ᠤᠷᠠᠳ ᠤᠨ ᠲᠤᠮᠳᠠᠳᠤ ᠬᠤᠰᠢᠭᠤᠨ ᠤ ᠨᠡᠷᠡᠳᠤ ᠬᠦᠮᠦᠰ ᠤᠨ ᠨᠠᠮᠳᠠᠷ — ᠲᠦᠪᠰᠢᠨ
ᠨᠡᠶᠢᠲᠡᠯᠡᠭᠰᠡᠨ ᠴᠠᠭ᠄
2024/11/5
    ᠲᠦᠪᠰᠢᠨ ︵1925—1990︶      ᠡᠷᠡᠭᠳᠡᠢ  ᠂  ᠮᠤᠩᠭᠤᠯ ᠦᠨᠳᠤᠰᠤᠳᠡᠨ᠂  ᠤᠭ ᠨᠤᠳᠤᠭ ᠨᠢ ᠦᠪᠤᠷ ᠮᠤᠩᠭᠤᠯ ᠤᠨ ᠭᠦᠷᠢᠶ᠎ᠡ ᠬᠤᠰᠢᠭᠤ᠃1925 ᠤᠨ ᠤ 9 ᠳ᠋ᠤᠭᠡᠷ ᠰᠠᠷ᠎ᠠ ᠶᠢᠨ 10 ᠤ ᠡᠳᠤᠷ ᠶᠠᠳᠠᠭᠤ ᠲᠠᠷᠢᠶᠠᠴᠢᠨ ᠪᠢᠯᠢᠭᠦᠨᠳᠠᠯᠠᠢ ᠶᠢᠨ ᠭᠡᠷ ᠲᠤ ᠲᠦᠷᠦᠵᠠᠢ᠂ ᠭᠡᠷ ᠲᠡᠭᠡᠨ ᠬᠡᠤᠬᠡᠳ ᠤᠨ ᠬᠢᠨᠢ ᠬᠤᠶᠠᠳᠤᠭᠠᠷ ᠨᠢ ᠪᠤᠯᠤᠨ᠎ᠠ᠃ 1932 ᠤᠨ ᠳᠤ ᠸᠠᠩ ᠨᠤᠶᠠᠨ ᠢᠵᠠᠭᠤᠷᠳᠠᠨ ᠤ ᠲᠠᠷᠤᠯᠠᠯ ᠮᠦᠯᠵᠢᠯ ᠠᠴᠠ ᠵᠠᠶᠢᠯᠠᠵᠤ ᠪᠦᠬᠦ ᠬᠡᠷ ᠢᠶᠠᠷ ᠢᠶᠠᠨ ᠬᠢᠩᠭᠠᠨ ᠠᠶᠢᠮᠠᠭ  ᠤᠨ ᠬᠤᠷᠴᠢᠨ ᠪᠠᠷᠠᠭᠤᠨ ᠭᠠᠷ ᠤᠨ ᠲᠤᠮᠳᠠᠳᠤ ᠬᠤᠰᠢᠭᠤᠨ ᠤ ᠪᠠᠶᠠᠨᠮᠠᠩᠬ᠎ᠠ ᠰᠤᠮᠤᠨ ᠤ ᠯᠢᠦ ᠵᠢᠶᠠ ᠶᠤᠤ ᠳᠤ ᠨᠡᠭᠦᠳᠡᠯᠯᠡᠵᠤ ᠤᠴᠢᠪᠡ᠃    ᠬᠡᠤᠭᠡᠳ ᠪᠠᠶᠢᠬᠤ ᠳᠠᠭᠠᠨ ᠡᠪᠦᠭᠡ ᠠᠪᠤ ᠪᠠᠨ ᠬᠠᠪᠰᠤᠷᠴᠦ ᠦᠭᠡᠷ ᠬᠠᠷᠢᠭᠤᠯᠬᠤ ᠶᠢᠨ ᠬᠠᠮᠳᠤ ᠪᠠᠭ᠎ᠠ ᠰᠠᠭ᠎ᠠ ᠲᠠᠷᠢᠶᠠᠨ ᠠᠵᠢᠯ ᠬᠢᠵᠤ ᠪᠠᠶᠢᠪᠡ᠃ 9 ᠨᠠᠰᠤᠳᠠᠢ  ᠳᠠᠭᠠᠨ ᠲᠤᠰ ᠲᠤᠰᠬᠤᠨ ᠤ ᠪᠢᠴᠢᠭ ᠲᠠᠨᠢᠬᠤ ᠠᠩᠭᠢ ᠳᠤ ᠪᠢᠴᠢᠭ ᠰᠤᠷᠬᠤ ᠶᠢᠨ ᠬᠠᠮᠳᠤ ᠪᠢᠴᠢᠬᠠᠨ ᠲᠤᠭᠤᠭᠠᠴᠢ ᠪᠤᠯᠪᠡ᠃ 13 ᠨᠠᠰᠤᠳᠠᠢ ᠳᠠᠭᠠᠨ ᠭᠠᠵᠠᠷ ᠤᠨ ᠡᠵᠡᠨ ᠪᠠᠶᠠᠨ ᠲᠠᠷᠢᠶᠠᠴᠢᠨ ᠤ ᠠᠶᠢᠯ ᠳᠤ ᠵᠠᠷᠤᠭᠳᠠᠵᠤ᠂ ᠤᠷᠳᠤ ᠤᠬᠤᠷ ᠬᠤᠭᠤᠴᠠᠭᠠᠨ ᠤ ᠬᠦᠴᠦ ᠶᠠᠪᠤᠵᠤ ᠪᠠᠶᠢᠯ᠎ᠠ᠃ ᠬᠠᠭᠤᠷᠮᠠᠭ ᠮᠠᠨᠵᠤ ᠶᠢᠨ ᠦᠶ᠎ᠡ ᠳᠤ᠂ ᠨᠤᠳᠤᠭ ᠤᠨ ᠡᠷᠬᠢᠯᠡᠭᠰᠡᠨ ᠪᠠᠭ᠎ᠠ ᠰᠤᠷᠭᠠᠭᠤᠯᠢ ᠳᠤ ᠨᠢᠭᠡ ᠵᠢᠯ ᠰᠤᠷᠤᠯᠴᠠᠭᠠᠳ᠂ 1942 ᠤᠨ ᠤ ᠬᠠᠪᠤᠷ ᠸᠠᠩ ᠤᠨ ᠰᠦᠮ᠎ᠡ ︵ᠤᠳᠤ ᠶᠢᠨ ᠤᠯᠠᠭᠠᠠᠬᠤᠳᠠ︶  ᠶᠢᠨ ᠤᠯᠤᠰ ᠠᠴᠠ ᠡᠷᠬᠢᠯᠡᠭᠰᠡᠨ ᠮᠤᠩᠭᠤᠯ ᠠᠷᠠᠳ ᠤᠨ ᠤᠷᠠᠨ ᠮᠡᠷᠭᠡᠵᠢᠯ ᠰᠤᠷᠬᠤ ᠭᠠᠵᠠᠷ ᠤᠨ ᠮᠤᠳᠤᠴᠢᠨ ᠤ ᠰᠠᠯᠠᠭᠠᠨ ᠳᠤ 3 ᠵᠢᠯ ᠰᠤᠷᠤᠯᠴᠠᠵᠤ᠂ ᠲᠡᠭᠦᠰᠦᠭᠰᠡᠨ  ᠤ ᠬᠤᠶᠢᠨ᠎ᠠ ᠴᠡᠷᠢᠭ ᠲᠤ ᠡᠯᠰᠡᠭᠳᠡᠵᠤ᠂ ᠸᠠᠩ ᠤᠨ ᠰᠦᠮ᠎ᠡ ᠶᠢᠨ ᠬᠠᠭᠤᠷᠮᠠᠭ ᠮᠠᠨᠵᠤ ᠶᠢᠨ ᠮᠤᠷᠢᠳᠤ ᠴᠡᠷᠢᠭ ᠤᠨ 46 ᠳ᠋ᠤᠭᠠᠷ ᠬᠤᠷᠢᠶᠠᠨ ᠤ 2 ᠳ᠋ᠤᠭᠠᠷ ᠰᠤᠮᠤᠨ ᠤ ᠪᠠᠶᠢᠯᠳᠤᠭᠴᠢ ᠪᠤᠯᠵᠠᠢ᠃ ᠲᠤᠰ ᠵᠢᠯ ᠤᠨ ᠬᠢᠨ 8 ᠳ᠋ᠤᠭᠠᠷ ᠰᠠᠷ᠎ᠠ ᠶᠢᠨ 8 ᠤ ᠡᠳᠤᠷ ᠪᠦᠬᠦ ᠬᠤᠷᠢᠶᠠᠨ ᠤ ᠵᠠᠪᠰᠡᠭᠳᠤ ᠭᠦᠴᠦ ᠪᠠᠷ ᠶᠠᠫᠤᠨ ᠢ ᠡᠰᠡᠷᠭᠦᠴᠡᠭᠦ ᠭᠦᠳᠡᠯᠭᠡᠭᠡᠨ ᠳᠤ ᠤᠷᠤᠯᠴᠠᠵᠤ᠂ ᠶᠠᠫᠤᠨ ᠴᠡᠷᠢᠭ ᠤᠨ ᠨᠤᠶᠠᠳ ᠢ ᠠᠯᠠᠵᠤ᠂ ᠠᠰᠬᠠᠨ ᠤ ᠲᠠᠭᠠᠭᠤᠯᠤᠯ ᠲᠤᠤᠷ᠎ᠠ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠶᠢ ᠭᠦᠯᠢᠶᠡᠪᠡ᠃ ᠲᠡᠷᠡ ᠤᠯᠠᠭᠠᠨᠬᠤᠳᠠ ᠶᠢᠨ ᠴᠠᠭᠳᠠᠭᠠᠨ ᠤ ᠶᠡᠭᠡ ᠠᠩᠭᠢ ᠳᠤ ᠪᠠᠶᠢᠯᠳᠤᠭᠴᠢ ᠪᠤᠯᠵᠤ᠂ ᠬᠤᠪᠢᠰᠬᠠᠯ ᠳᠤ ᠤᠷᠤᠯᠴᠠᠵᠠᠢ᠃ ᠲᠡᠷᠡ ᠤᠷᠢᠳ ᠬᠤᠵᠢᠳ ᠲᠦᠴᠢᠤᠸᠠᠨ ᠰᠢᠶᠠᠨ ᠢ ᠴᠢᠯᠤᠭᠡᠯᠡᠭᠦ ᠲᠤᠮᠳᠠᠳᠤ ᠤᠯᠤᠰ ᠤᠨ ᠡᠪ ᠬᠠᠮᠳᠤ ᠨᠠᠮ ᠤᠨ ᠵᠡᠭᠦᠨ ᠬᠤᠶᠢᠳᠤ ᠤᠷᠤᠨ ᠤ ᠠᠵᠢᠯ ᠤᠨ ᠵᠦᠪᠯᠡᠯ ᠤᠨ ᠬᠠᠷᠢᠭᠤᠴᠠᠯᠭᠠᠳᠠᠨ  ᠬᠤ᠋ ᠪᠢᠩ ᠴᠢᠤᠸᠠᠨ ᠢ ᠠᠪᠤᠷᠠᠬᠤ ᠵᠢᠴᠢ ᠬᠤᠷᠴᠢᠨ ᠪᠠᠷᠠᠭᠤᠨ ᠭᠠᠷ ᠤᠨ ᠲᠤᠮᠳᠠᠳᠤ ᠬᠤᠰᠢᠭᠤ᠂ ᠬᠤᠷᠴᠢᠨ ᠵᠡᠭᠦᠨ ᠭᠠᠷ ᠤᠨ ᠲᠤᠮᠳᠠᠳᠤ ᠬᠤᠰᠢᠭᠤ᠂ ᠬᠤᠷᠴᠢᠨ ᠵᠡᠭᠦᠨ ᠭᠠᠷ ᠤᠨ ᠬᠤᠶᠢᠳᠤ ᠬᠤᠰᠢᠭᠤ᠂ ᠭᠦᠷᠢᠶ᠎ᠡ ᠬᠤᠰᠢᠭᠤ᠂ ᠨᠠᠢᠮᠠᠨ ᠬᠤᠰᠢᠭᠤ ᠶᠢ ᠴᠢᠯᠤᠭᠡᠯᠡᠭᠦ ᠲᠠᠶᠢᠨ ᠳᠤ ᠤᠷᠤᠯᠴᠠᠭᠰᠠᠨ ᠶᠤᠮ᠃    1947 ᠤᠨ ᠳᠤ᠂ ᠲᠡᠷᠡ ᠬᠤᠷᠴᠢᠨ ᠪᠠᠷᠠᠭᠤᠨ ᠭᠠᠷ ᠤᠨ ᠲᠤᠮᠳᠠᠳᠤ ᠬᠤᠰᠢᠭᠤᠨ ᠤ ᠭᠠᠵᠠᠷ ᠰᠢᠷᠤᠢ ᠶᠢᠨ ᠦᠭᠡᠷᠡᠴᠢᠯᠡᠯᠳᠡ ᠶᠢᠨ ᠠᠵᠢᠯᠯᠠᠬᠤ ᠠᠩᠭᠢ ᠳᠤ ᠤᠷᠤᠵᠤ᠂ ᠨᠤᠳᠤᠭ ᠤᠨ ᠨᠠᠷᠢᠨ ᠪᠢᠴᠢᠭᠡᠴᠢ ᠶᠢᠨ ᠲᠤᠰᠠᠯᠠᠭᠴᠢ ᠪᠤᠯᠪᠡ᠃ ᠲᠤᠰ ᠵᠢᠯ ᠤᠨ 8 ᠳ᠋ᠤᠭᠠᠷ ᠰᠠᠷ᠎ᠠ ᠳᠤ ᠲᠤᠮᠳᠠᠳᠤ ᠤᠯᠤᠰ ᠤᠨ ᠰᠢᠨ᠎ᠡ ᠠᠷᠠᠳᠴᠢᠯᠠᠭᠰᠠᠨ ᠵᠠᠯᠠᠭᠤᠴᠤᠳ ᠤᠨ ᠡᠪᠯᠡᠯ ᠳᠤ ᠤᠷᠤᠵᠤ᠂ 1948 ᠤᠨ ᠤ 7 ᠳ᠋ᠤᠭᠠᠷ ᠰᠠᠷ᠎ᠠ ᠶᠢᠨ 20 ᠤ ᠡᠳᠤᠷ ᠲᠤᠮᠳᠠᠳᠤ ᠤᠯᠤᠰ ᠤᠨ ᠡᠪ ᠬᠠᠮᠳᠤ ᠨᠠᠮ ᠳᠤ ᠤᠷᠤᠵᠤ᠂ 8 ᠳ᠋ᠤᠭᠠᠷ ᠰᠠᠷ᠎ᠠ ᠳᠤᠨᠢ ᠬᠤᠷᠴᠢᠨ ᠪᠠᠷᠠᠭᠤᠨ ᠭᠠᠷ ᠤᠨ ᠲᠤᠮᠳᠠᠳᠤ ᠬᠤᠰᠢᠭᠤᠨ ᠤ ᠭᠦᠬᠡᠰᠦ᠋ᠬᠡᠭ ᠨᠤᠳᠤᠭ ᠤᠨ ᠲᠠᠷᠤᠭ᠎ᠠ ᠪᠠᠷ ᠲᠤᠮᠢᠯᠠᠭᠳᠠᠪᠡ᠃ 1949 ᠤᠨ ᠤ 2 ᠳ᠋ᠤᠭᠠᠷ ᠰᠠᠷ᠎ᠠ ᠳᠤ ᠤᠯᠪᠠᠢ ᠨᠤᠳᠤᠭ ᠤᠨ ᠲᠠᠷᠤᠭ᠎ᠠ ᠪᠠᠷ ᠰᠢᠯᠵᠢᠨ ᠲᠤᠮᠢᠯᠠᠭᠳᠠᠵᠤ᠂ 7 ᠳ᠋ᠤᠭᠠᠷ ᠰᠠᠷ᠎ᠠ ᠳᠤ ᠦᠪᠤᠷ ᠮᠤᠩᠭᠤᠯ ᠤᠨ ᠨᠠᠮ ᠤᠨ ᠰᠤᠷᠭᠠᠭᠤᠯᠢ ᠶᠢᠨ ᠲᠤᠮᠳᠠ ᠵᠡᠷᠭᠡ ᠶᠢᠨ ᠠᠩᠭᠢ ᠳᠤ ᠬᠠᠭᠠᠰ ᠵᠢᠯ ᠰᠤᠷᠤᠯᠴᠠᠭᠰᠠᠨ ᠤ ᠬᠤᠶᠢᠨ᠎ᠠ ᠦᠪᠤᠷ ᠮᠤᠩᠭᠤᠯ ᠤᠨ ᠨᠠᠮ ᠤᠨ ᠬᠤᠷᠢᠶ᠎ᠠ ᠶᠢ ᠲᠠᠭᠠᠵᠤ ᠵᠠᠩᠴᠢᠭᠦᠦ ᠳᠤ ᠨᠡᠭᠦᠵᠤ ᠤᠴᠢᠪᠡ᠃ 1950 ᠤᠨ ᠤ 2 ᠳ᠋ᠤᠭᠠᠷ ᠰᠠᠷ᠎ᠠ ᠳᠤ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠯᠠᠭᠠᠨᠴᠠᠪ ᠠᠶᠢᠮᠠᠭ ᠤᠨ ᠬᠤᠷᠢᠶᠠᠨ ᠤ ᠤᠬᠠᠭᠤᠯᠬᠤ ᠬᠡᠯᠳᠡᠰ  ᠤᠨ ᠰᠤᠷᠭᠠᠨ ᠭᠦᠮᠤᠵᠢᠯ ᠤᠨ ᠰᠠᠯᠠᠭ᠎ᠠ ᠳᠤ ᠲᠡᠳ᠋ ᠰᠠᠯᠠᠭᠠᠨ ᠲᠠᠷᠤᠭ᠎ᠠ ᠪᠠᠷ ᠲᠤᠮᠢᠯᠠᠭᠳᠠᠵᠤ᠂ 7 ᠳ᠋ᠤᠭᠠᠷ ᠰᠠᠷ᠎ᠠ ᠳᠤ ᠨᠠᠮ ᠤᠨ ᠵᠤᠬᠢᠶᠠᠨ ᠪᠠᠶᠢᠭᠤᠯᠤᠯᠳᠠ ᠶᠢᠨ ᠲᠤᠮᠢᠯᠠᠯᠳᠠ ᠪᠠᠷ ᠰᠦᠢᠶᠦᠸᠠᠨ ᠤ ᠪᠠᠷᠠᠭᠤᠨ ᠬᠡᠰᠡᠭ ᠤᠨ ᠮᠤᠩᠭᠤᠯ ᠬᠤᠰᠢᠭᠤᠳ ᠤᠨ ᠪᠦᠳᠤᠭᠡᠨ ᠪᠠᠶᠢᠭᠤᠯᠤᠯᠳᠠ ᠶᠢᠨ ᠠᠵᠢᠯ ᠳᠤ ᠤᠷᠤᠯᠴᠠᠨ᠂ ᠲᠤᠮᠳᠠᠳᠤ ᠤᠯᠤᠰ  ᠤᠨ ᠡᠪ ᠬᠠᠮᠳᠤ ᠨᠠᠮ ᠤᠨ ᠤᠷᠠᠳ ᠤᠨ ᠲᠤᠮᠳᠠᠳᠤ ᠬᠤᠰᠢᠭᠤᠨ ᠤ ᠵᠠᠰᠠᠭ ᠪᠠᠶᠢᠭᠤᠯᠬᠤ ᠠᠵᠢᠯᠯᠠᠬᠤ ᠪᠦᠯᠬᠦᠮ ᠤᠨ ᠲᠠᠷᠤᠭ᠎ᠠ ᠶᠢᠨ ᠲᠤᠰᠢᠶᠠᠯ ᠢ ᠡᠭᠦᠷᠭᠡᠯᠡᠪᠡ᠃ ᠰᠢᠨ᠎ᠠ ᠵᠠᠰᠠᠭ ᠪᠠᠶᠢᠭᠤᠯᠤᠭᠳᠠᠭᠰᠠᠨ ᠤ ᠲᠠᠷᠠᠭ᠎ᠠ᠂ ᠲᠠᠷᠠ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠨᠢᠭᠡᠳᠤᠭᠡᠷ ᠲᠡᠳ᠋ ᠬᠤᠰᠢᠭᠤᠨ ᠲᠠᠷᠤᠭ᠎ᠠ ᠪᠠᠷ ᠰᠤᠩᠭᠤᠭᠳᠠᠭᠰᠠᠨ ᠪᠦᠭᠡᠳ ᠰᠢᠭᠦᠭᠦ ᠬᠤᠷᠢᠶᠠᠨ ᠤ ᠲᠠᠷᠤᠭ᠎ᠠ ᠠᠵᠢᠯᠳᠠᠨ ᠤ ᠶᠠᠪᠤᠳᠠᠯ ᠤᠨ ᠰᠠᠯᠠᠭᠠᠨ ᠲᠠᠷᠤᠭ᠎ᠠ ᠵᠡᠷᠬᠡ ᠶᠢᠨ ᠲᠤᠰᠢᠶᠠᠯ ᠢ ᠬᠠᠪᠰᠤᠷᠭᠠᠨ ᠬᠠᠷᠢᠭᠤᠴᠠᠵᠤ ᠪᠠᠶᠢᠪᠡ᠃ ᠲᠠᠷᠠ ᠠᠷᠠᠳᠴᠢᠯᠠᠯ ᠢ ᠪᠠᠳᠠᠷᠠᠭᠤᠯᠤᠨ᠂ ᠪᠤᠰᠤᠳ ᠲᠤ ᠲᠦᠪ ᠭᠤᠤᠯᠴᠢ᠂ ᠬᠠᠳᠠᠭᠤᠵᠢᠯᠳᠠᠢ ᠪᠤᠷᠤᠭᠵᠢᠭᠤᠨ᠂ ᠠᠵᠢᠯᠴᠢ ᠬᠢᠴᠢᠶᠡᠩᠭᠦᠢ᠂ ᠪᠠᠳᠤ ᠴᠢᠩᠭ᠎ᠠ ᠵᠤᠭᠰᠤᠯᠳᠠ ᠲᠠᠢ᠂ ᠨᠠᠮ ᠤᠨ ᠲᠦᠷᠦ ᠶᠢᠨ ᠪᠤᠳᠤᠯᠭ᠎ᠠ ᠶᠢ ᠦᠨᠡᠨᠴᠢ ᠪᠠᠷ ᠬᠡᠷᠡᠭᠵᠢᠭᠦᠯᠵᠤ᠂ ᠬᠤᠪᠢᠰᠬᠠᠯᠳᠤ ᠤᠶᠢᠯᠡᠰ ᠲᠤ ᠲᠡᠭᠡᠳᠤ ᠬᠡᠮᠵᠢᠶᠠᠨ ᠤ ᠬᠠᠷᠢᠭᠤᠴᠠᠯᠭᠠᠳᠤ ᠤᠪᠤᠷ ᠲᠠᠢ ᠪᠠᠶᠢᠭᠰᠠᠨ ᠠᠴᠠ ᠡᠯ᠎ᠡ ᠦᠨᠳᠤᠰᠤᠳᠡᠨ ᠤ ᠺᠠᠳ᠋ᠷ ᠤᠯᠠᠨ ᠲᠦᠮᠡᠨ ᠤ ᠭᠦᠨᠳᠤᠳᠭᠡᠯ ᠪᠡ ᠢᠳᠡᠭᠡᠯ ᠨᠡᠶᠢᠳᠡᠪᠤᠷᠢ ᠶᠢ ᠤᠯᠵᠤ᠂ ᠤᠷᠠᠳ ᠤᠨ ᠲᠤᠮᠳᠠᠳᠤ ᠬᠤᠰᠢᠭᠤ ᠶᠢ ᠪᠦᠳᠤᠭᠡᠨ ᠪᠠᠶᠢᠭᠤᠯᠬᠤ ᠳᠤ ᠶᠡᠭᠡ ᠬᠡᠮᠵᠢᠶᠠᠨ ᠤ ᠲᠤᠪᠤᠶᠢᠭᠰᠠᠨ ᠦᠷ᠎ᠡ ᠪᠦᠳᠦᠮᠵᠢ ᠭᠠᠷᠭᠠᠵᠤ᠂ ᠲᠡᠭᠡᠳᠤ ᠱᠠᠳᠤᠨ  ᠤ ᠰᠠᠶᠢᠰᠢᠶᠠᠯ ᠢ ᠤᠯᠤᠭᠰᠠᠨ ᠮᠦᠷᠳᠡᠭᠡᠨ ︽ ᠰᠦᠢᠶᠦᠸᠠᠨ ᠤ ᠡᠳᠤᠷ ᠤᠨ ᠰᠤᠨᠢᠨ ︾ ᠮᠤᠵᠢ ᠶᠢᠨ ᠷᠠᠳᠢᠤ᠋ ᠨᠡᠪᠳᠡᠷᠡᠭᠦᠯᠭᠡ ᠶᠢᠨ ᠬᠤᠷᠢᠶᠠᠨ ᠠᠴᠠ ᠮᠡᠳᠡᠭᠡᠯᠡᠭᠰᠡᠨ ᠪᠢᠯᠡ᠃ 1951 ᠤᠨ ᠤ 9 ᠳ᠋ᠤᠭᠡᠷ ᠰᠠᠷ᠎ᠠ ᠳᠤ ᠲᠡᠷᠡ ᠰᠦᠢᠶᠦᠸᠠᠨ ᠮᠤᠵᠢ ᠶᠢᠨ ᠲᠦᠯᠤᠭᠡᠯᠡᠭᠴᠢᠳ ᠤᠨ ᠪᠦᠯᠬᠦᠮ ᠲᠠᠢ ᠬᠠᠮᠳᠤ ᠪᠡᠭᠡᠵᠢᠩ ᠳᠤ ᠬᠦᠷᠴᠦ ᠬᠤᠸᠠᠪᠸᠢ ᠤᠷᠤᠨ ᠤ ᠠᠩᠬᠠᠳᠠᠬᠴᠢ ᠤᠳᠠᠭ᠎ᠠ ᠶᠢᠨ ᠰᠢᠶᠠᠨ ᠤ ᠲᠠᠷᠤᠭ᠎ᠠ ᠨᠠᠷ ᠤᠨ ᠬᠤᠷᠠᠯᠳᠤᠭᠠᠨ ᠳᠤ ᠤᠷᠤᠯᠴᠠᠵᠤ᠂ 9 ᠳ᠋ᠤᠭᠡᠷ ᠰᠠᠷ᠎ᠠ ᠶᠢᠨ 30 ᠤ ᠡᠳᠤᠷ ᠪᠦᠬᠦ ᠲᠦᠯᠤᠭᠡᠯᠡᠭᠴᠢᠳ ᠨᠢ ᠮᠡᠤ ᠽᠧ ᠳ᠋ᠦᠩ᠂ ᠯᠢᠦ ᠱᠤᠤ ᠴᠢ᠂ ᠵᠤ᠋ ᠳ᠋ᠧ ᠵᠡᠷᠭᠡ ᠨᠠᠮ ᠪᠡ ᠤᠯᠤᠰ ᠤᠨ ᠤᠳᠤᠷᠢᠳᠬᠤ ᠬᠦᠮᠦᠰ ᠤᠨ ᠲᠤᠳᠤᠨᠤ ᠠᠭᠤᠯᠵᠠᠯᠳᠠ ᠶᠢ ᠭᠦᠯᠢᠶᠠᠨ ᠠᠪᠤᠭᠰᠠᠨ ᠤ ᠬᠠᠮᠳᠤ ᠰᠡᠭᠦᠳᠡᠷ ᠠᠪᠴᠦ ᠲᠤᠷᠠᠰᠬᠠᠯ ᠪᠤᠯᠭᠠᠵᠠᠢ᠃ 10 ᠰᠠᠷ᠎ᠠ ᠶᠢᠨ 1 ᠤ ᠡᠳᠦᠷ ᠤᠯᠤᠰ ᠤᠨ ᠪᠠᠶᠠᠷ ᠤᠨ ᠶᠤᠰᠤᠯᠠᠯ ᠳᠤ ᠤᠷᠤᠯᠴᠠᠪᠠ᠃ 1952 ᠤᠨ ᠤ 10 ᠳ᠋ᠤᠭᠠᠷ ᠰᠠᠷ᠎ᠠ ᠳᠤ᠂ ᠲᠡᠷᠡ ᠤᠷᠠᠳ ᠤᠨ ᠲᠤᠮᠳᠠᠳᠤ ᠬᠤᠶᠢᠳᠤ ᠬᠤᠯᠪᠤᠭᠠᠳᠤ ᠬᠤᠰᠢᠭᠤᠨ ᠤ ᠨᠠᠮ ᠤᠨ ᠲᠤᠭᠤᠶᠢᠯᠠᠩ ᠤᠨ ᠱᠦᠵᠢ᠂ ᠰᠢᠬᠦᠬᠦ ᠬᠤᠷᠢᠶᠠᠨ ᠤ ᠲᠠᠷᠤᠭ᠎ᠠ ᠵᠡᠷᠭᠡ ᠶᠢᠨ ᠲᠤᠰᠢᠶᠠᠯ ᠢ ᠬᠠᠷᠢᠭᠤᠴᠠᠪᠡ᠃ 1953 ᠤᠨ ᠳᠤ ᠲᠤᠮᠳᠠᠳᠤ ᠤᠯᠤᠰ ᠤᠨ ᠡᠪ ᠬᠠᠮᠳᠤ ᠨᠠᠮ ᠤᠨ ᠰᠦᠢᠶᠦᠸᠠᠨ ᠮᠤᠵᠢ  ᠶᠢᠨ ᠨᠠᠮ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠲᠦᠯᠤᠭᠡᠯᠡᠭᠴᠢ᠂ ᠰᠦᠢᠶᠦᠸᠠᠨ ᠮᠤᠵᠢ ᠶᠢᠨ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠲᠦᠯᠤᠭᠡᠯᠡᠭᠴᠢ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠬᠢᠭᠡᠳ ᠰᠦᠢᠶᠦᠸᠠᠨ ᠮᠤᠵᠢ ᠨᠡᠶᠢᠯᠡᠭᠦ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ  ᠤᠨ ᠲᠦᠯᠤᠭᠡᠯᠡᠭᠴᠢ ᠪᠠᠷ ᠰᠤᠩᠭᠤᠭᠳᠠᠨ ᠬᠤᠷᠠᠯ ᠳᠤ ᠤᠷᠤᠯᠴᠠᠵᠤ᠂ ᠲᠤᠰ ᠵᠢᠯ ᠤᠨ 9 ᠳ᠋ᠤᠭᠡᠷ ᠰᠠᠷ᠎ᠠ ᠳᠤ ᠲᠠᠬᠢᠨ ᠨᠢᠭᠡ ᠤᠳᠠᠭ᠎ᠠ ᠪᠡᠭᠡᠵᠢᠩ ᠳᠤ ᠬᠦᠷᠴᠦ ᠤᠯᠤᠰ  ᠤᠨ ᠪᠠᠶᠠᠷ ᠤᠨ ᠶᠤᠰᠤᠯᠠᠯ ᠳᠤ ᠤᠷᠤᠯᠴᠠᠭᠰᠠᠨ ᠶᠤᠮ᠃ 1954 ᠤᠨ ᠤ 3 ᠳ᠋ᠤᠭᠠᠷ ᠰᠠᠷ᠎ᠠ ᠳᠤ ᠤᠯᠠᠭᠠᠨᠴᠠᠪ ᠠᠶᠢᠮᠠᠭ ᠲᠤ ᠰᠢᠯᠵᠢᠨ ᠠᠵᠢᠯᠯᠠᠵᠤ᠂ ᠤᠷᠢᠳ ᠬᠤᠵᠢᠳ ᠠᠶᠢᠮᠠᠭ ᠤᠨ ᠨᠠᠮ ᠤᠨ ᠬᠤᠷᠢᠶᠠᠨ ᠤ ᠠᠯᠪᠠᠨ ᠭᠡᠷ ᠤᠨ ᠲᠠᠳ᠋ ᠡᠷᠬᠢᠯᠡᠭᠴᠢ᠂ ᠲᠠᠷᠢᠶᠠᠯᠠᠩ ᠮᠠᠯ ᠠᠵᠤ ᠠᠬᠤᠢ ᠶᠢᠨ ᠬᠡᠯᠳᠡᠰ ᠤᠨ ᠲᠡᠳ᠋ ᠲᠠᠷᠤᠭ᠎ᠠ᠂ ᠤᠯᠠᠭᠠᠨᠴᠠᠪ ᠠᠶᠢᠮᠠᠭ ᠤᠨ ᠮᠠᠯ ᠠᠵᠤ ᠠᠬᠤᠢ ᠶᠢᠨ ᠲᠤᠪᠴᠢᠶᠠᠨ ᠤ ᠲᠠᠷᠤᠭ᠎ᠠ᠂ ᠲᠠᠷᠢᠶᠠᠯᠠᠩ ᠮᠠᠯ ᠠᠵᠤ ᠠᠬᠤᠢ ᠤᠢ ᠰᠢᠭᠤᠢ ᠶᠢᠨ ᠲᠤᠪᠴᠢᠶᠠᠨ ᠤ ᠲᠠᠷᠤᠭ᠎ᠠ᠂ ᠤᠯᠠᠭᠠᠨᠴᠠᠪ ᠠᠶᠢᠮᠠᠭ ᠤᠨ ᠨᠠᠮ ᠤᠨ ᠬᠤᠷᠢᠶᠠᠨ ᠤ ᠵᠤᠬᠢᠶᠠᠨ ᠪᠠᠶᠢᠭᠤᠯᠬᠤ ᠬᠡᠯᠳᠡᠰ ᠤᠨ ᠲᠡᠳ᠋ ᠲᠠᠷᠤᠭ᠎ᠠ᠂ ᠠᠶᠢᠮᠠᠭ ᠤᠨ ᠨᠠᠮ ᠤᠨ ᠬᠤᠷᠢᠶᠠᠨ ᠤ ᠤᠷᠤᠯᠠᠭᠴᠢ ᠪᠠᠶᠢᠩᠭᠤ ᠶᠢᠨ ᠬᠡᠰᠢᠭᠦᠨ ᠤ ᠡᠭᠦᠷᠭᠡ ᠶᠢ ᠡᠭᠦᠷᠭᠡᠯᠡᠵᠤ ᠪᠠᠶᠢᠯ᠎ᠠ᠃ ︽ᠰᠤᠶᠤᠯ ᠤᠨ ᠶᠡᠭᠡ ᠬᠤᠪᠢᠰᠬᠠᠯ︾ ᠤᠨ ᠲᠤᠮᠳᠠ᠂ ᠲᠡᠭᠦᠨ ᠤ ᠪᠡᠶ᠎ᠡ ᠰᠡᠳᠬᠢᠯ ᠨᠢ ᠭᠦᠨᠳᠤ ᠰᠦᠷᠡᠭᠡᠢ ᠲᠠᠯᠬᠢᠭᠳᠠᠯ ᠳᠤ ᠤᠴᠠᠷᠠᠭᠰᠠᠨ ᠪᠤᠯᠪᠠᠴᠦ᠂ ᠲᠡᠷᠡ ᠵᠠᠷᠴᠢᠮ ᠢ ᠪᠠᠷᠢᠮᠳᠠᠯᠠᠨ ᠲᠡᠷᠤᠯᠳᠠ ᠳᠤ ᠮᠡᠭᠦᠶᠢᠭᠦ ᠦᠬᠡᠢ᠂ ᠨᠠᠮ ᠪᠡ ᠤᠯᠠᠨ ᠲᠦᠮᠡᠨ ᠢ ᠢᠳᠡᠬᠡᠵᠤ᠂ ᠨᠢᠭᠡᠨ ᠡᠪ ᠬᠠᠮᠳᠤ ᠨᠠᠮ ᠤᠨ ᠭᠡᠰᠢᠭᠦᠨ ᠤ ᠪᠠᠳᠤ ᠴᠢᠩᠭ᠎ᠠ ᠢᠳᠡᠭᠡᠯ ᠵᠤᠷᠢᠭ ᠢ ᠢᠯᠡᠳᠭᠡᠭᠰᠡᠨ ᠶᠤᠮ᠃ 1972 ᠤᠨ ᠠᠴᠠ ᠨᠠᠰᠢ᠂ ᠲᠡᠷᠡ ᠤᠷᠢᠳ ᠬᠤᠵᠢᠳ ᠤᠯᠠᠭᠠᠨᠴᠠᠪ ᠠᠶᠢᠮᠠᠭ ᠤᠨ ᠬᠤᠪᠢᠰᠬᠠᠯ ᠤᠨ ᠵᠦᠪᠯᠡᠯ ᠤᠨ ᠤᠯᠤᠰ ᠲᠦᠷᠦ ᠶᠢᠨ ᠬᠡᠯᠳᠡᠰ ᠤᠨ ᠨᠢᠭᠡᠳᠤᠭᠡᠷ ᠲᠡᠳ᠋ ᠡᠷᠬᠢᠯᠡᠭᠴᠢ᠂ ᠤᠯᠠᠭᠠᠨᠴᠠᠪ ᠠᠶᠢᠮᠠᠭ ᠤᠨ ᠵᠤᠬᠢᠶᠠᠨ ᠪᠠᠶᠢᠭᠤᠯᠬᠤ ᠬᠡᠯᠳᠡᠰ ᠤᠨ ᠲᠡᠳ᠋ ᠲᠠᠷᠤᠭ᠎ᠠ ᠶᠢᠨ ᠲᠤᠰᠢᠶᠠᠯ ᠢ ᠡᠬᠦᠷᠬᠡᠯᠡᠪᠡ᠃ 1982 ᠤᠨ ᠳᠤ ᠲᠡᠷᠡ ︽ ᠪᠤᠭᠤᠯ ᠠᠴᠠ ᠪᠠᠶᠢᠯᠳᠤᠭᠴᠢ ᠪᠤᠯᠤᠭᠰᠠᠨ ᠨᠢ︾ ᠬᠡᠰᠡᠨ ᠬᠤᠪᠢᠰᠬᠠᠯᠳᠤ ᠲᠤᠷᠠᠳᠬᠠᠯ ᠢᠶᠠᠨ ᠪᠢᠴᠢᠵᠤ᠂ ᠤᠯᠠᠭᠠᠨᠴᠠᠪ ᠠᠶᠢᠮᠠᠭ ᠤᠨ ᠵᠤᠬᠢᠶᠠᠯᠴᠢᠳ ᠤᠨ ᠬᠤᠯᠪᠤᠭᠠᠨ ᠤ ᠲᠤᠰᠬᠠᠢ ᠲᠡᠭᠦᠪᠤᠷᠢ ᠳᠤ ᠨᠡᠶᠢᠳᠡᠯᠡᠭᠰᠡᠨ ᠪᠢᠯᠡ᠃ 1983 ᠤᠨ ᠤ 7 ᠳ᠋ᠤᠭᠠᠷ ᠰᠠᠷ᠎ᠠ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ ᠠᠵᠢᠨᠡᠢ︾ ᠡᠷᠡᠭᠦᠯ ᠬᠠᠮᠠᠭᠠᠯᠠᠯ ᠢ ᠪᠠᠶᠢᠴᠠᠭᠠᠬᠤ ᠪᠦᠯᠬᠦᠮ ᠤᠨ ᠲᠠᠷᠤᠭ᠎ᠠ ᠶᠢᠨ ᠲᠤᠰᠢᠶᠠᠯ ᠢ ᠡᠬᠦᠷᠭᠡᠯᠡᠵᠤ᠂ ᠪᠡᠶ᠎ᠡ ᠪᠠᠷ ᠢᠶᠠᠨ ᠭᠤᠷᠪᠠᠨ ᠠᠶᠢᠮᠠᠭ ᠨᠢᠭᠡ ᠬᠤᠳᠠ ᠬᠡᠳᠤᠨ ᠠᠷᠪᠠᠨ ᠬᠤᠰᠢᠭᠤᠳ ᠢ ᠪᠠᠶᠢᠴᠠᠭᠠᠨ᠂ ᠲᠦᠮᠡ ᠭᠠᠷᠤᠢ ᠺᠢᠯᠤᠮᠧᠲᠷ ᠤᠨ ᠵᠠᠮ ᠶᠠᠪᠤᠭᠰᠠᠨ ᠶᠤᠮ᠃ ᠲᠤᠰ ᠵᠢᠯ ᠤᠨ 9 ᠳ᠋ᠤᠭᠡᠷ ᠰᠠᠷ᠎ᠠ ᠳᠤ ᠨᠠᠮ ᠤᠨ ᠤᠷᠢᠶᠠᠯᠠᠭ᠎ᠠ ᠶᠢ ᠢᠳᠡᠪᠬᠢᠳᠡᠢ ᠴᠤᠤᠷᠢᠶᠠᠳᠤᠨ ᠬᠤᠶᠠᠳᠤᠭᠠᠷ ᠤᠳᠠᠰᠤᠨ  ᠳᠤ ᠰᠢᠯᠵᠢᠵᠤ᠂ ᠤᠯᠠᠭᠠᠨᠴᠠᠪ ᠠᠶᠢᠮᠠᠭ ᠤᠨ ᠵᠠᠬᠢᠷᠭᠠᠨ ᠤ ᠵᠦᠪᠯᠡᠭᠴᠢ᠂ ᠨᠠᠰᠤᠳᠠᠶᠢᠴᠤᠳ ᠤᠨ ᠵᠦᠪᠯᠡᠯ ᠤᠨ ᠡᠷᠬᠢᠯᠡᠭᠴᠢ ᠪᠤᠯᠵᠠᠢ᠃ ᠲᠡᠷᠡ ᠨᠠᠰᠤ ᠠᠭᠰᠢᠷᠠᠵᠤ ᠪᠡᠶ᠎ᠡ ᠮᠠᠭᠤᠳᠠᠭᠰᠨᠨ ᠢᠶᠠᠨ ᠬᠠᠶᠢᠬᠤᠷᠤᠯ ᠦᠬᠡᠢ᠂ ᠨᠠᠮ ᠪᠡ ᠠᠷᠠᠳ ᠲᠦᠮᠡᠨ ᠤ ᠠᠵᠢᠯ ᠤᠶᠢᠯᠡᠰ ᠲᠤ ᠦᠷᠭᠦᠯᠵᠢᠯᠡᠨ ᠰᠡᠳᠬᠢᠯ ᠲᠠᠯᠪᠢᠵᠤ᠂ ᠢᠳᠡᠪᠬᠢᠳᠡᠢ ᠪᠠᠷ ᠠᠷᠭ᠎ᠠ ᠪᠤᠳᠤᠯᠭ᠎ᠠ ᠪᠠᠨ ᠡᠷᠭᠦᠨ ᠲᠡᠪᠰᠢᠭᠦᠯᠦᠭᠰᠡᠨ ᠶᠤᠮ᠃ 1985 ᠤᠨ ᠤ 6 ᠳ᠋ᠤᠭᠠᠷ ᠰᠠᠷ᠎ᠠ᠂ 12 ᠳ᠋ᠤᠭᠠᠷ ᠰᠠᠷ᠎ᠠ ᠳᠤ ᠲᠡᠷᠡ ᠤᠷᠢᠳ ᠬᠤᠵᠢᠳ ᠬᠤᠶᠠᠷ ᠤᠳᠠᠭ᠎ᠠ ᠤᠷᠠᠳ ᠤᠨ ᠲᠤᠮᠳᠠᠳᠤ ᠬᠤᠰᠢᠭᠤ ᠶᠢ ᠰᠤᠷᠪᠤᠯᠵᠢᠯᠠᠭᠰᠠᠨ ᠮᠦᠷᠳᠡᠭᠡᠨ ᠬᠤᠰᠢᠭᠤᠨ ᠤ ᠨᠠᠮ ᠤᠨ ᠲᠡᠤᠬᠡᠨ ᠮᠡᠲ᠋ᠧᠷᠢᠶᠠᠯ ᠡᠮᠬᠢᠳᠬᠡᠨ ᠴᠤᠬᠯᠠᠭᠤᠯᠬᠤ ᠠᠵᠢᠯ ᠢ ᠢᠳᠡᠪᠬᠢᠳᠡᠢ ᠪᠠᠷ ᠬᠠᠯᠠᠮᠵᠢᠯᠠᠨ ᠲᠡᠮᠵᠢᠪᠡ᠃ 1986 ᠤᠨ ᠤ ᠡᠪᠤᠯ ᠲᠡᠷᠡ ︽ ᠰᠢᠨ᠎ᠡ ᠪᠠᠷ ᠮᠡᠨᠳᠤᠯᠡᠭᠰᠡᠨ ᠲᠦᠷᠦ ᠮᠤᠩᠭᠤᠯ ᠭᠡᠷ ᠲᠤ ᠪᠠᠶᠢᠭᠤᠯᠤᠭᠳᠠᠯ᠎ᠠ︾ ︵︽ ᠲᠠᠯ᠎ᠠ ᠨᠤᠳᠤᠭ ᠤᠨ ᠠᠷᠠᠳ ᠤᠨ ᠲᠦᠷᠦ ᠶᠢᠨ ᠡᠷᠬᠡ︾ ︶ ᠬᠡᠰᠡᠨ ᠲᠤᠷᠠᠳᠬᠠᠯ ᠢᠶᠠᠨ ᠪᠢᠴᠢᠵᠤ᠂ ᠪᠠᠶᠠᠨᠨᠠᠭᠤᠷ ᠠᠶᠢᠮᠠᠭ ᠤᠨ ᠨᠠᠮ ᠤᠨ ᠲᠡᠤᠬᠡ᠂ ᠤᠷᠤᠨ ᠨᠤᠳᠤᠭ  ᠤᠨ ᠤᠶᠢᠯᠠᠯᠭ᠎ᠠ ᠶᠢᠨ ᠲᠡᠤᠬᠡᠨ ᠮᠡᠲ᠋ᠧᠷᠢᠶᠠᠯ   ᠳᠤ ᠨᠡᠶᠢᠳᠡᠯᠡᠪᠡ᠃ 1989 ᠤᠨ ᠤ 1 ᠳ᠋ᠤᠭᠡᠷ ᠰᠠᠷ᠎ᠠ ᠳᠤ ᠠᠵᠢᠯ ᠠᠴᠠ ᠪᠠᠨ ᠠᠮᠠᠷᠠᠪᠡ᠃    1990 ᠤᠨ ᠤ 5 ᠳ᠋ᠤᠭᠠᠷ ᠰᠠᠷ᠎ᠠ ᠶᠢᠨ 1 ᠤ ᠡᠳᠦᠷ᠂ ᠵᠢᠷᠦᠭᠡᠨ ᠤ ᠡᠪᠡᠳᠴᠢᠨ ᠨᠢ ᠭᠡᠨᠡᠳᠳᠡ ᠬᠦᠳᠡᠯᠵᠦ᠂ ᠵᠢᠨᠢᠩ ᠬᠤᠳᠠ ᠳᠤ ᠵᠤᠯ ᠪᠤᠰᠤ ᠪᠠᠷ ᠨᠠᠰᠤ ᠪᠠᠷᠠᠪᠠ᠃                                      ︽ᠤᠷᠠᠳ ᠤᠨ ᠲᠤᠮᠳᠠᠳᠤ ᠬᠤᠰᠢᠭᠤᠨ ᠤ ᠤᠶᠢᠯᠠᠯᠭ᠎ᠠ  ︾ ᠠᠴᠠ ᠪᠠᠭᠤᠯᠭᠠᠪᠠ᠃  
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ