ᠤᠷᠠᠳ ᠲᠠᠭᠰᠢᠨ ᠭᠤᠪᠢ
ᠨᠡᠶᠢᠲᠡᠯᠡᠭᠰᠡᠨ ᠴᠠᠭ᠄
2024/10/21
            ᠶ᠊᠂ ᠮᠦᠩᠬᠡᠵᠢᠷᠭᠠᠯ ᠬᠠᠨ ᠪᠤᠭᠤᠷᠤᠯ ᠴᠤᠩᠵᠢ ᠭᠠᠯᠪᠠ ᠶᠢᠨ ᠲᠡᠤᠬᠡᠨ᠎ᠡ ᠬᠠᠭᠤᠴᠢᠯᠠᠨ᠎ᠠ ᠬᠠᠨᠠᠨ ᠬᠠᠳᠠᠨ ᠤ ᠵᠢᠷᠤᠭ  ᠮᠢᠩᠭᠠᠨ ᠤᠨ ᠭᠦᠤᠷᠨᠢᠨ᠎ᠡ ᠬᠦᠮᠦᠨ ᠴᠢᠯᠠᠭᠤ ᠮᠦᠩᠭᠡᠵᠢᠨ  ᠡᠷᠢᠨ ᠤ ᠤᠯᠪᠠᠭ᠎ᠠ ᠴᠠᠳᠢᠭᠯᠠᠨ᠎ᠠ ᠬᠦᠷᠡᠩ ᠪᠦᠷᠬᠦᠳ ᠴᠦᠢᠯᠠᠨ ᠡᠬᠦᠯᠡᠰ ᠤᠨ ᠲᠡᠷᠢᠬᠦᠨ ᠭᠡᠵᠢᠭᠡᠳᠡᠨ᠎ᠡ ᠪᠤᠷ ᠪᠤᠷ ᠬᠤᠷᠠᠯᠠᠨ ᠲᠤᠤᠯᠢ ᠶᠢᠨ ᠭᠤᠪᠢ ᠮᠠᠨᠠᠨᠳᠤᠨ᠎ᠠ  ᠪᠤᠳᠤᠯ ᠪᠤᠳᠤᠯ ᠠᠷᠢᠭᠤᠰᠤᠨ ᠤᠳᠤᠮ ᠤᠨ ᠰᠤᠤ ᠪᠠᠳᠠᠷᠠᠨ᠎ᠠ ᠬᠠᠯᠢᠭᠤᠨ ᠰᠠᠷ᠎ᠠ ᠭᠡᠭᠡᠯᠵᠡᠨ ᠴᠦᠯ ᠤᠨ ᠪᠤᠭᠤ ᠦᠷᠦᠮᠳᠡᠨ᠎ᠡ ᠬᠠᠳᠠᠷᠢᠶ᠎ᠠ ᠰᠠᠯᠬᠢ ᠰᠡᠪᠡᠯᠵᠡᠨ  ᠴᠡᠴᠡᠭ ᠤᠨ ᠪᠤᠶᠢᠯᠠᠭ᠎ᠠ ᠬᠦᠭᠡᠮᠠᠶᠢᠳᠡᠨ᠎ᠡ ᠡᠩᠭᠡ ᠲᠤᠩᠬ᠎ᠠ ᠰᠢᠪᠰᠢᠨ ᠦᠦᠷ ᠤᠨ ᠰᠢᠪᠠᠭᠤ ᠵᠢᠷᠬᠢᠯᠳᠤᠨ᠎ᠡ ᠡᠷᠳᠡ ᠶᠢᠨ ᠨᠠᠷᠠ ᠪᠠᠳᠮᠠᠯᠠᠨ  ᠠᠭᠤᠯᠠᠰ ᠤᠨ ᠵᠤᠯᠠᠢ ᠰᠢᠵᠢᠷᠳᠡᠨ᠎ᠡ ᠰᠢᠩᠬᠤᠨ ᠭᠤᠪᠢ ᠲᠤᠨᠤᠷᠠᠨ ᠬᠤᠪᠠᠨ ᠵᠡᠷᠭᠡᠯᠭᠡᠨ ᠲᠠᠭᠤᠴᠠᠯᠳᠤᠨ᠎ᠠ ᠱᠠᠩᠬᠤᠨ ᠲᠡᠯ ᠨᠠᠮᠢᠷᠠᠨ ᠬᠤᠯᠠᠨ ᠲᠠᠬᠢ ᠲᠠᠪᠬᠢᠯᠳᠤᠨ᠎ᠠ ᠵᠠᠭ ᠰᠤᠬᠠᠢ ᠢᠭᠴᠤᠷᠠᠨ   ᠲᠡᠮᠡᠭᠡᠨ ᠰᠦᠷᠦᠭ ᠪᠦᠮᠪᠦᠯᠵᠡᠨ᠎ᠡ ᠵᠠᠳᠠᠭᠠᠢ ᠶᠢᠨ ᠰᠦᠯ ᠠᠭᠠᠷᠠᠨ ᠵᠡᠭᠡᠷ᠎ᠡ ᠶᠢᠨ ᠲᠠᠭᠰᠢᠶ᠎ᠠ ᠡᠷᠴᠢᠰᠢᠨ᠎ᠡ ᠬᠠᠷᠠᠭ᠎ᠠ ᠮᠡᠯᠮᠠᠢ ᠴᠢᠮᠠᠨ  ᠤᠳᠤᠷ ᠤᠨ ᠰᠦᠷᠦᠭ ᠢᠷᠠᠶᠢᠯᠴᠠᠨ᠎ᠠ ᠬᠠᠶᠠᠭ᠎ᠠ ᠪᠠᠭᠤᠴᠠ ᠴᠢᠨᠳᠠᠮᠤᠨᠢᠯᠠᠨ ᠵᠤᠰᠠᠭᠠᠯ ᠤᠨ ᠠᠶᠢᠯ ᠢᠵᠢᠯᠰᠢᠨ᠎ᠡ ᠠᠭᠳᠠ ᠶᠢᠨ ᠦᠦᠷᠰᠡᠯ ᠬᠠᠩᠬᠢᠨᠠᠨ ᠤᠷᠠᠨ ᠪᠠᠶᠢᠭᠠᠯᠢ ᠬᠤᠩᠭᠤᠷᠳᠠᠨ᠎ᠠ ᠠᠭᠯᠠᠭ ᠬᠦᠳᠡᠭᠡ ᠴᠡᠪᠴᠡᠷᠡᠨ  ᠤᠷᠠᠳ ᠨᠤᠳᠤᠭ ᠨᠠᠯᠠᠭᠠᠷᠰᠢᠨ᠎ᠠ ᠵᠠᠭᠤᠨ ᠪᠠᠷ᠎ᠠ ᠠᠯᠤᠰᠷᠠᠨ  ᠲᠤᠮᠤᠭ ᠤᠨ ᠶᠤᠮ ᠰᠢᠭ᠋ ᠤᠶᠠᠩᠭᠠᠰᠢᠨ᠎ᠠ ᠵᠡᠬᠦᠳᠦᠨ ᠮᠦᠷᠦᠭᠡᠳᠦᠯ ᠲᠡᠷᠭᠡᠯᠰᠢᠨ ᠦᠯᠢᠭᠡᠷ ᠤᠨ ᠶᠤᠮ ᠰᠢᠭ᠋ ᠨᠠᠶᠢᠷᠠᠭᠰᠢᠨ᠎ᠡ ᠶᠡᠭᠡ ᠭᠤᠪᠢ ᠶᠢᠨ ᠬᠦᠨ ᠳᠤ ᠠᠮᠢᠳᠤᠷᠠᠯ ᠨᠠᠮᠬᠠᠨ ᠲᠤᠤᠯᠢᠶᠠᠨᠳᠤᠨ᠎ᠠ ᠢᠳᠡᠭᠡᠯ ᠬᠦᠰᠡᠯ ᠵᠢᠬᠦᠷᠯᠡᠨ  ᠠᠮᠠᠷᠠᠭ ᠲᠡᠯᠡᠭᠡᠢ ᠢᠨᠠᠭᠰᠢᠨ᠎ᠡ ᠡᠵᠡᠨ ᠵᠠᠶᠠᠭ᠎ᠠ ᠬᠤᠶᠢᠮᠤᠷᠯᠠᠨ ᠲᠡᠭᠡᠳᠦᠰ ᠤᠨ ᠭᠤᠯᠤᠮᠳᠠ ᠲᠦᠷᠡᠯᠵᠡᠨ᠎ᠡ ᠡᠰᠡᠨᠢᠬᠦᠨ ᠬᠤᠷᠤᠢ ᠲᠠᠯᠠᠯᠤᠨ  ᠲᠡᠪᠡᠯ ᠲᠠᠢ ᠮᠤᠩᠭᠤᠯ ᠵᠢᠪᠬᠤᠭᠠᠵᠢᠨ᠎ᠠ᠃                2016.4            ᠶ᠊᠂ ᠮᠦᠩᠬᠡᠵᠢᠷᠭᠠᠯ ᠤᠨ ᠰᠢᠯᠦᠭ ᠤᠨ ᠲᠡᠬᠦᠪᠦᠷᠢ ︽  ᠤᠶᠠᠩᠭᠠᠨ ᠴᠡᠩᠭᠡᠷ ᠰᠠᠴᠤᠯᠢ︾ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ