨ ᠤ ᠡᠮᠦᠨ᠎ᠡ ᠠᠭᠤᠷᠬᠠᠢ ᠮᠠᠯᠳᠠᠬᠤ ᠭᠠᠵᠠᠷ ᠬᠦᠷᠴᠦ ᠠᠮᠤᠷ ᠲᠦᠪᠰᠢᠨ ᠤ ᠠᠰᠠᠭᠤᠳᠠᠯ ᠢ | ᠰᠢᠢᠳᠪᠦᠷᠢᠯᠡᠭᠦ ᠭᠡᠵᠦ ᠪᠠᠶᠢᠭᠠᠳ᠂ ᠵᠤᠯ ᠪᠤᠰᠤ ᠬᠦᠯ ᠢᠶᠠᠨ ᠰᠢᠷᠬᠠᠳᠤᠭᠤᠯᠤᠬᠰᠠᠨ ᠳᠤ ᠨᠡᠭᠦᠷᠡᠰᠦ ᠮᠠᠯᠳᠠᠬᠤ ᠠᠩᠬᠢ ᠶᠢᠨ ᠤᠳᠤᠷᠢᠳᠤᠯᠭ᠎ᠠ ᠠᠴᠠ ᠲᠡᠭᠦᠨ ᠢ | ᠢᠯᠡᠭᠦᠭᠡᠨ ᠭᠡᠳᠦᠨ ᠡᠳᠦᠷ ᠠᠮᠠᠷᠠᠯᠳᠠ ᠬᠢᠭᠡᠷᠠᠢ ᠭᠡᠵᠦ ᠰᠠᠨᠠᠭᠤᠯᠪᠠ᠃ ᠭᠡᠳᠡᠯ᠎ᠡ ᠲᠡᠷᠡ ᠬᠤᠶᠠᠷ ᠡᠳᠦᠷ ᠯᠠ ᠠᠮᠠᠷᠠᠭᠠᠳ᠂ ᠡᠮᠡᠭᠡᠨ ᠠᠴᠠ ᠪᠠᠨ ᠲᠠᠯᠳᠠ ᠰᠠᠮᠡᠭᠡᠨ ᠢᠶᠠᠷ | ᠠᠭᠤᠷᠬᠠᠢ ᠶᠢᠨ ᠬᠤᠳᠳᠤᠭ ᠲᠠᠭᠠᠨ ᠪᠠᠭᠤᠬᠰᠠᠨ ᠪᠢᠯᠡ᠃ 3 ᠳ᠋ᠤᠭᠠᠷ ᠰᠠᠷ᠎ᠠ ᠶᠢᠨ 16 ᠤ ᠡᠳᠦᠷ᠂ ᠲᠡᠷᠡ ᠰᠢᠷᠬ᠎ᠠ ᠲᠠᠢ ᠠᠵᠢᠯᠯᠠᠭᠠᠳ ᠭᠡᠳᠦ ᠶᠠᠳᠠᠷᠠᠵᠤ᠂ ᠬᠦᠯ | ᠭᠠᠷ ᠪᠢᠳᠠᠭᠤ ᠪᠤᠯᠤᠬᠰᠠᠨ ᠠᠴᠠ ᠬᠤᠳᠳᠤᠭ ᠤᠨ ᠲᠡᠭᠡᠪᠦᠷ ᠢ ᠰᠢᠢᠳᠪᠦᠷᠢᠯᠡᠵᠦ ᠪᠤᠴᠠᠬᠤ ᠳᠠᠭᠠᠨ ᠬᠠᠯᠳᠤᠷᠢᠵᠤ ᠤᠨᠠᠭᠠᠳ ᠵᠤᠯ ᠪᠤᠰᠤ ᠪᠠᠷ ᠠᠵᠢᠯ ᠤᠨ ᠪᠠᠶᠢᠷᠢᠨ | ᠳᠤ ᠪᠡᠶ᠎ᠡ ᠦᠷᠡᠭᠳᠡᠵᠦ᠂ ᠨᠢᠭᠡ ᠨᠠᠰᠤᠨ ᠤ ᠬᠦᠴᠦᠨ ᠴᠢᠳᠠᠯ ᠢᠶᠠᠨ ᠨᠡᠭᠦᠷᠡᠰᠦᠨ ᠠᠭᠤᠷᠬᠠᠢ ᠶᠢᠨ ᠦᠢᠯᠡᠰ ᠲᠤ ᠵᠤᠷᠢᠭᠤᠯᠤᠬᠰᠠᠨ ᠶᠤᠮ᠃ | ︽ᠤᠷᠠᠳ ᠤᠨ ᠲᠤᠮᠳᠠᠳᠤ ᠬᠤᠰᠢᠭᠤᠨ ᠤ ᠤᠶᠢᠯᠠᠯᠭ᠎ᠠ︾ ᠠᠴᠠ ᠪᠠᠭᠤᠯᠭᠠᠪᠠ | |