ᠤᠷᠠᠳ ᠤᠨ ᠳᠤᠮᠳᠠᠳᠤ ᠬᠤᠰᠢᠭᠤᠨ ᠤ ᠬᠠᠯᠢᠭᠤᠳᠤ ᠪᠠᠯᠭᠠᠰᠤᠨ ᠤ ᠪᠤᠵᠠᠷ ᠤᠰᠤ ᠶᠢ ᠭᠠᠳᠠᠭᠰᠢᠯᠠᠭᠤᠯᠬᠤ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠲᠦᠷᠦᠯ ᠵᠦᠢᠯ ᠤᠨ ᠵᠠᠮ ᠪᠢᠲᠡᠭᠦᠮᠵᠢᠯᠡᠬᠦ ᠠᠵᠢᠯ ᠢ ᠬᠡᠷᠡᠭᠵᠢᠭᠦᠯᠬᠦ ᠲᠤᠬᠠᠢ ᠠᠯᠪᠠᠨ ᠵᠠᠷ
ᠨᠡᠶᠢᠲᠡᠯᠡᠭᠰᠡᠨ ᠴᠠᠭ᠄
2023/7/14
ᠥᠷᠭᠡᠨ ᠤᠯᠠᠨ ᠬᠤᠳᠠ ᠶᠢᠨ ᠠᠷᠠᠳ ᠨᠠᠶᠢᠵᠠ ᠨᠠᠷ ᠡ᠄      ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠥᠪᠰᠢᠶᠡᠷᠡᠯ ᠢᠶᠠᠷ᠂ ᠬᠤᠰᠢᠭᠤᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ ᠨᠢ ︽ᠤᠷᠠᠳ ᠤᠨ ᠳᠤᠮᠳᠠᠳᠤ ᠬᠤᠰᠢᠭᠤᠨ ᠤ ᠬᠠᠯᠢᠭᠤᠳᠤ ᠪᠠᠯᠭᠠᠰᠤᠨ ᠤ ᠪᠤᠵᠠᠷ ᠤᠰᠤ ᠶᠢ ᠭᠠᠳᠠᠭᠰᠢᠯᠠᠭᠤᠯᠬᠤ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ︾ ᠢ ᠨᠢᠭᠡᠨᠲᠡ ᠡᠬᠢᠯᠡᠨ ᠬᠡᠷᠡᠭᠵᠢᠭᠦᠯᠵᠦ᠂ ᠬᠠᠯᠢᠭᠤᠳᠤ ᠪᠠᠯᠭᠠᠰᠤᠨ ᠤ ᠬᠡᠪᠴᠢᠶᠡᠨ ᠳᠠᠬᠢ ᠬᠤᠲᠠ ᠶᠢᠨ ᠶᠠᠪᠤᠳᠠᠯ ᠤᠨ ᠵᠠᠮ ᠳᠤ ᠪᠢᠲᠡᠭᠦᠮᠵᠢᠯᠡᠬᠦ ᠬᠡᠯᠪᠡᠷᠢ ᠶᠢᠨ ᠪᠠᠷᠢᠯᠭ᠎ᠠ ᠶᠢᠨ ᠠᠷᠭ᠎ᠠ ᠬᠡᠮᠵᠢᠶ᠎ᠡ ᠶᠢ ᠠᠪᠬᠤ ᠪᠠᠷ ᠪᠤᠯᠪᠠ᠂ ᠡᠳᠦᠭᠡ 2023 ᠣᠨ ᠤ 7 ᠰᠠᠷ᠎ᠠ ᠶᠢᠨ 17 ᠤ ᠡᠳᠦᠷ ᠠᠴᠠ 7 ᠰᠠᠷ᠎ᠠ ᠶᠢᠨ ᠰᠡᠭᠦᠯᠴᠢ ᠪᠣᠯᠲᠠᠯ᠎ᠠ ᠳᠣᠣᠷᠠᠬᠢ ᠵᠠᠮ ᠢ ᠪᠢᠲᠡᠭᠦᠮᠵᠢᠯᠡᠬᠦ ᠪᠠᠷ ᠲᠥᠯᠥᠪᠯᠡᠵᠦ ᠪᠠᠶᠢᠨ᠎ᠠ᠄      1᠂ ᠬᠤᠨ ᠭᠠᠯᠠᠭᠤ ᠶᠡᠭᠡ ᠵᠡᠭᠡᠯᠢ ︵ᠬᠠᠯᠢᠭᠤᠳᠤ ᠵᠠᠮ — ᠰᠢᠨᠡᠬᠦ᠋ᠷᠢᠶ᠎ᠡ ᠵᠠᠮ ︶︔      2᠂ ᠬᠠᠰᠠᠷ ᠶᠡᠭᠡ ᠵᠡᠭᠡᠯᠢ ︵ᠦᠵᠦᠬᠦᠷ ᠭᠤᠣᠯ ᠵᠠᠮ —  ᠭᠠᠨ ᠴᠢᠤᠸᠠᠨ ᠵᠠᠮ︶︔     3᠂ ᠪᠦᠳᠦᠭᠡᠨ ᠪᠠᠶᠢᠭᠤᠯᠤᠯᠲᠠ ᠶᠢᠨ ᠵᠠᠮ ︵ᠤᠯᠠᠭᠠᠨ ᠶᠡᠭᠡ ᠵᠡᠭᠡᠯᠢ — ᠡᠮᠦᠨ᠎ᠡ ᠶᠡᠭᠡ ᠵᠡᠭᠡᠯᠢ︶︔     4᠂  ᠵᠠᠮ ᠬᠠᠷᠢᠯᠴᠠᠭᠠᠨ ᠤ ᠵᠠᠮ ︵ᠤᠯᠠᠭᠠᠨ ᠶᠡᠭᠡ ᠵᠡᠭᠡᠯᠢ  — ᠡᠮᠦᠨ᠎ᠡ ᠶᠡᠭᠡ ᠵᠡᠭᠡᠯᠢ︶︔     5᠂ ᠬᠠᠯᠢᠭᠤᠳᠤ ᠵᠠᠮ ︵ᠶᠦᠨ ᠶᠢᠩ ᠶᠡᠭᠡ ᠵᠡᠭᠡᠯᠢ — ᠬᠤᠨ ᠭᠠᠯᠠᠭᠤ ᠶᠡᠭᠡ ᠵᠡᠭᠡᠯᠢ︶᠃     ᠵᠢᠱᠢᠯᠲᠡ ᠪᠠᠷ ᠨᠡᠪᠲᠡᠷᠡᠬᠦᠯᠬᠦ ᠪᠠᠷ ᠪᠠᠶᠢᠭ᠎ᠠ ᠵᠠᠮ ᠤᠨ ᠬᠡᠰᠡᠭ᠄      1᠂ ᠬᠠᠲᠠᠢ ᠵᠠᠮ  ︵ᠬᠤᠨ ᠭᠠᠯᠠᠭᠤ ᠶᠡᠭᠡ ᠵᠡᠭᠡᠯᠢ  — ᠡᠳ᠋ ᠤᠨ ᠵᠠᠰᠠᠭ ᠤᠨ ᠲᠤᠪᠴᠢᠶᠠᠨ ᠤ ᠡᠮᠦᠨᠡᠭᠢ ᠲᠤᠰᠤᠨ ᠵᠠᠮ︶︔     2᠂ ᠦᠭᠡᠷᠡᠴᠢᠯᠡᠯᠲᠡ ᠭᠦᠭᠵᠢᠬᠦᠯᠦᠯᠲᠡ ᠵᠠᠮ ︵  ᠭᠠᠨ ᠴᠢᠤᠸᠠᠨ ᠵᠠᠮ  — ᠴᠤᠩᠵᠢ ᠵᠠᠮ︶᠃     ᠨᠢᠭᠡᠨᠲᠡ ᠪᠢᠲᠡᠭᠦᠮᠵᠢᠯᠡᠭᠰᠡᠨ ᠵᠠᠮ ᠤᠨ ᠬᠡᠰᠡᠭ᠄     1᠂ ᠬᠤᠨ ᠭᠠᠯᠠᠭᠤ ᠶᠡᠭᠡ ᠵᠡᠭᠡᠯᠢ ︵ᠬᠠᠲᠠᠢ ᠵᠠᠮ — ᠰᠢᠨᠡᠬᠦ᠋ᠷᠢᠶ᠎ᠡ ᠵᠠᠮ ︶︔      2᠂ ᠦᠵᠦᠬᠦᠷ ᠭᠤᠣᠯ ᠵᠠᠮ ︵ᠬᠠᠰᠠᠷ ᠶᠡᠭᠡ ᠵᠡᠭᠡᠯᠢ  — ᠬᠠᠩᠭᠠᠢ ᠵᠡᠭᠡᠯᠢ︶︔      3᠂ ᠬᠠᠯᠢᠭᠤᠳᠤ ᠵᠠᠮ ︵ᠪᠠᠶᠠᠨ ᠵᠠᠮ — ᠴᠡᠴᠡᠷᠯᠢᠭ ᠵᠠᠮ︶᠃    ᠥᠷᠭᠡᠨ ᠤᠯᠠᠨ ᠬᠤᠳᠠ ᠶᠢᠨ ᠠᠷᠠᠳ ᠤᠨ ᠶᠠᠪᠤᠵᠤ ᠰᠠᠭᠤᠬᠤ ᠵᠠᠮ ᠱᠤᠭᠤᠮ ᠢᠶᠠᠨ ᠵᠣᠬᠢᠰᠲᠠᠢ ᠰᠣᠩᠭᠤᠵᠤ᠂ ᠪᠠᠷᠢᠯᠭ᠎ᠠ ᠶᠢᠨ ᠠᠵᠢᠯ ᠠᠴᠠ ᠠᠯᠢ ᠴᠢᠳᠠᠬᠤ ᠪᠠᠷ ᠵᠠᠶᠢᠯᠠᠰᠬᠢᠬᠦ ᠶᠢᠨ ᠬᠠᠮᠲᠤ ᠣᠶᠢᠯᠠᠭᠠᠨ ᠳᠡᠮᠵᠢᠬᠦ ᠶᠢ ᠬᠦᠰᠡᠵᠦ ᠪᠠᠶᠢᠨ᠎ᠠ᠃ ᠵᠠᠮ ᠱᠤᠭᠤᠮ ᠢ ᠵᠠᠰᠠᠵᠤ ᠰᠢᠨᠡᠳᠭᠡᠬᠦ ᠠᠴᠠ ᠪᠣᠯᠵᠤ ᠲᠠᠨ ᠳᠤ ᠳᠥᠭᠦᠮ ᠦᠭᠡᠢ ᠪᠣᠯᠤᠭᠰᠠᠨ ᠳᠤ ᠠᠭᠤᠴᠢᠯᠠᠭᠠᠷᠠᠢ᠃ ᠪᠠᠷᠢᠯᠭ᠎ᠠ ᠶᠢᠨ ᠠᠵᠢᠯ ᠡᠬᠢᠯᠡᠭᠰᠡᠨ ᠤ ᠳᠠᠷᠠᠭ᠎ᠠ ᠪᠢᠲᠡᠭᠦᠮᠵᠢᠯᠡᠬᠦ ᠵᠠᠮ ᠤᠨ ᠬᠡᠰᠡᠭ ᠢ ᠤᠷᠢᠳᠴᠢᠯᠠᠨ ᠵᠠᠷᠯᠠᠨ ᠨᠡᠶᠢᠲᠡᠯᠡᠨ᠎ᠡ᠂ ᠬᠤᠲᠠ ᠶᠢᠨ ᠠᠷᠠᠳ ᠨᠠᠷ ᠠᠯᠪᠠᠨ ᠵᠠᠷ ᠲᠤ ᠠᠩᠬᠠᠷᠤᠯ ᠢᠶᠠᠨ ᠬᠠᠨᠳᠤᠭᠤᠯᠬᠤ ᠶᠢ ᠬᠦᠰᠡᠵᠦ ᠪᠠᠶᠢᠨ᠎ᠠ᠃       ᠡᠭᠦᠨ ᠤ ᠲᠤᠯᠠ ᠣᠨᠴᠠᠭᠠᠶᠢᠯᠠᠨ ᠵᠠᠷᠯᠠᠪᠠ᠃                       ᠤᠷᠠᠳ ᠤᠨ ᠳᠤᠮᠳᠠᠳᠤ ᠬᠤᠰᠢᠭᠤᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ                                     2023 ᠣᠨ ᠤ  7 ᠰᠠᠷ᠎ᠠ ᠶᠢᠨ  13 ᠤ ᠡᠳᠦᠷ            
11.jpg 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ