ᠥᠷᠭᠡᠨ ᠤᠯᠠᠨ ᠬᠤᠳᠠ ᠶᠢᠨ ᠠᠷᠠᠳ ᠨᠠᠶᠢᠵᠠ ᠨᠠᠷ ᠡ᠄ | ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠥᠪᠰᠢᠶᠡᠷᠡᠯ ᠢᠶᠠᠷ᠂ ᠬᠤᠰᠢᠭᠤᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ | ᠪᠠᠶᠢᠭᠤᠯᠤᠯᠲᠠ ᠶᠢᠨ ᠲᠣᠪᠴᠢᠶ᠎ᠠ ᠨᠢ ︽ᠤᠷᠠᠳ ᠤᠨ ᠳᠤᠮᠳᠠᠳᠤ ᠬᠤᠰᠢᠭᠤᠨ ᠤ ᠬᠠᠯᠢᠭᠤᠳᠤ ᠪᠠᠯᠭᠠᠰᠤᠨ ᠤ ᠪᠤᠵᠠᠷ ᠤᠰᠤ ᠶᠢ ᠭᠠᠳᠠᠭᠰᠢᠯᠠᠭᠤᠯᠬᠤ ᠢᠨᠵᠧᠨᠧᠷᠢᠩ ᠤᠨ | ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ︾ ᠢ ᠨᠢᠭᠡᠨᠲᠡ ᠡᠬᠢᠯᠡᠨ ᠬᠡᠷᠡᠭᠵᠢᠭᠦᠯᠵᠦ᠂ ᠬᠠᠯᠢᠭᠤᠳᠤ ᠪᠠᠯᠭᠠᠰᠤᠨ ᠤ ᠬᠡᠪᠴᠢᠶᠡᠨ ᠳᠠᠬᠢ ᠬᠤᠲᠠ ᠶᠢᠨ ᠶᠠᠪᠤᠳᠠᠯ | ᠤᠨ ᠵᠠᠮ ᠪᠢᠲᠡᠭᠦᠮᠵᠢᠯᠡᠬᠦ ᠬᠡᠯᠪᠡᠷᠢ ᠶᠢᠨ ᠪᠠᠷᠢᠯᠭ᠎ᠠ ᠶᠢᠨ ᠠᠷᠭ᠎ᠠ ᠬᠡᠮᠵᠢᠶ᠎ᠡ ᠶᠢ ᠠᠪᠬᠤ ᠪᠠᠷ ᠪᠤᠯᠪᠠ᠂ ᠡᠳᠦᠭᠡ 2023 ᠣᠨ ᠤ 4 ᠰᠠᠷ᠎ᠠ ᠶᠢᠨ 25 ᠤ ᠡᠳᠦᠷ ᠠᠴᠠ | 6 ᠰᠠᠷ᠎ᠠ ᠶᠢᠨ ᠳᠤᠮᠳᠠᠴᠢ ᠪᠣᠯᠲᠠᠯ᠎ᠠ ᠳᠣᠣᠷᠠᠬᠢ ᠵᠠᠮ ᠢ ᠪᠢᠲᠡᠭᠦᠮᠵᠢᠯᠡᠬᠦ ᠪᠠᠷ ᠲᠥᠯᠥᠪᠯᠡᠵᠦ ᠪᠠᠶᠢᠨ᠎ᠠ᠄ | 1᠂ ᠴᠡᠴᠡᠷᠯᠢᠭ ᠵᠠᠮ ︵ᠴᠡᠴᠡᠷᠯᠢᠭ ᠤᠨ ᠵᠡᠭᠦᠨ ᠵᠠᠮ ︱ ᠬᠠᠲᠠᠢ ᠵᠠᠮ︶︔ | 2᠂ ᠦᠵᠦᠭᠦᠷ ᠭᠤᠣᠯ ᠵᠠᠮ ︵ᠪᠠᠶᠠᠨ ᠵᠡᠭᠡᠯᠢ︱ ᠤᠯᠠᠭᠠᠨ ᠶᠡᠭᠡ ᠵᠡᠭᠡᠯᠢ︶︔ | 3᠂ ᠤᠯᠠᠭᠠᠨ ᠶᠡᠭᠡ ᠵᠡᠭᠡᠯᠢ ︵ᠦᠵᠦᠭᠦᠷ ᠭᠤᠣᠯ ᠵᠠᠮ ︱ ᠰᠣᠯᠣᠨ ᠬᠦᠢᠲᠡᠨ ᠬᠦᠮᠦᠷᠭᠡ ᠶᠢᠨ ᠡᠭᠦᠳᠡ ︶ ︔ | 4᠂ ᠳᠤᠮᠳᠠᠳᠤ ᠰᠤᠷᠭᠠᠭᠤᠯᠢ ᠵᠡᠭᠡᠯᠢ ︵ᠦᠵᠦᠭᠦᠷ ᠭᠤᠣᠯ ᠵᠠᠮ — ᠭᠠᠨ ᠴᠢᠤᠸᠠᠨ ᠵᠠᠮ︶᠃ | ᠥᠷᠭᠡᠨ ᠤᠯᠠᠨ ᠬᠤᠳᠠ ᠶᠢᠨ ᠠᠷᠠᠳ ᠤᠨ ᠶᠠᠪᠤᠵᠤ ᠰᠠᠭᠤᠬᠤ ᠵᠠᠮ ᠱᠤᠭᠤᠮ ᠢᠶᠠᠨ ᠵᠣᠬᠢᠰᠲᠠᠢ ᠰᠣᠩᠭᠤᠵᠤ᠂ ᠪᠠᠷᠢᠯᠭ᠎ᠠ ᠶᠢᠨ ᠠᠵᠢᠯ ᠠᠴᠠ ᠠᠯᠢ ᠴᠢᠳᠠᠬᠤ ᠪᠠᠷ | ᠵᠠᠶᠢᠯᠠᠰᠬᠢᠬᠦ ᠶᠢᠨ ᠬᠠᠮᠲᠤ ᠣᠶᠢᠯᠠᠭᠠᠨ ᠳᠡᠮᠵᠢᠬᠦ ᠶᠢ ᠬᠦᠰᠡᠵᠦ ᠪᠠᠶᠢᠨ᠎ᠠ᠃ ᠵᠠᠮ ᠱᠤᠭᠤᠮ ᠢ ᠵᠠᠰᠠᠵᠤ ᠰᠢᠨᠡᠳᠭᠡᠭᠰᠡᠨ ᠠᠴᠠ ᠪᠣᠯᠵᠤ ᠲᠠᠨ ᠳᠤ ᠳᠥᠭᠦᠮ ᠦᠭᠡᠢ | ᠪᠣᠯᠤᠭᠰᠠᠨ ᠳᠤ ᠠᠭᠤᠴᠢᠯᠠᠭᠠᠷᠠᠢ᠃ | ᠪᠠᠷᠢᠯᠭ᠎ᠠ ᠶᠢᠨ ᠠᠵᠢᠯ ᠡᠬᠢᠯᠡᠭᠰᠡᠨ ᠤ ᠳᠠᠷᠠᠭ᠎ᠠ ᠪᠢᠲᠡᠭᠦᠮᠵᠢᠯᠡᠬᠦ ᠵᠠᠮ ᠤᠨ ᠬᠡᠰᠡᠭ ᠢ ᠤᠷᠢᠳᠴᠢᠯᠠᠨ ᠵᠠᠷᠯᠠᠨ ᠨᠡᠶᠢᠲᠡᠯᠡᠨ᠎ᠡ᠂ ᠬᠤᠲᠠ ᠶᠢᠨ ᠠᠷᠠᠳ ᠨᠠᠷ ᠠᠯᠪᠠᠨ | ᠵᠠᠷ ᠲᠤ ᠠᠩᠬᠠᠷᠤᠯ ᠢᠶᠠᠨ ᠬᠠᠨᠳᠤᠭᠤᠯᠬᠤ ᠶᠢ ᠬᠦᠰᠡᠵᠦ ᠪᠠᠶᠢᠨ᠎ᠠ᠃ | ᠡᠭᠦᠨ ᠤ ᠲᠤᠯᠠ ᠣᠨᠴᠠᠭᠠᠶᠢᠯᠠᠨ ᠵᠠᠷᠯᠠᠪᠠ᠃ | | ᠤᠷᠠᠳ ᠤᠨ ᠳᠤᠮᠳᠠᠳᠤ ᠬᠤᠰᠢᠭᠤᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ | 2023 ᠣᠨ ᠤ 4 ᠰᠠᠷ᠎ᠠ ᠶᠢᠨ 21 ᠤ ᠡᠳᠦᠷ | | | | |