ᠪᠠ᠊ ᠪᠦᠭᠡ | ᠰᠢᠯᠢᠲᠡᠭ ᠰᠤᠶᠤᠯ ᠢᠶᠠᠨ ᠰᠤᠷᠤᠭᠴᠢᠳ ᠲᠤ ᠪᠠᠨ ᠤᠯᠠᠮᠵᠢᠯᠠᠨ᠎ᠠ | ᠨᠠᠶᠢᠭᠡᠮ ᠤᠨ ᠬᠦᠭᠵᠢᠯᠲᠡ᠂ ᠠᠮᠢ ᠠᠬᠤᠢ ᠶᠢᠨ ᠬᠤᠪᠢᠷᠠᠯᠲᠠ ᠶᠢ ᠲᠠᠭᠠᠯᠲᠤᠨ ᠬᠤᠲᠠ ᠤᠷᠤᠭᠰᠠᠨ ᠮᠠᠯᠴᠢᠳ ᠴᠦ ᠤᠯᠠᠰᠢᠷᠡᠵᠦ ᠡᠬᠢᠯᠡᠭᠰᠡᠨ ᠪᠠᠶᠢᠨ᠎ᠠ᠃ | ᠤᠯᠠᠩᠬᠢ ᠠᠶᠢᠯ ᠨᠢ ᠨᠢᠭᠡ ᠬᠤᠶᠠᠷ ᠭᠡᠤᠭᠡᠳ ᠲᠠᠢ ᠪᠠᠶᠢᠲᠠᠭ ᠪᠦᠭᠡᠳ ᠡᠷᠭᠡ ᠲᠤᠷ᠎ᠠ ᠪᠠᠷ ᠦᠰᠴᠤ᠂ ᠰᠠᠶ᠋ᠢ ᠯᠠ ᠤᠬᠠᠭ᠎ᠠ ᠤᠷᠤᠬᠤ ᠦᠶ᠎ᠠ ᠪᠢᠴᠢᠭ ᠨᠤᠮ ᠤᠨ ᠮᠦᠷ | ᠬᠠᠶᠢᠯᠭᠠᠨᠠ ᠭᠡᠵᠤ ᠬᠤᠲᠠ ᠤᠷᠤᠭᠰᠠᠨ ᠢᠶᠠᠷ ᠨᠡᠬᠦᠲᠡᠯ ᠰᠤᠶᠤᠯ᠂ ᠦᠨᠲᠦᠰᠦᠲᠡᠨ ᠤ ᠰᠤᠶᠤᠯ ᠢᠶᠠᠨ ᠰᠠᠶᠢᠨ ᠮᠡᠲᠡᠬᠦ ᠦᠭᠡᠢ᠂ ᠠᠴᠢᠯᠠᠯ ᠵᠢᠷᠤᠮ ᠢ ᠤᠶᠢᠯᠠᠭᠠᠬᠤ | ᠦᠭᠡᠢ᠂ ᠪᠠᠶ᠎ᠠ ᠪᠠᠨ ᠲᠠᠭᠠᠭᠠᠬᠤ ᠴᠢᠲᠠᠪᠤᠷᠢ ᠪᠠᠷ ᠴᠦ ᠠᠨᠠᠢ ᠪᠤᠯᠤᠭᠰᠠᠨ ᠪᠠᠶᠢᠨ᠎ᠠ᠃ ᠡᠨᠡᠬᠦ ᠪᠠᠶᠢᠲᠠᠯ ᠳᠤ ᠴᠢᠭᠯᠡᠬᠦᠯᠦᠨ ᠤᠷᠠᠨᠰᠤᠶᠤᠯ ᠪᠠᠭᠰᠢ ᠵᠢᠭᠠᠨ ᠰᠤᠷᠭᠠᠬᠤ | ᠠᠷᠭ᠎ᠠ ᠶᠢᠨ ᠰᠢᠨ᠎ᠡ ᠶᠢ ᠡᠬᠦᠲᠦᠨ᠂ ᠰᠤᠷᠤᠭᠴᠢᠳ ᠢᠶᠠᠨ ᠦᠢᠯᠡᠲᠦᠯᠭᠡ ᠳᠤ ᠤᠷᠤᠯᠴᠠᠭᠤᠯᠵᠤ᠂ ᠲᠤᠪᠤᠶᠢᠮ᠎ᠠ ᠠᠮᠵᠢᠯᠲᠠ ᠤᠯᠤᠭᠰᠠᠨ ᠪᠠᠶᠢᠨ᠎ᠠ᠃ | ᠠᠩᠭᠢ ᠶᠢᠨ ᠡᠷᠬᠢᠯᠡᠭᠴᠢ ᠪᠣᠯᠤᠭᠰᠠᠨ ᠤ ᠬᠤᠪᠢ ᠳᠤ᠂ ᠤᠷᠠᠨᠰᠤᠶᠤᠯ ᠪᠠᠭᠰᠢ ᠰᠤᠷᠤᠭᠴᠢᠳ ᠤᠨ ᠪᠡᠶᠡᠴᠢᠯᠠᠨ ᠣᠷᠣᠯᠴᠠᠬᠤ ᠢᠳᠡᠪᠬᠢᠵᠢᠯ ᠢ ᠭᠦᠢᠴᠡᠳ | ᠲᠠᠶᠢᠴᠢᠯᠠᠨ᠂ ᠰᠤᠷᠤᠭᠴᠢᠳ ᠤᠨ ᠪᠡᠶ᠎ᠡ ᠪᠠᠨ ᠳᠠᠭᠠᠭᠠᠬᠤ ᠴᠢᠳᠠᠪᠤᠷᠢ ᠶᠢᠨ ᠬᠦᠮᠦᠵᠢᠯ ᠢ ᠴᠢᠩᠭᠠᠳᠬᠠᠵᠤ᠂ ᠨᠡᠭᠦᠳᠡᠯ ᠦᠨᠳᠦᠰᠦᠲᠡᠨ ᠤ ᠦᠢᠯᠡᠳᠪᠦᠷᠢᠯᠡᠯ ᠠᠮᠢᠳᠤᠷᠠᠯ | ᠤᠨ ᠰᠣᠶᠣᠯ ᠢ ᠪᠠᠶᠠᠷ ᠬᠦᠷ ᠲᠠᠢ ᠪᠠᠷ ᠤᠷᠤᠯᠴᠠᠬᠤ ᠲᠤᠮᠲᠠ ᠰᠤᠷᠤᠯᠴᠠᠬᠤ᠂ ᠰᠤᠷᠤᠯᠴᠠᠬᠤ ᠲᠤᠮᠲᠠ ᠤᠶᠢᠯᠠᠭᠠᠬᠤ᠂ ᠤᠶᠢᠯᠠᠭᠠᠬᠤ ᠪᠠᠷ ᠲᠡᠮᠵᠢᠨ ᠡᠵᠡᠮᠰᠢᠬᠦ᠂ | ᠡᠵᠡᠮᠰᠢᠬᠦ ᠪᠠᠷ ᠲᠡᠮᠵᠢᠨ ᠵᠠᠯᠭᠠᠮᠵᠢᠯᠠᠨ ᠤᠯᠠᠮᠵᠢᠯᠠᠬᠤ ᠶᠢ ᠠᠩᠬᠠᠷᠤᠯ ᠳᠤ ᠪᠠᠨ ᠠᠪᠤᠭᠰᠠᠭᠠᠷ ᠢᠷᠡᠭᠰᠡᠨ ᠪᠠᠶᠢᠨ᠎ᠠ᠃ ᠲᠡᠷᠡ ᠦᠷᠬᠦᠯᠵᠢ ᠰᠤᠷᠤᠭᠴᠢ ᠪᠠᠨ ᠵᠣᠬᠢᠶᠠᠨ | ᠪᠠᠶᠢᠭᠤᠯᠤᠨ ᠬᠥᠳᠡᠭᠡ ᠪᠠᠭᠤᠵᠤ ᠠᠮᠢᠲᠤᠷᠠᠯ ᠳᠤ ᠬᠦᠨᠵᠡᠭᠡᠶᠢᠷᠡᠨ ᠪᠤᠲᠠᠲᠠᠢ ᠠᠵᠢᠯᠯᠠᠭ᠎ᠠ ᠳᠤ ᠪᠡᠶᠡᠴᠢᠯᠡᠨ ᠤᠷᠤᠯᠴᠠᠭᠤᠯᠬᠤ ᠶᠢᠨ ᠲᠠᠭᠠᠤ ᠵᠠᠩ ᠦᠢᠯᠡ ᠶᠢᠨ | ᠰᠤᠲᠤᠯᠭᠠᠲᠠᠨ ᠵᠡᠷᠭᠡ ᠨᠤᠲᠤᠭ ᠤᠨ ᠪᠤᠭᠤᠷᠤᠯᠴᠤᠳ ᠢ ᠤᠷᠢᠨ ᠵᠠᠯᠠᠵᠤ ︽ᠡᠷ᠎ᠡ ᠶᠢᠨ ᠭᠤᠷᠪᠠᠨ ᠨᠠᠭᠠᠳᠤᠮ︾ ︽ᠣᠪᠣᠭ᠎ᠠ ᠲᠠᠭᠢᠬᠤ︾ ︽ᠮᠤᠩᠭᠤᠯ ᠭᠡᠷ ᠢᠶᠠᠨ | ᠤᠶᠢᠯᠠᠭᠠᠶ᠎ᠠ︾ ︽ᠮᠣᠩᠭᠤᠯ ᠲᠡᠷᠯᠢᠭ ᠤᠨ ᠨᠢᠭᠤᠴᠠ︾ ︽ᠠᠷᠭᠠᠯ ᠲᠡᠭᠦᠬᠦ︾ ︽ᠱᠠᠭ᠎ᠠ᠂ ᠪᠤᠭᠤ ᠶᠢᠨ ᠰᠢᠳᠡᠷ᠎ᠠ︾ ᠲᠤᠭᠯᠠᠬᠤ ︽ᠪᠤᠤᠵᠠ ᠪᠠᠷᠢᠬᠤ︾ ︽ᠲᠡᠮᠡᠭᠡᠨ | ᠰᠤᠶᠤᠯ︾ ︽ᠬᠤᠷᠤᠳ ᠬᠢᠵᠦ ᠰᠤᠷᠤᠶ᠎ᠠ︾ ︽ᠢᠰᠡᠭᠡᠢ ᠤᠷᠠᠯᠠᠯ︾ ᠵᠡᠷᠭᠡ ᠦᠨᠲᠦᠰᠦᠲᠡᠨ ᠤ ᠤᠨᠴᠠᠯᠢᠭᠲᠤ ᠬᠢᠴᠢᠶᠠᠯ ᠢ ᠤᠷᠤᠭᠤᠯᠤᠭᠰᠠᠨ ᠢᠶᠠᠷ ᠬᠡᠦᠬᠡᠳ ᠲᠤ | ᠦᠨᠳᠦᠰᠦᠲᠡᠨ ᠤ ᠰᠣᠶᠣᠯ ᠢ ᠣᠶᠢᠯᠠᠭᠠᠭᠤᠯᠤᠭᠰᠠᠨ ᠮᠦᠷᠲᠡᠭᠡᠨ ᠰᠤᠷᠤᠯᠭ᠎ᠠ ᠶᠢᠨ ᠳᠠᠷᠤᠭᠠᠰᠤ ᠶᠢ ᠬᠥᠩᠭᠡᠷᠡᠭᠦᠯᠦᠭᠰᠡᠨ ᠪᠠᠶᠢᠨ᠎ᠠ᠃ ᠡᠬᠦᠨ ᠤ ᠲᠠᠭᠠᠤ ᠪᠠᠰᠠ ︽ᠨᠠᠮ | ᠳᠤ ᠪᠠᠨ ᠡᠷᠬᠦᠬᠦ ᠪᠡᠯᠡᠭ︾ ︽ᠲᠡᠯᠡᠭᠡᠢ ᠶᠢᠨ ᠪᠦᠮᠪᠦᠷᠴᠡᠭ ᠢᠶᠠᠨ ᠬᠠᠶᠢᠷᠠᠯᠠᠶ᠎ᠠ︾ ︽ᠪᠢ ᠪᠠᠭᠰᠢ ᠳᠤ ᠪᠠᠨ ᠬᠠᠶᠢᠷᠠᠲᠠᠢ︾ ︽ᠬᠦᠲᠡᠯᠮᠦᠷᠢ ᠢᠷᠠᠭᠤ ᠠᠯᠲᠠᠷᠲᠠᠢ︾ | ︽ᠪᠢᠴᠢᠬᠠᠨ ᠵᠤᠬᠢᠶᠠᠯᠴᠢ︾ ︽ᠨᠠᠷᠠᠨ ᠭᠡᠷᠡᠯᠲᠦ ᠲᠡᠮᠢᠷ ᠤᠨ ᠬᠦᠲᠡᠯᠭᠡᠭᠡᠨ︾᠂ ︽ᠠᠮᠢᠨ ᠭᠡᠯᠡ ᠰᠢᠯᠦᠭ ᠤᠨ ᠤᠷᠤᠯᠲᠤᠭᠠᠨ︾ ︽ᠮᠤᠩᠭᠤᠯ ᠦᠨᠲᠦᠰᠦᠲᠡᠨ ᠤ | ᠤᠯᠠᠮᠵᠢᠯᠠᠯᠲᠤ ᠬᠦᠭᠵᠢᠮ — ᠮᠤᠷᠢᠨ ᠬᠤᠭᠤᠷ︾ ︽ᠦᠨᠲᠦᠰᠦᠲᠡᠨ ᠤ ᠰᠤᠶᠤᠯ ᠢᠶᠠᠨ ᠤᠯᠠᠮᠵᠢᠯᠠᠶ᠎ᠠ︾ ᠭᠡᠬᠦ ᠭᠤᠤᠯ ᠰᠡᠲᠦᠪᠲᠤ ᠠᠵᠢᠯᠯᠠᠭ᠎ᠠ ᠶᠢ ᠵᠤᠬᠢᠶᠠᠨ | ᠪᠠᠶᠢᠭᠤᠯᠤᠨ ︽ᠠᠪᠤ ᠡᠵᠢ ᠶᠢᠨ ᠮᠢᠨᠢ ᠰᠤᠷᠭᠠᠯ︾ ︽ᠬᠦᠭᠡ ᠪᠠᠩᠵᠠᠯ ᠤᠨ ᠦᠯᠢᠭᠡᠷ︾ ︽ᠠᠯᠤᠩᠭᠤᠸ᠎ᠠ ᠡᠭᠡ ᠲᠠᠪᠤᠨ ᠮᠦᠰᠤ ᠪᠠᠷ ᠭᠡᠤᠭᠡᠳ ᠢᠶᠠᠨ ᠰᠤᠷᠭᠠᠭᠰᠠᠨ | ᠨᠢ︾ ︽ᠬᠦᠷᠡᠭᠴᠢ ᠦᠨᠢᠶ᠎ᠠ︾ ︽ᠵᠢᠭᠤᠲᠠᠭᠰᠠᠨ ᠭᠤᠲᠤᠯ︾ ︽ᠠᠯᠢᠮ᠎ᠠ ᠶᠢᠨ ᠮᠤᠲᠤ︾ ᠵᠡᠷᠭᠡ ᠬᠢᠴᠢᠶᠠᠯ ᠤᠨ ᠠᠭᠤᠯᠭ᠎ᠠ ᠶᠢ ᠵᠦᠴᠦᠭᠡ ᠪᠤᠯᠭᠠᠨ ᠨᠠᠶᠢᠷᠠᠭᠤᠯᠵᠤ᠂ | ᠰᠤᠷᠤᠭᠴᠢᠳ ᠢᠶᠠᠷ ᠲᠤᠭᠯᠠᠭᠤᠯᠤᠭᠰᠠᠨ ᠢᠶᠠᠷ ᠬᠢᠴᠢᠶᠠᠯ ᠤᠨ ᠠᠭᠤᠯᠭ᠎ᠠ ᠶᠢ ᠤᠯᠠᠮ ᠠᠮᠢᠲᠤᠯᠢᠭ ᠪᠤᠯᠭᠠᠨ᠂ ᠰᠤᠷᠤᠭᠴᠢᠳ ᠤᠨ ᠢᠲᠠᠪᠬᠢᠵᠢᠯ ᠢ ᠲᠠᠶᠢᠴᠢᠯᠠᠵᠤ | ᠴᠢᠲᠠᠭᠰᠠᠨ ᠪᠠᠶᠢᠨ᠎ᠠ᠃ | ᠭᠤᠴᠢᠭᠠᠳ ᠵᠢᠯ ᠤᠨ ᠲᠤᠷᠰᠢ᠂ ᠤᠷᠠᠨᠰᠤᠶᠤᠯ ᠪᠠᠭᠰᠢ ᠴᠠᠭ ᠢᠮᠠᠭᠲᠠ ᠪᠠᠶ᠎ᠠ ᠪᠠᠨ ᠴᠢᠩᠭ᠎ᠠ ᠱᠠᠭᠠᠷᠲᠠᠵᠤ᠂ ᠢᠳᠡᠪᠬᠢᠲᠡᠢ ᠠᠵᠢᠯᠯᠠᠨ᠂ ᠦᠰᠪᠦᠷᠢ ᠶᠢᠨ | ᠵᠢᠭᠠᠬᠠᠨ ᠭᠡᠤᠭᠡᠳ ᠲᠤ ᠡᠷᠲᠡᠮ ᠨᠤᠮ ᠵᠢᠭᠠᠵᠤ ᠦᠨᠲᠦᠰᠦᠲᠡᠨ ᠤ ᠰᠢᠯᠢᠲᠡᠭ ᠰᠤᠶᠤᠯ ᠢᠶᠠᠨ ᠤᠯᠠᠮᠵᠢᠯᠠᠭᠰᠠᠨ ᠢᠶᠠᠷ ᠪᠠᠷᠠᠬᠤ ᠦᠭᠡᠢ ᠤᠷᠢᠳ ᠬᠤᠵᠢᠳ ᠬᠤᠳᠠ᠂ | ᠣᠷᠣᠨ ᠤ ᠲᠡᠰ ᠤᠨ ᠬᠢᠴᠢᠶᠠᠯ ᠬᠦᠮᠦᠵᠢᠯ ᠤᠨ ᠰᠤᠲᠤᠯᠭᠠᠨ ᠤ ᠰᠡᠳᠦᠪ ︽ᠠᠩᠬᠢ ᠪᠣᠯ ᠬᠡᠦᠬᠡᠳ ᠤᠨ ᠴᠡᠩᠭᠡᠯ ᠤᠨ ᠤᠷᠲᠤᠨ︾ ᠪᠤᠯᠤᠨ ᠤᠯᠤᠰ ᠤᠨ ᠲᠡᠰ ᠤᠨ | ᠬᠢᠴᠢᠶᠠᠯ ᠬᠦᠮᠦᠵᠢᠯ ᠤᠨ ᠰᠤᠲᠤᠯᠭᠠᠨ ᠤ ᠰᠡᠳᠦᠪ ︽ᠨᠤᠲᠤᠭ ᠤᠨ ᠮᠢᠨᠢ ᠰᠣᠶᠣᠯ — ᠮᠢᠨᠦ ᠣᠮᠣᠭᠰᠢᠯ︾ ᠢ ᠠᠮᠵᠢᠯᠲᠠ ᠪᠡᠶᠡᠯᠡᠬᠦᠯᠦᠭᠰᠡᠨ ᠪᠠᠶᠢᠨ᠎ᠠ᠃ | | |