ᠶᠠᠮᠠᠷ ᠨᠢᠭᠡᠨ ᠵᠢᠭᠤᠷᠠᠯᠳᠣᠭᠠᠨ ᠤ ᠵᠠᠷᠭᠤ ᠳᠤ ᠬᠤᠯᠪᠣᠭᠳᠠᠪᠠᠯ ᠭᠡᠷᠡᠴᠢ ᠪᠠᠷᠢᠮᠳᠠ ᠲᠦᠢᠯ ᠤᠨ ᠴᠢᠬᠤᠯᠠ ᠪᠠᠶᠢᠳᠠᠭ᠃ ᠣᠷᠳᠣ ᠬᠤᠭᠤᠴᠠᠭᠠᠨ ᠤ ᠲᠣᠷᠰᠢ ᠮᠠᠯᠴᠢᠨ | ᠲᠦᠮᠡᠨ ᠤ ᠭᠡᠷᠡᠴᠢ ᠪᠠᠷᠢᠮᠳᠠ ᠶᠢᠨ ᠴᠢᠬᠤᠯᠠ ᠴᠢᠨᠠᠷ ᠤᠨ ᠲᠠᠯ᠎ᠠ ᠪᠠᠷ ᠬᠢ ᠲᠠᠨᠢᠯᠳᠠ ᠲᠣᠳᠠᠮᠠᠭ ᠪᠠᠶᠢᠵᠣ᠂ ᠵᠦᠪᠬᠡᠨ ᠦᠪᠡᠷ ᠤᠨ ᠲᠣᠭᠠᠴᠢᠯᠳᠠ ᠪᠠᠷ ᠢᠶᠠᠨ ᠬᠡᠷᠡᠭ | ᠶᠠᠪᠣᠳᠠᠯ ᠢ ᠢᠯᠡ ᠪᠣᠯᠭᠠᠬᠤ ᠶᠢ ᠪᠣᠳᠣᠳᠠᠭ᠃ ᠢᠩᠬᠢᠭᠡᠳ ᠭᠡᠷᠡᠴᠢ ᠪᠠᠷᠢᠮᠳᠠ ᠦᠭᠡᠢ ᠪᠣᠶᠣ ᠭᠡᠷᠡᠴᠢ ᠪᠠᠷᠢᠮᠳᠠ ᠲᠣᠳᠠᠮᠠᠭ ᠠᠴᠠ ᠪᠣᠯᠵᠣ ᠵᠠᠷᠭᠤ ᠳᠤ ᠢᠯᠠᠭᠳᠠᠳᠠᠭ | ᠦᠵᠡᠭᠳᠡᠯ ᠦᠷᠭᠦᠯᠵᠢ ᠲᠣᠬᠢᠶᠠᠯᠳᠣᠳᠠᠭ ᠮᠦᠷᠳᠡᠭᠡᠨ ᠡᠭᠦᠨ ᠤ ᠣᠯᠠᠮ ᠢᠶᠠᠷ ᠰᠢᠭᠦᠬᠦ ᠬᠤᠷᠢᠶᠠᠨ ᠳᠤ ᠠᠳᠡᠭᠦᠣ ᠣᠶᠢᠯᠭᠠᠯᠳᠠ ᠲᠠᠢ ᠪᠣᠯᠵᠣ ︽ᠪᠢ ᠲᠢᠩᠬᠢᠮ ᠲᠡᠭᠡᠷ᠎ᠡ | ᠲᠡᠳᠣᠢ ᠣᠯᠠᠨ ᠶᠠᠷᠢᠵᠣ ᠮᠢᠨᠣ ᠣᠴᠢᠷ ᠦᠨᠡᠨ ᠪᠣᠳᠠᠳᠠᠢ ᠪᠠᠶᠢᠬᠤ ᠳᠤ ᠶᠠᠭᠤᠨ ᠳᠤ ᠨᠣᠳᠠᠯᠠᠬᠤ ᠦᠭᠡᠢ ᠪᠣᠢ︖︾ ᠭᠡᠵᠣ ᠰᠠᠨᠠᠯ ᠢᠶᠠᠨ ᠳᠤᠷᠠᠳᠳᠠᠭ᠃ | ᠲᠣᠣᠷ᠎ᠠ ᠪᠢ ᠮᠠᠯᠴᠢᠨ ᠲᠦᠮᠡᠨ ᠳᠡᠭᠡᠨ ᠭᠡᠷᠡᠴᠢ ᠪᠠᠷᠢᠮᠳᠠ ᠪᠢᠴᠢᠬᠦ ᠳᠤ ᠠᠩᠬᠠᠷᠬᠤ ᠬᠡᠳᠣᠨ ᠵᠦᠢᠯ ᠢ ᠰᠠᠨᠠᠭᠤᠯᠣᠶ᠎ᠠ᠃ | ᠨᠢᠭᠡ᠂ ᠭᠡᠷᠡᠴᠢ ᠪᠠᠷᠢᠮᠳᠠ ᠶᠢᠨ ᠠᠭᠤᠯᠭ᠎ᠠ ᠶᠢ ᠪᠦᠷᠢᠨ ᠭᠦᠢᠴᠡᠳ ᠪᠢᠴᠢᠬᠦ ᠬᠡᠷᠡᠭᠳᠠᠢ᠃ ᠭᠡᠷᠡᠴᠢ ᠪᠢᠴᠢᠬᠦ ᠳᠡᠭᠡᠨ ᠵᠠᠪᠠᠯ ᠬᠦᠮᠣᠨ᠂ ᠴᠠᠭ ᠬᠤᠭᠤᠴᠠᠭ᠎ᠠ᠂ ᠭᠠᠵᠠᠷ | ᠣᠷᠣᠨ᠂ ᠦᠭᠴᠣ ᠠᠪᠬᠤ᠂ ᠪᠣᠳᠠᠳᠣ ᠠᠭᠤᠯᠭ᠎ᠠ᠂ ᠵᠣᠭᠤᠰ ᠮᠦᠩᠬᠦ ᠶᠢᠨ ᠲᠤᠭ᠎ᠠ᠂ ᠴᠢᠨᠠᠭᠰᠢᠯᠠᠪᠠᠯ ᠬᠠᠣᠯᠢ ᠶᠢᠨ ᠬᠠᠷᠢᠭᠤᠴᠠᠯᠭ᠎ᠠ ᠭᠡᠬᠦ ᠮᠡᠳᠣ ᠶᠢᠨ ᠠᠭᠤᠯᠭ᠎ᠠ ᠶᠢ | ᠪᠦᠷᠢᠨ ᠭᠦᠢᠴᠡᠳ ᠪᠢᠴᠢᠭᠰᠡᠨ ᠪᠠᠶᠢᠬᠤ ᠬᠡᠷᠡᠭᠳᠠᠢ᠃ | ᠬᠤᠶᠠᠷ᠂ ᠵᠣᠭᠤᠰ ᠤᠨ ᠪᠠᠷᠢᠮᠳᠠ ᠪᠠᠨ ᠵᠠᠪᠠᠯ ᠲᠣᠮᠣ ᠪᠢᠴᠢᠯᠭᠡ ᠪᠣᠯᠣᠨ ᠪᠠᠭ᠎ᠠ ᠪᠢᠴᠢᠯᠭᠡ ᠪᠠᠷ ᠪᠦᠷ ᠪᠢᠴᠢᠬᠦ ᠶᠢ ᠴᠢᠬᠤᠯᠠᠴᠢᠯᠠᠬᠤ ᠬᠡᠷᠡᠭᠳᠠᠢ᠃ | ᠭᠤᠷᠪᠠ᠂ ᠦᠪᠡᠷ ᠤᠨ ᠣᠭ ᠰᠠᠨᠠᠭ᠎ᠠ ᠴᠢᠨᠢ ᠲᠣᠳᠣᠷᠬᠠᠢ ᠪᠠᠶᠢᠬᠤ ᠬᠡᠷᠡᠭᠳᠠᠢ᠃ ᠲᠠᠷᠣᠢ ᠬᠤᠶᠠᠷ ᠲᠠᠯ᠎ᠠ ᠶᠢᠨ ᠵᠦᠪᠳᠡᠯᠴᠡᠭᠡᠷ ᠬᠡᠯᠡᠯᠴᠡᠭᠡᠷ ᠴᠢᠨᠢ ᠬᠤᠶᠠᠷ | ᠲᠠᠯ᠎ᠠ ᠶᠢᠨ ᠣᠭ ᠰᠠᠨᠠᠭ᠎ᠠ ᠪᠠᠶᠢᠬᠤ ᠶᠢ ᠴᠢᠬᠤᠯᠠᠴᠢᠯᠠᠬᠤ ᠬᠡᠷᠡᠭᠳᠠᠢ᠂ ᠬᠠᠷᠢᠨ ᠣᠭ ᠰᠠᠨᠠᠭ᠎ᠠ ᠶᠢ ᠲᠡᠷᠰᠯᠡᠭᠰᠡᠨ ᠠᠭᠤᠯᠭ᠎ᠠ ᠶᠢ ᠪᠢᠴᠢᠵᠣ ᠪᠣᠯᠬᠤ ᠦᠭᠡᠢ᠃ | ᠲᠦᠷᠪᠡ᠂ ᠭᠡᠷᠡᠴᠢ ᠪᠠᠷᠢᠮᠳᠠ ᠪᠢᠴᠢᠬᠦ ᠳᠡᠭᠡᠨ ᠬᠦᠩᠭᠡᠨ ᠬᠠᠭᠤᠳᠠᠮ ᠪᠠᠶᠢᠵᠣ ᠪᠣᠯᠬᠤ ᠦᠭᠡᠢ᠃ ᠵᠢᠱᠢᠶᠡᠯᠡᠪᠡᠯ᠂ ᠵᠠᠷᠢᠮ ᠬᠦᠮᠣᠨ ᠭᠡᠷᠡᠴᠢ ᠪᠠᠷᠢᠮᠳᠠ ᠶᠢᠨ ᠦᠨᠡᠨ | ᠬᠤᠳᠠᠯ᠂ ᠠᠭᠤᠯᠭ᠎ᠠ ᠵᠡᠷᠭᠡ ᠶᠢ ᠠᠩᠬᠠᠷᠬᠤ ᠦᠭᠡᠢ ᠪᠠᠷ ᠵᠢᠭᠡᠯᠡᠯᠭᠡ ᠶᠢᠨ ᠪᠠᠷᠢᠮᠳᠠ ᠲᠡᠭᠡᠷ᠎ᠡ ᠰᠢᠭᠤᠳ ᠨᠡᠷ᠎ᠡ ᠪᠠᠨ ᠪᠢᠴᠢᠬᠦ᠃ ᠦᠨᠡᠨ ᠳᠡᠭᠡᠨ ᠵᠣᠭᠤᠰ ᠤᠨ ᠵᠢᠭᠡᠯᠡᠯᠭᠡ | ᠪᠠᠶᠢᠳᠠᠯ᠎ᠠ ᠨᠦᠭᠦᠭᠡ ᠡᠳᠡᠭᠡᠳ ᠨᠢ ᠬᠤᠨᠢ ᠪᠣᠴᠠᠭᠠᠬᠤ ᠣᠴᠢᠷ ᠪᠣᠯᠭᠠᠨ ᠪᠢᠴᠢᠭᠰᠡᠨ ᠪᠠᠶᠢᠬᠤ ᠳᠤ ᠠᠩᠬᠠᠷᠣᠯ ᠳᠠᠭᠠᠨ ᠠᠪᠬᠤ ᠦᠭᠡᠢ᠃ ᠪᠠᠰᠠ ᠵᠣᠭᠤᠰ ᠤᠨ ᠬᠦᠣ | ᠮᠦᠩᠬᠦ ᠨᠢ ᠨᠢᠭᠡᠨᠳᠡ ᠡᠬᠡ ᠵᠣᠭᠤᠰᠣᠨ ᠳᠤ ᠣᠷᠣᠵᠣ᠂ ᠲᠠᠬᠢᠨ ᠬᠦᠣ ᠠᠴᠠ ᠨᠢ ᠬᠦᠣ ᠲᠦᠷᠦᠵᠣ ᠪᠠᠶᠢᠬᠤ ᠶᠢ ᠴᠣ᠋ ᠠᠩᠬᠠᠷᠬᠤ ᠦᠭᠡᠢ ᠪᠠᠷ ᠭᠡᠷᠡᠴᠢ ᠪᠠᠷᠢᠮᠳᠠ | ᠪᠢᠴᠢᠳᠡᠭ᠃ | ᠲᠠᠪᠤ᠂ ᠨᠣᠳᠤᠭ ᠪᠡᠯᠴᠢᠭᠡᠷ ᠤᠨ ᠬᠡᠷ᠎ᠡ ᠪᠣᠶᠣ ᠲᠡᠭᠦᠨ ᠲᠠᠢ ᠬᠠᠮᠢᠶᠠᠳᠠᠢ ᠭᠡᠷᠡᠴᠢ ᠬᠢᠬᠦ ᠳᠡᠭᠡᠨ ᠰᠣᠮᠣ ᠭᠠᠴᠠᠭᠠᠨ ᠤ ᠬᠠᠮᠢᠶᠠᠳᠠᠢ ᠪᠠᠶᠢᠭᠤᠯᠭ᠎ᠠ ᠶᠢ ᠲᠠᠮᠵᠢᠬᠤ | ᠬᠡᠷᠡᠭᠳᠠᠢ᠃ | ᠵᠢᠷᠭᠤᠭ᠎ᠠ᠂ ᠬᠦᠴᠣᠷᠬᠡᠭᠯᠡᠯ᠂ ᠰᠦᠷᠳᠡᠭᠦᠯᠣᠯ᠂ ᠬᠠᠪᠴᠢᠨ ᠰᠢᠬᠠᠯᠳᠠ ᠶᠢᠨ ᠪᠠᠶᠢᠳᠠᠯ ᠲᠣᠣᠷ᠎ᠠ ᠭᠡᠷᠡᠴᠢ ᠪᠠᠷᠢᠮᠳᠠ ᠪᠢᠴᠢᠵᠣ ᠪᠣᠯᠬᠤ ᠦᠭᠡᠢ᠃ | ᠲᠣᠯᠤᠭ᠎ᠠ᠂ ᠭᠡᠷᠡᠴᠢ ᠪᠠᠷᠢᠮᠳᠠ ᠬᠢᠭᠰᠡᠨ ᠤ ᠲᠠᠷᠠᠭ᠎ᠠ ᠬᠤᠶᠠᠷ ᠡᠳᠡᠭᠡᠳ ᠢᠶᠠᠷ ᠢᠶᠠᠨ ᠲᠣᠰ ᠪᠦᠷᠢ ᠨᠢᠭᠡ ᠬᠤᠪᠢ ᠦᠯᠡᠳᠡᠭᠡᠬᠦ ᠶᠢᠨ ᠬᠠᠮᠳᠣ ᠭᠡᠷᠡᠴᠢᠯᠡᠬᠦ ᠬᠦᠮᠣᠨ᠂ | ᠪᠠᠳᠣᠯᠠᠬᠤ ᠬᠦᠮᠣᠨ᠂ ᠨᠡᠩ ᠴᠣ᠋ ᠠᠯᠪᠠᠨ ᠭᠡᠷᠡᠴᠢᠯᠡᠭᠡ ᠵᠡᠷᠭᠡ ᠶᠢ ᠲᠠᠭᠠᠯᠳᠣᠭᠤᠯᠪᠠᠯ ᠨᠡᠩ ᠰᠠᠶᠢᠨ᠃ | ᠨᠠᠢᠮᠠ ᠂ ᠭᠡᠷᠡᠴᠢ ᠪᠠᠷᠢᠮᠳᠠ ᠶᠢᠨ ᠦᠭᠡ ᠦᠰᠦᠭ ᠴᠡᠪᠡᠷ ᠲᠣᠳᠣᠷᠬᠠᠢ᠂ ᠢᠯᠭᠤᠮ ᠣᠶᠢᠯᠠᠭᠠᠮᠵᠢᠲᠠᠢ᠂ ᠨᠡᠶᠢᠴᠡᠪᠦᠷᠢᠳᠠᠢ ᠪᠠᠶᠢᠬᠤ ᠶᠢ ᠪᠠᠳᠣᠯᠠᠬᠤ ᠬᠡᠷᠡᠭᠳᠠᠢ᠃ | ᠭᠡᠷᠡᠴᠢ ᠪᠠᠷᠢᠮᠳᠠ ᠨᠢ ᠵᠠᠪᠠᠯ ᠬᠢᠨᠠᠨ ᠰᠢᠯᠭᠠᠯᠳᠠ ᠶᠢ ᠲᠠᠮᠵᠢᠨ ᠦᠨᠡᠨ ᠪᠣᠳᠠᠳᠠᠢ ᠪᠠᠶᠢᠪᠠᠯ ᠰᠠᠶ᠋ᠢ ᠪᠣᠳᠠᠳᠣ ᠬᠡᠷᠡᠭ ᠲᠤ ᠨᠣᠳᠠᠯᠠᠬᠤ ᠪᠠᠷᠢᠮᠳᠠ ᠪᠣᠯᠳᠠᠭ᠃ ᠬᠠᠣᠯᠢ ᠶᠢᠨ | ᠲᠣᠭᠳᠠᠭᠠᠯ ᠢᠶᠠᠷ ᠣᠯᠠᠩᠬᠢ ᠳᠠᠭᠠᠨ ︵ᠬᠡᠨ ᠵᠣᠷᠢᠯᠳᠠ ᠲᠣᠷᠠᠳᠪᠠᠯ ᠲᠡᠷᠡ ᠭᠡᠷᠡᠴᠢ ᠭᠠᠷᠭᠠᠵᠣ ᠦᠭᠳᠡᠭ﹀᠃ | ᠡᠶᠢᠮᠣ ᠠᠴᠠ ᠮᠠᠯᠴᠢᠨ ᠲᠦᠮᠡᠨ ᠮᠢᠨᠢ ᠭᠡᠷᠡᠴᠢ ᠪᠠᠷᠢᠮᠳᠠ ᠶᠢᠨ ᠴᠢᠬᠤᠯᠠ ᠴᠢᠨᠠᠷ ᠢ ᠭᠦᠢᠴᠡᠳ ᠲᠠᠨᠢᠵᠣ᠂ ᠭᠡᠷᠡᠴᠢ ᠪᠠᠷᠢᠮᠳᠠ ᠪᠢᠴᠢᠬᠦ ᠳᠡᠭᠡᠨ ᠬᠢᠨᠠᠮᠠᠭᠠᠢ ᠯᠠᠪᠳᠠᠭᠤᠨ | ᠪᠠᠶᠢᠪᠠᠯ ᠵᠣᠬᠢᠨ᠎ᠠ᠃ | |