ᠰᠤᠶᠤᠯᠲᠤ | ᠰᠢᠯᠦᠭ — ᠤᠷᠠᠳ ᠤᠨ ᠰᠠᠶᠢᠬᠠᠨ ᠨᠣᠳᠤᠭ | | ᠦᠤᠷ ᠤᠨ ᠭᠡᠭᠡ ᠲᠠᠢ ᠰᠠᠮᠤᠷᠤᠭᠰᠠᠨ ᠭᠡᠭᠦᠦ ᠶᠢᠨ ᠴᠡᠭᠡ | ᠢᠳᠡᠰᠢ ᠶᠢᠨ ᠤᠳᠤᠳ ᠲᠠᠢ ᠱᠠᠭᠢᠭᠰᠠᠨ ᠢᠩᠭᠡᠨ ᠤ ᠰᠦ | ᠠᠯᠠᠭᠠᠨ ᠳᠡᠭᠡᠷ᠎ᠡ ᠮᠢᠨᠢ ᠨᠡᠮᠢᠷᠠᠬᠤ ᠠᠶᠤᠰᠢ ᠬᠠᠳᠠᠭ | ᠠᠶᠠᠰᠬᠠᠨ ᠭᠦᠩᠬᠢᠨᠠᠨ ᠰᠢᠷᠤᠩᠬᠠᠶᠢᠯᠠᠬᠤ ᠣᠷᠳᠤ ᠶᠢᠨ ᠳᠠᠭᠤᠨ | ᠢᠷᠠᠭᠤ ᠨᠠᠶᠢᠷᠠᠭ ᠤᠨ ᠬᠤᠷᠤᠢ ᠳᠠᠯᠠᠯᠤᠭᠰᠠᠨ ᠠᠭᠤᠯᠠ ᠣᠰᠤᠨ | ᠡᠨᠡ ᠪᠣᠯ ᠤᠷᠠᠳ ᠤᠨ ᠰᠠᠶᠢᠬᠠᠨ ᠨᠣᠳᠤᠭ | ᠡᠯᠢᠭᠡ ᠵᠢᠷᠦᠭᠡᠨ ᠤ ᠮᠠᠨᠢ ᠳᠠᠷᠬᠠᠨ ᠴᠣᠬᠢᠯᠭ᠎ᠠ | ᠠᠯᠳᠠᠨ ᠵᠤᠭᠳᠤᠷ ᠢᠶᠠᠨ ᠨᠠᠮᠢᠷᠠᠭᠤᠯᠤᠭᠰᠠᠨ ᠬᠦᠭᠡᠷᠦᠭᠦᠨ ᠪᠣᠷᠤᠯᠠᠭ ᠲᠡᠮᠡᠭᠡᠳ | ᠠᠪᠤ ᠳᠡᠭᠡᠲᠦ ᠦᠶ᠎ᠡ ᠶᠢᠨ ᠮᠠᠨᠢ ᠭᠦᠯ ᠣᠨᠣᠭᠠᠷᠢ ᠪᠠᠷᠢᠭᠰᠠᠨ | ᠢᠩᠭᠡ ᠪᠣᠶᠢᠯᠠᠬᠤ ᠳᠤ ᠪᠣᠷᠤᠭᠠᠨ ᠵᠦᠰᠡᠷᠡᠳᠡᠭ ᠳᠡᠯᠭᠡᠷ ᠬᠠᠩᠭᠠᠢ | ᠢᠰᠭᠡᠷᠴᠦ ᠬᠦᠬᠡᠮᠡᠶᠢᠯᠡᠬᠦ ᠲᠤ ᠰᠠᠯᠬᠢ ᠨᠢ ᠰᠡᠪᠢᠯᠵᠡᠳᠡᠭ ᠵᠠᠭ ᠲᠠᠢ ᠪᠠᠯᠠᠷ | ᠲᠠᠭᠠᠨ᠎ᠠ ᠶᠢᠨ ᠴᠡᠴᠡᠭ ᠭᠠᠩᠬᠤᠬᠤ ᠳᠤ ᠰᠦ ᠪᠠᠷ ᠴᠠᠶᠢᠯᠵᠠᠭᠰᠠᠨ ᠬᠦᠨᠳᠡᠢ ᠮᠠᠨᠢ | ᠲᠠᠬᠢ ᠬᠤᠯᠠᠨ ᠬᠠᠳᠠᠷᠢᠬᠤ ᠳᠤ ᠰᠦᠷᠦᠭ ᠢᠶᠠᠷ ᠳᠤᠯᠬᠢᠶᠠᠯᠠᠭᠰᠠᠨ ᠭᠤᠪᠢ ᠮᠠᠨᠢ | ᠡᠨᠡ ᠪᠣᠯ ᠤᠷᠠᠳ ᠤᠨ ᠰᠠᠶᠢᠬᠠᠨ ᠨᠣᠳᠤᠭ | ᠡᠴᠢᠭᠡ ᠳᠡᠭᠡᠲᠦ ᠶᠢᠨ ᠮᠠᠨᠢ ᠭᠤᠯᠤᠮᠲᠠ ᠪᠢᠯᠡ | ᠬᠦᠷᠡᠩ ᠲᠡᠮᠡᠭᠡᠳ ᠤᠨ ᠢᠶᠠᠨ ᠡᠪᠦᠯᠵᠢᠶ᠎ᠡ ᠨᠢ ᠤᠶᠠᠰᠳᠠᠭ ᠪᠠᠶᠢᠭᠠᠯᠢ | ᠬᠦᠮᠦᠨ ᠠᠷᠠᠳ ᠤᠨ ᠢᠶᠠᠨ ᠴᠡᠴᠡᠨ ᠳᠤ ᠪᠣᠳᠣᠯ ᠨᠢ ᠠᠷᠢᠭᠤᠰᠳᠠᠭ | ᠬᠠᠯᠲᠠᠷ ᠮᠠᠨᠤᠨ ᠬᠦᠭᠡᠷᠭᠡ ᠡᠪᠤᠷ ᠲᠣᠳᠤᠷ᠎ᠠ ᠨᠢ ᠬᠦᠯᠦᠷᠡᠵᠦ | ᠬᠠᠶᠢᠷ᠎ᠠ ᠶᠢᠨ ᠨᠢᠩᠵᠢᠨ ᠰᠡᠳᠬᠢᠯ ᠬᠠᠳᠠᠭ ᠤᠨ ᠳᠡᠭᠡᠷ᠎ᠡ ᠨᠢ ᠮᠦᠰᠢᠶᠡᠭᠡᠰᠦᠲᠡᠢ | ᠵᠡᠭᠦᠳᠦᠨ ᠴᠡᠩᠭᠡᠷ ᠬᠠᠩᠭᠠᠢ ᠮᠠᠨᠢ ᠰᠠᠷᠠᠨ ᠤ ᠲᠤᠶᠠᠭᠠᠨ ᠳᠤ ᠤᠶᠠᠩᠭᠠᠰᠢᠵᠤ | ᠵᠡᠭᠡᠷ᠎ᠡ ᠶᠢᠨ ᠰᠢᠷᠭᠠᠯ ᠭᠤᠪᠢ ᠮᠠᠨᠢ ᠨᠠᠷᠠᠨ ᠤ ᠰᠠᠴᠤᠷᠭᠠᠨ ᠳᠤ ᠲᠤᠤᠯᠢᠶᠠᠨᠳᠤᠭᠰᠠᠨ | ᠡᠨᠡ ᠪᠣᠯ ᠤᠷᠠᠳ ᠤᠨ ᠰᠠᠶᠢᠬᠠᠨ ᠨᠣᠳᠤᠭ | ᠡᠩ ᠦᠭᠡᠢ ᠳᠠᠭᠰᠢᠨ ᠠᠯᠳᠠᠷ ᠪᠢᠯᠡ | | | | | ᠢᠷᠡᠯᠲᠡ᠄ ︽ᠤᠷᠠᠳ ᠣᠳᠬ᠎ᠠ ᠵᠣᠬᠢᠶᠠᠯ︾ ᠸᠢᠴᠠᠲ ᠤᠯᠠᠨ ᠨᠡᠶᠢᠲᠡ ᠶᠢᠨ ᠲᠠᠪᠴᠠᠩ ᠠᠴᠠ ᠪᠠᠭᠤᠯᠭᠠᠪᠠ | | | | | |