ᠬᠠᠷᠠᠪᠠᠷᠰ | | | | ᠡᠨᠡ ᠵᠢᠯ ᠤᠨ ᠬᠠᠩᠰᠢ ᠶᠢᠨ ᠡᠳᠦᠷ ᠭᠡᠭᠴᠢ ᠶᠣᠰᠣᠲᠠᠢ ᠡᠪᠦᠯ ᠤᠨ ᠰᠢᠨᠵᠢ ᠲᠠᠢ ᠬᠠᠪᠤᠷ ᠤᠨ ᠵᠢᠬᠡᠭᠦᠨ ᠡᠳᠦᠷ ᠪᠠᠶᠢᠪᠠ᠃ ᠥᠷᠯᠥᠭᠡ ᠶᠢᠨ ᠬᠤᠭᠤᠯᠠᠨ ᠤ | ᠲᠠᠷᠠᠭ᠎ᠠ᠂ ᠪᠢ ᠤᠤᠯ ᠤᠨ ᠵᠤᠷᠰᠢᠯ ᠢᠶᠠᠷ ᠢᠶᠠᠨ ᠬᠤᠶᠢᠲᠤ ᠠᠭᠤᠯᠠᠨ ᠵᠦᠭ ᠠᠯᠬᠤᠯᠠᠬᠤ ᠪᠠᠷ ᠶᠠᠪᠤᠬᠤ ᠭᠡᠵᠦ ᠪᠠᠶᠢᠲᠠᠯ᠎ᠠ ᠡᠬᠡᠨᠡᠷ ᠮᠢᠨᠢ ᠭᠡᠨᠡᠳᠲᠡ ᠶᠠᠭᠤ ᠨᠢᠭᠡ ᠶᠢ | ᠰᠠᠨᠠᠨ ᠣᠯᠵᠤ᠄ ︽ᠬᠥᠶ᠋ᠢ᠂ ᠡᠨᠡ ᠡᠳᠦᠷ ᠴᠢᠨᠢ ᠬᠠᠩᠰᠢ ᠶᠢᠨ ᠡᠳᠦᠷ ᠪᠢᠰᠢ ᠤᠤ︖ ᠦᠨᠦᠭᠢ ᠥᠨᠥᠴᠢᠨ ᠪᠤᠯᠠᠰᠢᠨ ᠤ ᠳᠣᠲᠣᠨᠣ ᠨᠠᠶᠢᠵᠠ ᠳᠠᠭᠠᠨ ᠰᠣᠷᠭᠤᠭ | ᠴᠡᠴᠡᠭ ᠭᠦᠷᠭᠡᠭᠦ ᠪᠠᠨ ᠮᠠᠷᠲᠠᠴᠢᠬᠠᠪᠠ ᠤᠤ︖︾ ᠭᠡᠵᠦ ᠮᠢᠨᠤ ᠰᠠᠨᠠᠭᠠᠨ ᠳᠤ ᠨᠡᠶᠢᠴᠡᠭᠦᠯᠦᠨ ᠰᠠᠨᠠᠭᠤᠯᠤᠨ ᠭᠡᠯᠡᠭᠦ ᠳᠤ ᠨᠢ ᠪᠢ ᠡᠭ ᠮᠡᠭ ᠭᠡᠵᠦ ᠪᠠᠭ᠋ᠠᠨ ᠲᠠᠲᠠᠭᠠᠯᠵᠠᠨ | ᠡᠪ ᠦᠭᠡᠶᠢᠬᠡᠨ ᠢᠨᠢᠶᠡᠰᠬᠢᠭᠡᠳ᠄ ︽ᠮᠡᠲᠡᠵᠦ ᠪᠠᠶᠢᠨ᠎ᠠ ᠰᠢᠤ᠂ ᠪᠢ ᠴᠢᠨᠢ ᠠᠷᠠᠢ ᠪᠠᠰᠠ ᠲᠡᠶᠢᠮᠦ ᠯᠠ ᠮᠠᠷᠲᠠᠮᠠᠲᠠᠭᠠᠢ ᠠᠮᠢᠳᠠᠨ ᠪᠣᠯᠴᠢᠬᠠᠭᠰᠠᠨ ᠪᠢᠰᠢ ᠳ᠋ᠡ᠂ | ᠦᠦᠷ ᠤᠨ ᠵᠡᠭᠦᠳᠦ ᠦᠨᠡᠨ ᠪᠠᠶᠢᠳᠠᠭ ᠭᠡᠳᠡᠭᠴᠢᠯᠡᠨ ᠥᠴᠥᠭᠡᠳᠦᠷ ᠰᠥᠨᠢ ᠬᠠᠷᠢᠨ ᠪᠢ ᠨᠢᠭᠡᠨ ᠬᠠᠴᠢᠨ ᠵᠡᠭᠦᠳᠦ ᠵᠡᠭᠦᠳᠦᠯᠡᠵᠦ ᠦᠨᠦᠭᠢ ᠥᠨᠥᠴᠢᠨ ᠪᠤᠯᠠᠰᠢᠨ ᠤ | ᠡᠵᠡᠨ ᠨᠢ ᠠᠩᠭᠢᠷ ᠭᠡᠲᠡᠭ ᠪᠦᠰᠡᠭᠦᠢ ᠨᠠᠳᠠ ᠲᠠᠢ ᠠᠭᠤᠯᠵᠠᠨ ᠰᠠᠯᠤᠯᠲᠠ ᠶᠢᠨ ᠶᠣᠰᠣ ᠭᠦᠢᠴᠡᠳᠬᠡᠨ ᠬᠤᠳᠠ ᠶᠢᠨ ᠲᠡᠭᠦᠷᠭᠡ ᠶᠢᠨ ᠸᠠᠨ ᠰᠧᠦ ᠶᠤᠸᠠᠨ ᠬᠡᠮᠡᠭᠴᠢ | ᠤᠯᠠᠨ ᠨᠡᠶᠢᠲᠡ ᠶᠢᠨ ᠤᠩᠭᠤᠨ ᠤ ᠭᠠᠵᠠᠷ ᠨᠡᠭᠦᠭᠡᠳ ᠶᠠᠪᠤᠴᠢᠬᠠᠭᠰᠠᠨ ᠭᠡᠨ᠎ᠡ︾ ᠭᠡᠵᠦ ᠳᠥᠭᠦᠮᠬᠡᠨ ᠬᠡᠯᠡᠭᠡᠳ ᠦᠨᠦᠭᠢ ᠲᠣᠳᠣᠬᠠᠨ ᠪᠥᠭᠡᠳ ᠰᠣᠨᠢᠬᠠᠨ ᠵᠡᠭᠦᠳᠦ ᠪᠠᠨ | ᠦᠭᠡ ᠲᠠᠭᠤ ᠥᠩᠭᠡ ᠪᠤᠲᠤᠭ ᠨᠡᠮᠡᠷᠢᠯᠡᠨ ᠦᠷᠭᠦᠯᠵᠢᠯᠡᠨ ᠶᠠᠷᠢᠯ᠎ᠠ ᠁ ᠰᠢᠷ᠎ᠠ ᠪᠦᠷᠦᠢ ᠪᠣᠯᠪᠠ᠂ ᠬᠡᠳᠦᠬᠡᠨ ᠬᠤᠨᠳᠠᠭ᠎ᠠ ᠠᠷᠢᠬᠢᠨ ᠳᠠᠭᠠᠨ ᠬᠠᠯᠠᠰᠴᠢᠬᠠᠭᠠᠳ | ᠬᠡᠯᠪᠡᠩ ᠳᠠᠯᠪᠠᠩ ᠭᠡᠯᠲᠦᠷᠢᠭᠰᠡᠭᠡᠷ ᠨᠢᠭᠡ ᠮᠡᠲᠡᠭᠦ ᠳᠤ ᠪᠠᠰᠠ ᠦᠨᠦᠭᠢ ᠪᠣᠷᠣ ᠣᠷᠣᠢ ᠳᠡᠭᠡᠷ᠎ᠡ ᠪᠠᠨ ᠢᠷᠡᠴᠢᠬᠡᠪᠡ᠃ ᠰᠣᠭᠲᠣᠭᠤ ᠨᠢᠳᠦ ᠪᠠᠨ ᠰᠡᠶᠢᠮᠡᠶᠢᠯᠭᠡᠨ ᠡᠶᠢᠰᠢ | ᠲᠡᠶᠢᠰᠢ ᠪᠠᠨ ᠬᠠᠷᠠᠬᠤᠶ᠎ᠠ ᠠᠩᠭᠢᠷ ᠤᠨ ᠪᠤᠯᠠᠰᠢᠨ ᠤ ᠡᠮᠦᠨ᠎ᠡ ᠨᠢᠭᠡᠨ ᠥᠨᠳᠥᠷᠬᠡᠨ ᠨᠠᠶᠢᠭᠤᠯᠵᠠᠭᠤᠷ ᠪᠡᠶ᠎ᠡ ᠲᠠᠢ᠂ ᠤᠯᠠᠭᠠᠪᠲᠤᠷ ᠴᠠᠭᠠᠨ ᠴᠢᠷᠠᠢ ᠲᠠᠢ᠂ ᠲᠣᠮᠣ ᠠᠯᠠᠭ | ᠨᠢᠳᠦ ᠲᠠᠢ ᠰᠢᠨᠡᠬᠡᠨ ᠨᠣᠭᠤᠭᠠᠨ ᠲᠡᠷᠯᠢᠭ ᠡᠮᠦᠰᠦᠭᠰᠡᠨ ᠳᠥᠴᠢᠭᠡᠳ ᠨᠠᠰᠤᠨ ᠤ ᠡᠮᠡᠭᠲᠡᠢ ᠰᠠᠬᠤᠯᠢᠭ ᠵᠤᠵᠠᠭᠠᠨ ᠠᠷᠴᠠ ᠶᠢᠨ ᠳᠤᠮᠳᠠ ᠢᠨᠢᠶᠡᠮᠰᠦᠭᠯᠡᠨ ᠵᠣᠭᠰᠣᠨ᠎ᠠ᠃ | ᠪᠢ ᠳᠣᠲᠣᠷ᠎ᠠ ᠪᠠᠨ ︽ᠡᠨᠡ ᠪᠠᠷᠤᠭ ᠬᠤᠷᠢᠮ ᠨᠠᠶᠢᠷ ᠲᠤ ᠤᠷᠤᠯᠴᠠᠭᠰᠠᠨ ᠬᠤᠳᠠ ᠶᠢᠨ ᠮᠣᠩᠭᠤᠯ ᠶᠤᠮ ᠤᠤ᠂ ᠮᠠᠯ ᠲᠥᠯ ᠢᠶᠠᠨ ᠡᠷᠢᠵᠦ ᠶᠠᠪᠤᠭ᠎ᠠ ᠬᠥᠳᠡᠭᠡ ᠶᠢᠨ | ᠮᠠᠯᠴᠢᠨ ᠪᠠᠶᠢᠬ᠎ᠠ ᠁︾ ᠭᠡᠵᠦ ᠪᠤᠲᠤᠭᠠᠳ ᠬᠠᠵᠠᠭᠤ ᠪᠠᠷ ᠨᠢ ᠵᠥᠷᠢᠵᠦ ᠭᠠᠷᠲᠠᠯ᠎ᠠ ᠲᠡᠷᠡ ᠡᠮᠡᠭᠲᠡᠢ᠄ ︽ᠬᠥᠶ᠋ᠢ᠂ ᠬᠠ᠊ ᠭᠤᠸᠠᠢ ᠠ᠋᠂ ᠠᠰ ᠠᠭᠤᠯᠵᠠᠭᠠᠳ ᠪᠠᠰᠠ | ᠠᠮᠤᠷ ᠮᠡᠨᠲᠦ ᠶᠢᠨ ᠪᠡᠯᠭᠡ ᠦᠭᠡᠢ ᠲᠠ ᠴᠢᠨᠢ ᠮᠣᠩᠭᠤᠯ ᠬᠥᠮᠥᠨ ᠮᠥᠨ ᠤᠤ︖ ᠪᠢ ᠠᠩᠭᠢᠷ ᠪᠠᠶᠢᠨ᠎ᠠ᠂ ᠪᠢ ᠲᠠᠨ ᠲᠠᠢ ᠰᠠᠯᠬᠤ ᠶᠣᠰᠣ ᠭᠦᠢᠴᠡᠳᠬᠡᠬᠦ ᠪᠠᠷ | ᠢᠷᠡᠪᠡ᠂ ᠲᠠ ᠨᠠᠳᠠ ᠶᠢ ᠠᠯᠪᠢᠨ ᠴᠢᠳᠬᠦᠷ ᠭᠡᠵᠦ ᠠᠶᠤᠵᠤ ᠵᠢᠭᠰᠢᠭᠦ ᠦᠭᠡᠢ ᠪᠣᠯ ᠨᠠᠭᠠᠰᠢ ᠪᠠᠨ ᠢᠷ᠎ᠡ︾ ᠭᠡᠵᠦ ᠢᠨᠢᠶᠡᠮᠰᠦᠭᠯᠡᠨ ᠭᠡᠯᠡᠭᠦ ᠳᠤ ᠨᠢ ᠥᠩᠭᠡ ᠵᠢᠰᠦ ᠨᠢ | ᠶᠠᠭ ᠯᠠ ᠳᠠᠭᠢᠨᠢ ᠮᠡᠲᠦ ᠭᠤᠶᠦ ᠡᠷᠬᠢᠮᠰᠦᠭ ᠬᠠᠷᠠᠭᠳᠠᠨ᠎ᠠ᠃ ᠪᠢ ᠤᠭᠲᠤ ᠲᠦᠲᠡᠭᠡᠯᠵᠡᠯ ᠦᠭᠡᠢ ᠪᠠᠷ᠄ ︽ᠰᠡᠳᠬᠢᠯ ᠳᠡᠭᠡᠨ ᠭᠡᠮ ᠦᠭᠡᠢ ᠪᠢ ᠶᠠᠭᠤᠨ ᠳᠤ ᠲᠠᠨ ᠠᠴᠠ | ᠠᠶᠤᠬᠤ ᠪᠤᠢ᠂ ᠲᠠᠨ ᠳᠤ ᠪᠠᠰᠠ ᠮᠠᠭᠤ ᠰᠠᠨᠠᠭ᠎ᠠ ᠮᠤᠰᠢᠭᠠᠢ ᠪᠤᠳᠤᠯ ᠦᠭᠡᠢ ᠭᠡᠲᠡᠭ ᠢ ᠪᠢ ᠢᠲᠡᠭᠡᠨ᠎ᠡ᠂ ᠲᠠᠭᠢᠭᠠᠳ ᠬᠡᠯᠡᠪᠡᠯ ᠪᠢᠲᠡ ᠬᠤᠶᠠᠭᠤᠯᠠ ᠴᠢᠨᠢ ᠴᠡᠪᠡᠷ | ᠴᠠᠶᠢᠯᠭᠠᠨ ᠪᠥᠭᠡᠳ ᠴᠢᠩ ᠦᠨᠡᠨᠴᠢ ᠨᠥᠬᠦᠷᠯᠡᠯ ᠲᠠᠢ ᠰᠠᠶᠢᠨ ᠨᠠᠶᠢᠵᠠ ᠰᠢᠤ ᠳ᠋ᠡ᠂ ᠪᠢ ᠲᠠᠨ ᠢ ᠪᠠᠨ ᠪᠠᠶᠠᠷᠯᠠᠨ ᠤᠭᠲᠤᠶ᠎ᠠ᠂ ᠲᠠᠨ ᠲᠠᠢ ᠣᠯᠵᠤ | ᠠᠭᠤᠯᠵᠠᠭᠰᠠᠨ ᠳᠠᠭᠠᠨ ᠪᠠᠶᠠᠷᠯᠠᠨ ᠣᠮᠣᠭᠰᠢᠵᠤ ᠪᠠᠶᠢᠨ᠎ᠠ︾ ᠭᠡᠵᠦ ᠤᠭᠲᠤᠨ ᠣᠴᠢᠭᠠᠳ ᠬᠤᠶᠠᠷ ᠭᠠᠷ ᠢ ᠨᠢ ᠴᠢᠩᠭᠠᠬᠠᠨ ᠠᠳᠬᠤᠪᠠ᠃ ᠲᠡᠭᠦᠨ ᠤ ᠭᠠᠷ ᠨᠢ ᠭᠦᠪ | ᠬᠦᠢᠲᠡᠨ ᠬᠠᠮᠤᠭ ᠪᠡᠶ᠎ᠡ ᠠᠴᠠ ᠨᠢ ᠬᠥᠷᠥᠰᠥ ᠰᠢᠷᠣᠢ ᠶᠢᠨ ᠦᠨᠦᠷ ᠬᠠᠩᠬᠤᠯᠵᠤ ᠪᠠᠶᠢᠯ᠎ᠠ᠃ ᠲᠡᠷᠡ ᠴᠦ ᠲᠤᠩ ᠰᠡᠳᠬᠢᠯ ᠬᠥᠳᠡᠯᠵᠦ᠄ ︽ᠨᠠᠳᠠ ᠶᠢ ᠨᠠᠶᠢᠵᠠ | ᠲᠠᠨᠢᠭᠰᠠᠨ ᠳᠤ ᠴᠢᠨᠢ ᠪᠠᠶᠠᠷᠯᠠᠨ ᠲᠠᠯᠠᠷᠬᠠᠵᠤ ᠪᠠᠶᠢᠨ᠎ᠠ᠂ ᠤᠲᠤ ᠪᠢ ᠤᠯᠠᠨ ᠨᠡᠶᠢᠲᠡ ᠶᠢᠨ ᠤᠩᠭᠤᠨ ᠳᠤ ᠨᠡᠭᠦᠭᠦ ᠪᠣᠯᠬᠤᠷ ᠲᠠᠨ ᠲᠠᠢ ᠨᠢᠭᠡ ᠠᠭᠤᠯᠵᠠᠭᠠᠳ ᠶᠠᠪᠤᠶ᠎ᠠ | ᠭᠡᠰᠡᠨ ᠶᠤᠮ᠂ ᠲᠥᠭᠡᠯᠡᠵᠦ ᠲᠦᠷᠦᠭᠰᠡᠨ ᠪᠡᠶ᠎ᠡ᠂ ᠲᠣᠭᠠᠯᠠᠵᠤ ᠲᠠᠯᠪᠢᠭᠰᠠᠨ ᠨᠠᠰᠤ ᠭᠡᠳᠡᠭᠴᠢᠯᠡᠨ ᠪᠢ ᠪᠣᠯ ᠲᠡᠷᠭᠡᠨ ᠠᠲᠡᠯ ᠢᠶᠠᠷ ᠲᠤᠷᠭᠤᠨ ᠨᠠᠰᠤᠯᠠᠭᠰᠠᠨ ᠲᠡᠨᠦᠭᠦᠯ | ᠰᠦᠨᠡᠰᠦ ᠪᠣᠯᠬᠤᠷ ᠡᠷᠯᠢᠭ ᠤᠨ ᠣᠷᠣᠨ ᠢᠶᠠᠷ ᠠᠷᠪᠠᠨ ᠬᠡᠳᠦᠨ ᠵᠢᠯ ᠲᠡᠨᠦᠭᠦᠴᠢᠯᠡᠵᠦ ᠶᠠᠪᠤᠯ᠎ᠠ᠃ ᠶᠠᠭᠤ ᠪᠣᠯᠤᠭᠰᠠᠨ ᠴᠦ ᠡᠷᠯᠢᠭ ᠤᠨ ᠬᠠᠭᠠᠨ ᠲᠠᠷᠠᠭ᠎ᠠ ᠵᠢᠯ | ᠨᠠᠳᠠ ᠳᠤ ᠲᠦᠷᠦᠯ ᠣᠯᠭᠤᠬᠤ ᠶᠤᠮ ᠭᠡᠨ᠎ᠡ᠂ ᠲᠠᠨ ᠤ ᠬᠦᠷᠭᠡᠭᠰᠡᠨ ᠠᠷᠪᠠᠨ ᠪᠠᠭᠴᠠ ᠰᠣᠷᠭᠤᠭ ᠴᠡᠴᠡᠭ ᠴᠢᠨᠢ ᠮᠢᠨᠤ ᠤᠶᠢᠳᠬᠠᠷ ᠢ ᠰᠡᠷᠭᠦᠭᠡᠨ ᠡᠯᠡᠢ ᠬᠤᠯᠠᠢ | ᠠᠮᠢᠳᠤᠷᠠᠯ ᠳᠤ ᠮᠢᠨᠢ ᠡᠭᠦᠷᠢᠳᠡ ᠶᠢᠨ ᠬᠠᠨᠢ ᠪᠣᠯᠣᠭᠰᠠᠭᠠᠷ ᠠ᠋ ᠁︾ ᠭᠡᠵᠦ ᠦᠭᠡ ᠪᠠᠨ ᠴᠦ ᠬᠡᠯᠡᠵᠦ ᠭᠠᠷᠬᠤ ᠦᠭᠡᠢ ᠮᠡᠭᠰᠢᠨ ᠤᠭᠢᠯᠠᠨ᠎ᠠ᠃ ᠪᠢ ᠴᠦ ᠰᠡᠳᠬᠢᠯ | ᠤᠶᠠᠷᠠᠵᠤ᠄ ︽ᠳᠡᠩᠳᠡᠭᠦᠦ ᠪᠢᠲᠡᠭᠡᠢ ᠵᠣᠪᠠ ᠠ᠋᠂ ᠦᠬᠦᠵᠦ ᠲᠦᠷᠦᠭᠦ ᠭᠡᠭᠴᠢ ᠲᠦᠮᠡᠨ ᠪᠣᠳᠠᠰ ᠤᠨ ᠵᠢᠮ᠎ᠡ ᠶᠣᠰᠣ ᠪᠣᠯᠬᠤᠷ ᠬᠡᠨ ᠨᠢ ᠴᠦ ᠭᠡᠳ ᠳᠤᠲᠠᠭᠠᠵᠤ ᠲᠡᠶᠢᠯᠭᠦ | ᠦᠭᠡᠢ ᠶᠤᠮ᠂ ᠵᠦᠪᠭᠡᠨ ᠡᠷᠲᠡ ᠣᠷᠣᠢ ᠬᠡᠳᠦᠨ ᠵᠢᠯ ᠤᠨ ᠤᠴᠢᠷ ᠯᠠ ᠪᠢᠵᠡ᠂ ᠲᠠ ᠲᠡᠭᠡᠭᠡᠳ ᠠᠲᠡ ᠪᠠᠨ ᠠᠮᠤᠷᠯᠢᠩᠭᠤᠢ ᠨᠦᠢᠷᠰᠤᠪᠠᠯ ᠪᠣᠯᠴᠢᠬᠠᠨ᠎ᠠ ᠰᠢᠳᠡ᠂ | ᠶᠠᠭᠤᠨ ᠳᠤ ᠨᠢ ᠵᠠᠪᠠᠯ ᠨᠡᠭᠦᠵᠦ ᠶᠠᠪᠤᠬᠤ ᠪᠤᠢ︖︾ ᠭᠡᠵᠦ ᠰᠣᠨᠢᠭᠤᠴᠢᠯᠠᠨ ᠠᠰᠠᠭᠤᠪᠠᠯ ᠲᠡᠷᠡ᠄ ︽ᠬᠡᠯᠡᠪᠡᠯ ᠪᠠᠰᠠ ᠦᠭᠡ ᠣᠯᠠᠳᠠᠵᠤ ᠦᠯᠢᠭᠡᠷ ᠤᠷᠲᠤ ᠪᠣᠯᠣᠨ᠎ᠠ᠂ | ᠮᠠᠯᠵᠢᠯ ᠤᠨ ᠠᠵᠢᠯ ᠢ ᠬᠠᠮᠢᠶᠠᠷᠴᠤ ᠪᠠᠶᠢᠬᠤ ᠰᠤᠮᠤᠨ ᠳᠠᠷᠤᠭ᠎ᠠ ᠬᠦᠦ ᠮᠢᠨᠢ ᠨᠤᠲᠤᠭ ᠣᠷᠣᠨ ᠤ ᠪᠠᠨ ᠬᠥᠭᠵᠢᠯ ᠲᠠᠪᠰᠢᠯ ᠤᠨ ᠲᠥᠯᠥᠭᠡ ᠡᠨᠡ ᠠᠭᠤᠯᠠᠨ ᠳᠤ ᠤᠯᠠᠨ | ᠵᠦᠢᠯ ᠤᠨ ᠮᠣᠳᠣ ᠲᠠᠷᠢᠵᠦ ᠪᠠᠶᠢᠭᠠᠯᠢ ᠶᠢᠨ ᠴᠡᠴᠡᠷᠯᠢᠭ ᠪᠠᠶᠢᠭᠤᠯᠬᠤ ᠶᠤᠮ ᠭᠡᠨ᠎ᠡ᠂ ᠲᠡᠭᠡᠭᠡᠳ ᠯᠠ ᠨᠠᠳᠠ ᠶᠢ ᠸᠠᠨ ᠰᠧᠦ ᠶᠤᠸᠠᠨ ᠭᠡᠲᠡᠭ ᠨᠡᠶᠢᠲᠡ ᠶᠢᠨ ᠤᠩᠭᠤᠨ ᠤ | ᠭᠠᠵᠠᠷ ᠨᠡᠭᠦᠯᠭᠡᠭᠰᠡᠨ ᠨᠢ ᠡᠨᠡ ᠠ᠋᠂ ᠮᠢᠨᠤ ᠬᠦᠦ ᠪᠣᠯ ᠠᠶᠢᠯ ᠤᠯᠠᠨ ᠳᠠᠭᠠᠨ ᠢᠲᠡᠭᠡᠯ ᠬᠦᠨᠳᠦᠲᠡᠢ ᠰᠢᠯᠢᠳᠡᠭ ᠺᠠᠳ᠋ᠷ᠂ ᠶᠠᠭᠤ ᠬᠢᠵᠦ ᠶᠠᠭᠠᠬᠢᠵᠤ ᠬᠢᠬᠦ ᠪᠠᠨ ᠲᠣᠳᠣᠷᠬᠠᠢ | ᠮᠡᠳᠡᠳᠡᠭ ᠤᠬᠠᠭᠠᠨ ᠲᠠᠢ ᠬᠦᠦ ᠪᠣᠯᠬᠤᠷ ᠲᠡᠭᠦᠨ ᠤ ᠲᠥᠯᠥᠭᠡ ᠪᠢ ᠳᠠᠩᠳᠠ ᠣᠮᠣᠭᠰᠢᠵᠤ ᠶᠠᠪᠤᠳᠠᠭ ᠰᠢᠤ ᠁︾ ᠭᠡᠵᠦ ᠪᠠᠶᠠᠷᠲᠠᠶᠢᠬᠠᠨ ᠭᠡᠯᠡᠭᠦ ᠳᠤ ᠨᠢ ᠪᠢ | ᠶᠠᠭᠤ ᠭᠡᠯᠡᠭᠦ ᠪᠠᠨ ᠣᠯᠵᠤ ᠶᠠᠳᠠᠨ ᠠᠯᠮᠠᠶᠢᠷᠠᠨ ᠵᠣᠭᠰᠣᠵᠤ ᠪᠠᠶᠢᠲᠠᠯ᠎ᠠ ᠥᠨᠳᠥᠷ ᠣᠭᠲᠠᠷᠭᠤᠢ ᠠᠴᠠ ᠨᠢᠭᠡᠨ ᠪᠥᠭᠡᠮ ᠴᠠᠭᠠᠨ ᠡᠭᠦᠯᠡ ᠭᠦᠪᠦᠯᠵᠡᠨ ᠳᠣᠭᠤᠭᠰᠢᠯᠠᠭᠰᠠᠭᠠᠷ | ᠶᠠᠮᠠᠷ ᠨᠢᠭᠡᠨ ᠰᠠᠬᠢᠭᠤᠯᠰᠤᠨ ᠢ ᠪᠤᠤ ᠮᠡᠳᠡ᠂ ᠠᠩᠭᠢᠷ ᠢ ᠲᠡᠷᠡ ᠡᠭᠦᠯᠡᠨ ᠳᠡᠭᠡᠷ᠎ᠡ ᠲᠠᠳᠠᠨ ᠭᠠᠷᠭᠠᠭᠠᠳ ᠠᠯᠭᠤᠷᠬᠠᠨ ᠳᠡᠭᠳᠡᠭᠰᠡᠭᠡᠷ ᠠᠯᠠᠭᠠᠨ ᠴᠢᠨᠡᠭᠡᠨ ᠲᠣᠯᠪᠤ ᠪᠣᠯᠣᠨ | ᠵᠠᠮᠬᠠᠷᠠᠵᠠᠢ ᠁ ᠭᠡᠵᠦ ᠤᠴᠢᠷ ᠲᠠᠢ ᠰᠠᠶᠢᠬᠠᠨ ᠵᠡᠭᠦᠳᠦ ᠪᠠᠨ ᠦᠯᠢᠭᠡᠷ ᠲᠤᠮᠤᠭ ᠰᠢᠭ᠋ ᠶᠠᠷᠢᠬᠤ ᠳᠤ ᠡᠬᠡᠨᠡᠷ ᠮᠢᠨᠢ ᠨᠠᠳᠠ ᠶᠢ ᠡᠯᠡᠭᠯᠡᠨ ᠢᠨᠢᠶᠡᠵᠦ᠄ ︽ᠴᠢ ᠴᠦ | ᠭᠡᠵᠦ ᠮᠥᠨ ᠬᠥᠭᠡᠷᠦᠬᠦᠢ ᠶᠤᠮ᠂ ᠵᠢᠷᠠ ᠭᠦᠷᠦᠮᠡᠭᠴᠡ ᠵᠥᠨᠥᠭᠰᠡᠨ ᠡᠪᠦᠭᠡᠨ ᠪᠣᠯᠴᠢᠬᠠᠵᠠᠢ᠃ ᠨᠢᠭᠡᠨ ᠵᠡᠭᠦᠳᠦ ᠶᠢ ᠴᠦ ᠪᠠᠰᠠ ᠦᠨᠡᠨ ᠶᠠᠭᠤᠮ᠎ᠠ ᠪᠣᠯᠭᠠᠨ ᠢᠲᠡᠭᠡᠭᠦ | ᠭᠡᠭᠴᠢ ᠦᠨᠡᠬᠡᠷ ᠴᠦ ᠢᠨᠢᠶᠡᠳᠦᠮ ᠲᠠᠢ ᠮᠤᠩᠬᠠᠭ ᠶᠠᠪᠤᠳᠠᠯ ᠪᠠᠶᠢᠨ᠎ᠠ᠂ ᠢᠯᠡᠭᠦᠦ ᠶᠠᠭᠤᠮ᠎ᠠ ᠪᠤᠲᠤᠬᠤ ᠬᠡᠷᠡᠭ ᠦᠭᠡᠢ ᠤᠲᠤ ᠪᠠᠷ ᠢᠶᠠᠨ ᠣᠴᠢᠵᠤ ᠦᠨᠦᠭᠢ ᠥᠨᠥᠴᠢᠨ | ᠪᠤᠯᠠᠰᠢᠨ ᠳᠠᠭᠠᠨ ᠨᠢᠭᠡ ᠪᠠᠭᠴᠠ ᠰᠣᠷᠭᠤᠭ ᠴᠡᠴᠡᠭ ᠬᠦᠷᠭᠡ ᠁︾ ᠭᠡᠵᠦ ᠨᠠᠳᠠ ᠶᠢ ᠵᠣᠷᠢᠭᠵᠢᠭᠤᠯᠤᠨ ᠭᠡᠯᠡᠭᠦ ᠳᠤ ᠨᠢ ᠪᠢ ᠴᠦ ᠬᠥᠭᠰᠡᠨ ᠪᠠᠶᠠᠷᠯᠠᠵᠤ ᠨᠢᠭᠡ | ᠪᠠᠭᠴᠠ ᠰᠣᠷᠭᠤᠭ ᠴᠡᠴᠡᠭ ᠢᠶᠠᠨ ᠲᠡᠪᠡᠷᠢᠨ ᠡᠷᠭᠢᠴᠡᠭᠦᠯᠦᠯ ᠳᠤᠷᠠᠳᠬᠠᠯ ᠳᠠᠭᠠᠨ ᠰᠣᠭᠲᠣᠭᠤᠷᠠᠨ ᠲᠦᠷᠭᠡᠯᠡᠨ ᠠᠯᠬᠤᠭᠰᠠᠭᠠᠷ ᠦᠨᠦᠭᠢ ᠪᠣᠷᠣ ᠳᠣᠪᠣᠴᠠᠭ ᠳᠡᠭᠡᠷ᠎ᠡ ᠪᠠᠨ | ᠬᠦᠷᠴᠦ ᠢᠷᠡᠭᠡᠳ ᠦᠵᠡᠬᠦᠶ᠎ᠡ ᠦᠨᠦᠭᠢ ᠪᠤᠯᠠᠰᠢ ᠨᠢᠭᠡᠨᠲᠡ ᠠᠭᠤᠳᠠᠯᠠᠭᠳᠠᠵᠦ ᠠᠪᠰᠠ ᠴᠢᠨᠳᠠᠷ ᠨᠢ ᠠᠯᠢ ᠬᠡᠳᠦᠶᠢᠨ ᠠᠯᠠᠭ᠎ᠠ ᠪᠣᠯᠣᠭᠠᠳ ᠣᠩᠭᠤᠶᠢᠭᠰᠠᠨ | ᠨᠦᠭᠡᠨ ᠳᠤ ᠨᠢ ᠡᠳᠦᠢ ᠲᠡᠳᠦᠢ ᠴᠢᠯᠠᠭᠤ ᠬᠠᠶᠠᠭᠳᠠᠵᠤ ᠴᠢᠯᠠᠭᠤᠨ ᠫᠠᠶᠢᠯᠤᠤ ᠨᠢ ᠴᠦ ᠬᠠᠵᠠᠭᠤ ᠲᠡᠶᠢᠰᠢ ᠪᠠᠨ ᠬᠠᠵᠠᠶᠢᠵᠤ ᠤᠨᠠᠭᠠᠳ ᠬᠡᠳᠦᠬᠡᠨ ᠦᠰᠦᠭ ᠨᠢ | ᠲᠣᠳᠣᠬᠠᠨ ᠬᠠᠷᠠᠭᠳᠠᠨ᠎ᠠ᠃ ︽ᠠ᠋ ᠁ ᠠ᠋ ᠁ ᠡᠨᠡ ᠴᠢᠨᠢ ᠶᠠᠭᠠᠬᠢᠴᠢᠬᠠᠪᠠ︖︾ ᠭᠡᠵᠦ ᠰᠣᠴᠢᠨ ᠭᠠᠶᠢᠬᠠᠵᠤ ᠠᠯᠮᠠᠶᠢᠷᠠᠨ ᠲᠦᠭᠳᠡᠷᠡᠭᠰᠡᠨ ᠢᠶᠠᠨ ᠬᠡᠰᠡᠭ | ᠤᠳᠠᠮᠠᠭᠴᠠ ᠡᠭᠡᠭᠡ ᠯᠠ ᠡᠯᠢᠭᠡ ᠵᠢᠷᠦᠬᠡ ᠶᠢ ᠠᠭᠤᠳᠠᠯᠠᠭᠰᠠᠨ ᠰᠢᠭ᠋ ᠬᠥᠨᠳᠡᠢ ᠬᠤᠭᠤᠰᠤᠨ ᠪᠣᠯᠣᠭᠠᠳ ᠡᠵᠡᠭᠦᠢ ᠬᠡᠭᠡᠷ᠎ᠡ ᠬᠠᠶᠠᠭᠳᠠᠭᠰᠠᠨ ᠥᠨᠥᠴᠢᠨ ᠬᠡᠦᠬᠡᠳ ᠰᠢᠭ | ᠭᠤᠲᠤᠷᠠᠪᠠ᠃ ᠠᠢ ᠳ᠋ᠠ᠂ ᠬᠥᠭᠡᠷᠦᠬᠦᠢ ᠡᠨᠡ ᠪᠤᠯᠠᠰᠢ ᠪᠣᠯ ᠮᠢᠨᠤ ᠠᠷᠪᠠᠨ ᠵᠢᠯ ᠤᠨ ᠳᠣᠲᠣᠨᠣ ᠨᠠᠶᠢᠵᠠ ᠶᠤᠮ᠂ ᠠᠯᠠᠭ ᠬᠤᠷᠸ᠎ᠠ ᠶᠢᠨ ᠪᠠᠶᠠᠷᠯᠠᠯ ᠭᠤᠨᠢᠭᠯᠠᠯ᠂ | ᠤᠴᠠᠷᠠᠯ ᠬᠠᠭᠠᠴᠠᠯ ᠭᠡᠭᠴᠢ ᠡᠶᠢᠮᠦ ᠯᠠ ᠬᠡᠴᠡᠭᠦᠦ ᠤᠤ ᠭᠡᠵᠦ ᠤᠶᠠᠷᠠᠬᠤ ᠰᠡᠳᠬᠢᠯ ᠲᠥᠷᠥᠭᠳᠡᠵᠦ ᠤᠴᠢᠷ ᠲᠠᠢ ᠰᠠᠶᠢᠬᠠᠨ ᠳᠤᠷᠠᠳᠬᠠᠯ ᠳᠠᠭᠠᠨ ᠰᠣᠭᠲᠣᠭᠤᠷᠠᠵᠠᠢ᠃ | 2012 ᠣᠨ ᠤ ᠬᠠᠩᠰᠢ ᠶᠢᠨ ᠡᠮᠦᠨ᠎ᠡ ᠡᠳᠦᠷ ᠪᠠᠶᠢᠵᠤ ᠪᠢᠯᠡ᠂ ᠤᠷᠪᠠᠭᠠᠨ ᠬᠥᠷᠪᠡᠭᠡᠨ ᠲᠠᠢ ᠨᠡᠶᠢᠭᠡᠮ ᠤᠨ ᠡᠭᠡᠳᠡᠷᠡᠭᠡᠨ ᠪᠤᠳᠤᠯᠢᠶᠠᠨᠲᠠᠢ ᠠᠮᠢᠳᠤᠷᠠᠯ ᠤᠨ | ᠲᠠᠯᠠᠢ ᠳᠤ ᠥᠨᠥᠴᠢᠨ ᠳᠠᠷᠪᠠᠭᠤᠯ ᠮᠡᠲᠦ ᠥᠭᠰᠥᠨ ᠤᠷᠤᠭᠤᠳᠠᠭᠰᠠᠭᠠᠷ ᠶᠠᠳᠠᠷᠠᠵᠤ ᠲᠦᠢᠯᠳᠠᠭᠰᠠᠨ ᠪᠢ ᠡᠶᠢᠮᠦ ᠲᠡᠶᠢᠮᠦ ᠰᠢᠯᠲᠠᠭᠠᠨ ᠢᠶᠠᠷ ᠤᠷᠢᠳᠴᠢᠯᠠᠨ | ᠠᠵᠢᠯ ᠠᠴᠠ ᠪᠠᠨ ᠠᠮᠠᠷᠠᠭᠰᠠᠨ ᠠᠴᠠ ᠡᠭᠡᠭᠡ ᠯᠠ ᠰᠦᠷᠦᠭ ᠠᠴᠠ ᠪᠠᠨ ᠰᠠᠯᠤᠭᠰᠠᠨ ᠰᠢᠷᠬ᠎ᠠ ᠲᠠᠢ ᠬᠤᠨ ᠰᠢᠭ᠋ ᠭᠡᠶᠦᠷᠡᠨ ᠠᠯᠬᠤᠭᠰᠠᠭᠠᠷ ᠡᠨᠡ ᠳᠣᠪᠣᠴᠠᠭ ᠳᠡᠭᠡᠷ᠎ᠡ | ᠠᠩᠬ᠎ᠠ ᠤᠳᠠᠭ᠎ᠠ ᠢᠷᠡᠭᠰᠡᠨ ᠢᠶᠠᠨ ᠲᠣᠳᠣᠷᠬᠠᠢ ᠴᠡᠭᠡᠵᠢᠯᠡᠭᠰᠡᠭᠡᠷ ᠁ ᠦᠳᠡᠰᠢ ᠶᠢᠨ ᠤᠯᠠᠪᠤᠷ ᠲᠤᠯᠤᠩ ᠠᠭᠤᠯᠠ ᠲᠠᠯ᠎ᠠ ᠶᠢ ᠶᠢᠰᠦᠨ ᠥᠩᠭᠡ ᠪᠠᠷ ᠪᠤᠳᠤᠭᠯᠠᠵᠤ | ᠬᠠᠪᠤᠷ ᠤᠨ ᠤᠷᠢᠬᠠᠨ ᠰᠠᠯᠭᠢ ᠪᠡᠶ᠎ᠡ ᠴᠣᠭᠴᠠ ᠶᠢ ᠮᠢᠨᠢ ᠡᠶᠡᠪᠡᠷᠭᠦᠤ ᠪᠠᠷ ᠢᠯᠪᠢᠨ ᠣᠨᠴᠠ ᠲᠠᠭᠠᠯᠠᠮᠵᠢᠲᠠᠢ ᠪᠠᠶᠢᠪᠠ᠃ ᠪᠢ ᠨᠢᠭᠡ ᠭᠤᠳᠣᠯᠢ ᠲᠠᠮᠠᠭᠢ ᠨᠣᠴᠣᠭᠠᠵᠤ | ᠣᠷᠴᠢᠨ ᠲᠣᠭᠤᠷᠢᠨ ᠢᠶᠠᠨ ᠠᠵᠢᠭᠯᠠᠨ ᠰᠠᠭᠤᠲᠠᠯ᠎ᠠ ᠠᠷᠪᠠᠭᠠᠳ ᠯᠠ ᠮᠧᠲᠷ ᠤᠨ ᠡᠮᠦᠨ᠎ᠡ ᠨᠢᠭᠡᠨ ᠵᠢᠵᠢᠭᠬᠡᠨ ᠴᠢᠯᠠᠭᠤᠨ ᠣᠪᠣᠭ᠎ᠠ ᠬᠠᠷᠠᠭᠳᠠᠪᠠ᠂ ᠰᠣᠨᠢᠭᠤᠴᠢ | ᠵᠠᠩ ᠢᠶᠠᠷ ᠢᠶᠠᠨ ᠬᠠᠵᠠᠭᠤ ᠳᠤ ᠨᠢ ᠣᠴᠢᠵᠤ ᠦᠵᠡᠬᠦ ᠳᠤ ᠬᠥᠭᠡᠷᠦᠬᠦᠢ ᠨᠢᠭᠡᠨ ᠥᠨᠥᠴᠢᠨ ᠪᠤᠯᠠᠰᠢ ᠪᠠᠶᠢᠵᠤ ᠳ᠋ᠠ᠂ ᠨᠠᠷᠢᠪᠴᠢᠯᠠᠨ ᠠᠵᠢᠭᠯᠠᠪᠠᠯ ᠥᠨᠳᠡᠭᠡᠨ ᠴᠠᠭᠠᠨ | ᠴᠢᠯᠠᠭᠤᠳ ᠢᠶᠠᠷ ᠬᠥᠮᠥᠷᠢᠭᠰᠡᠨ ᠲᠣᠭᠤᠭ᠎ᠠ ᠮᠡᠲᠦ ᠣᠪᠣᠭᠠᠯᠠᠵᠤ ᠪᠣᠰᠬᠠᠭᠰᠠᠨ ᠪᠤᠯᠠᠰᠢ ᠪᠠᠶᠢᠭᠰᠠᠨ ᠪᠠ ᠡᠮᠦᠨ᠎ᠡ ᠨᠢ ᠵᠢᠵᠢᠭ ᠫᠠᠶᠢᠯᠤᠤ ᠪᠣᠰᠬᠠᠵᠤ ︽1971 ᠣᠨ ᠤ | 6 ᠰᠠᠷ᠎ᠠ ᠶᠢᠨ 17 ᠤ ᠡᠳᠦᠷ ᠠᠴᠠ 2012 ᠣᠨ ᠤ 1 ᠰᠠᠷ᠎ᠠ ᠶᠢᠨ 21 ᠤ ᠡᠳᠦᠷ ᠠᠩᠭᠢᠷ ᠤᠨ ᠪᠤᠯᠠᠰᠢ︾ ᠭᠡᠵᠦ ᠪᠢᠴᠢᠵᠦ ᠪᠠᠶᠢᠪᠠ᠃ ᠲᠡᠭᠦᠨ ᠤ ᠭᠠᠳᠠᠭᠤᠷᠭᠢ | ᠳᠥᠷᠪᠡ ᠲᠠᠪᠤᠨ ᠳᠥᠷᠪᠡᠯᠵᠢᠨ ᠮᠧᠲᠷ ᠤᠨ ᠲᠠᠯᠠᠪᠠᠢ ᠶᠢ ᠨᠢᠳᠤᠷᠭᠠᠨ ᠴᠢᠨᠡᠭᠡᠨ ᠬᠥᠬᠡ ᠴᠢᠯᠠᠭᠤᠳ ᠢᠶᠠᠷ ᠲᠤᠭᠤᠷ ᠤᠨ ᠬᠡᠯᠪᠡᠷᠢᠲᠡᠢ ᠬᠦᠷᠢᠶᠡᠯᠡᠵᠦ ᠤᠩᠭᠤᠨ ᠤ | ᠬᠦᠷᠢᠶ᠎ᠡ ᠪᠤᠯᠭᠠᠭᠰᠠᠨ ᠨᠢ ᠬᠡᠦᠬᠡᠳ ᠤᠨ ᠨᠠᠭᠠᠳᠤᠮ ᠭᠡᠮᠡᠷ ᠶᠠᠯᠢ ᠦᠭᠡᠶᠢᠬᠡᠨ ᠬᠠᠷᠠᠭᠳᠠᠨ᠎ᠠ᠃ ᠴᠢ ᠴᠦ ᠴᠣᠬᠤᠮ ᠬᠥᠭᠡᠷᠦᠬᠦᠢ ᠳ᠋ᠡ᠂ ᠶᠠᠭᠤᠨ ᠳᠤ ᠡᠶᠢᠮᠦ ᠵᠠᠯᠠᠭᠤ ᠪᠠᠷ | ᠢᠶᠠᠨ ᠡᠷᠯᠢᠭ ᠲᠤ ᠮᠣᠷᠳᠠᠭᠰᠠᠨ ᠪᠤᠢ᠂ ᠵᠢᠷᠭᠠᠯ ᠲᠠᠢ ᠦᠬᠦᠬᠦ ᠪᠠᠷ ᠢᠶᠠᠨ ᠵᠤᠪᠠᠯᠠᠩ ᠲᠠᠢ ᠠᠮᠢᠳᠤᠷᠠᠭᠰᠠᠨ ᠨᠢ ᠬᠤᠯᠠ ᠳᠡᠭᠡᠷ᠎ᠡ ᠰᠢᠤ᠂ ᠲᠡᠶᠢᠮᠦ ᠠᠴᠠ ᠠᠮᠢᠳᠤ ᠶᠠᠪᠤᠪᠠᠯ | ᠠᠯᠳᠠᠨ ᠠᠶᠠᠭᠠᠨ ᠠᠴᠠ ᠤᠰᠤ ᠤᠤᠭᠤᠨ᠎ᠠ ᠭᠡᠲᠡᠭ ᠶᠤᠮ ᠠ᠋᠃ ᠴᠢᠮ᠎ᠠ ᠶᠢ ᠪᠤᠲᠤᠪᠠᠯ ᠪᠢ ᠪᠠᠰᠠ ᠪᠤᠶᠠᠨ ᠲᠠᠢ ᠬᠥᠮᠥᠨ ᠳ᠋ᠡ᠂ ᠬᠡᠳᠦᠢ ᠮᠠᠭᠤ ᠪᠤᠯᠪᠠᠴᠤ ᠠᠲᠡ | ᠥᠷᠪᠤᠶᠢᠵᠦ ᠵᠣᠭᠰᠣᠵᠤ ᠪᠠᠶᠢᠬᠤ ᠪᠢᠰᠢ ᠤᠤ ᠁ ᠭᠡᠵᠦ ᠪᠤᠲᠤᠬᠤᠶᠠ ᠠᠲᠠᠭ᠎ᠠ ᠵᠢᠲᠥᠭᠡ ᠲᠠᠢ ᠠᠮᠢᠳᠤᠷᠠᠯ ᠤᠨ ᠵᠠᠮ ᠲᠡᠭᠡᠷᠡᠭᠢ ᠠᠯᠢᠪᠠ ᠨᠤᠭᠤᠷᠠᠯ ᠪᠦᠳᠦᠷᠢᠯ ᠠᠴᠠ | ᠪᠣᠯᠤᠭᠰᠠᠨ ᠰᠡᠭᠦᠷᠡᠰᠦ ᠠᠯᠳᠠᠵᠤ ᠰᠡᠳᠬᠢᠯ ᠡᠮᠲᠡᠷᠡᠮ᠎ᠡ ᠲᠡᠳᠡᠭᠡᠷ ᠤᠴᠠᠷᠠᠯ ᠤᠳ ᠬᠥᠬᠡᠮᠳᠦᠭ ᠣᠭᠲᠠᠷᠭᠤᠢ ᠶᠢᠨ ᠭᠦᠪᠡᠭᠡ ᠦᠭᠡᠢ ᠬᠠᠶᠠᠭᠠᠨ ᠳᠤ ᠰᠢᠩᠭᠡᠨ ᠠᠭᠤᠰᠴᠤ | ᠪᠢᠯᠡ᠃ ᠠᠩᠬ᠎ᠠ ᠠᠭᠤᠯᠵᠠᠭᠰᠠᠨ ᠡᠨᠡ ᠪᠤᠯᠠᠰᠢ ᠨᠠᠳᠠ ᠳᠤ ᠶᠢᠷᠲᠢᠨᠴᠦ ᠶᠢᠨ ᠰᠠᠶᠢᠬᠠᠨ ᠢ ᠮᠡᠳᠡᠷᠡᠭᠦᠯᠵᠦ᠂ ᠠᠮᠢᠳᠤᠷᠠᠯ ᠤᠨ ᠰᠠᠶᠢᠬᠠᠨ ᠢ ᠠᠮᠲᠠᠯᠠᠭᠤᠯᠤᠨ | ᠠᠮᠢᠳᠤᠷᠠᠬᠤ ᠶᠢᠨ ᠢᠲᠡᠭᠡᠯ ᠢ ᠬᠥᠪᠴᠢᠯᠡᠵᠦ᠂ ᠮᠢᠨᠤ ᠭᠤᠲᠤᠷᠠᠩᠭᠤᠢ ᠰᠡᠳᠬᠢᠯ ᠢ ᠨᠠᠮᠢᠷᠠᠭ᠎ᠠ ᠬᠤᠷ᠎ᠠ ᠰᠢᠭ᠋ ᠤᠮᠳᠠᠯᠠᠭᠰᠠᠨ ᠪᠢᠯᠡ᠃ ᠲᠡᠭᠡᠭᠡᠳ ᠯᠠ ᠪᠢ ︽ | ᠦᠬᠡᠷ ᠢᠶᠠᠷ ᠲᠤᠰᠠᠯᠠᠵᠤ ᠲᠡᠶᠢᠯᠭᠦ ᠦᠭᠡᠢ ᠪᠤᠯᠪᠠᠴᠤ ᠦᠭᠡ ᠪᠠᠷ ᠢᠶᠠᠨ ᠲᠤᠰᠠᠯᠠᠶ᠎ᠠ ᠳ᠋ᠠ︾ ᠭᠡᠰᠡᠨ ᠨᠢᠭᠡ ᠯᠠ ᠥᠭᠭᠢᠶᠡᠮᠦᠷᠴᠢ ᠪᠤᠲᠤᠯ ᠢᠶᠠᠷ ᠢᠶᠠᠨ ᠡᠨᠡ ᠨᠠᠶᠢᠵᠠ ᠳᠠᠭᠠᠨ | ᠠᠷᠪᠠᠨ ᠵᠢᠯ ᠳᠠᠷᠠᠭᠠᠯᠠᠨ ᠰᠣᠷᠭᠤᠭ ᠴᠡᠴᠡᠭ ᠬᠦᠷᠭᠡᠭᠰᠡᠨ ᠨᠢ ᠡᠨᠡ ᠪᠠᠶᠢᠵᠠᠢ᠃ ᠭᠡᠨᠡᠳᠲᠡ ︽ᠳ᠋ᠢᠳ ᠁ ᠳ᠋ᠢᠳ ᠁︾ ᠭᠡᠬᠦ ᠲᠠᠭᠤᠨ ᠳᠤ ᠰᠣᠴᠢᠰᠬᠢᠨ | ᠠᠵᠢᠭᠯᠠᠪᠠᠯ ᠠᠯᠪᠠᠨ ᠪᠠᠶᠢᠭᠤᠯᠭ᠎ᠠ ᠶᠢᠨ ᠬᠡᠳᠦᠨ ᠵᠠᠭᠤᠨ ᠠᠯᠪᠠᠳᠠᠨ ᠺᠠᠳ᠋ᠷᠴᠤᠳ ᠮᠣᠳᠣ ᠲᠠᠷᠢᠬᠤ ᠪᠠᠷ ᠢᠷᠡᠵᠡᠭᠡᠵᠦ ᠪᠠᠶᠢᠯ᠎ᠠ᠃ | | | | |